︵ᠭᠠᠳᠠᠨ᠎ᠠ ᠨᠢᠬᠡ︶ | ᠤᠮᠠᠷᠠᠳᠤ ᠤᠷᠤᠨ ᠳᠤ ᠳᠤᠭᠤᠷ ᠤᠨ ᠮᠤᠳᠤᠳ | ᠤᠯᠠᠷᠢᠯ ᠤᠨ ᠰᠠᠶᠢᠬᠠᠨ ᠢ ᠡᠷᠳᠡ ᠮᠡᠳᠡᠬᠡᠯᠡᠨ | ᠦᠩᠬᠡᠯᠢᠭ ᠴᠡᠴᠡᠭ ᠢᠶᠠᠨ ᠬᠡᠬᠡᠮᠰᠦᠭ ᠳᠡᠯᠬᠡᠬᠦ ᠳᠤ | ᠦᠷᠦᠬᠡᠯ ᠪᠤᠰᠤᠳ ᠤᠨ ᠪᠠᠭ᠋ᠠᠷᠬᠠᠯ ᠢ ᠳᠠᠳᠠᠨ᠎ᠠ | ᠳᠤᠭᠤᠷ ᠤᠨ ᠴᠡᠴᠡᠭ ᠢᠰᠪᠡᠯᠵᠡᠨ ᠳᠡᠯᠬᠡᠷᠡᠬᠦ ᠳᠤ | ᠳᠤᠭᠤᠢ ᠴᠢᠷᠠᠢ ᠲᠠᠢ ᠬᠡᠤᠬᠡᠨ ᠪᠤᠳᠤᠭᠳᠠᠨ᠎ᠠ | ᠳᠤᠪᠤ ᠶᠢᠨ ᠡᠩᠬᠡᠷ ᠲᠤ ᠵᠡᠷᠬᠡᠴᠡᠨ ᠰᠠᠭᠤᠭᠰᠠᠨ | ᠳᠤᠬᠠᠢ ᠶᠢᠨ ᠤᠴᠢᠷ ᠴᠡᠬᠡᠵᠢᠨ ᠳᠤ ᠪᠦᠷᠳᠦᠯᠵᠡᠨ᠎ᠡ | ᠳᠤᠭᠤᠷ ᠤᠨ ᠴᠡᠴᠡᠭ ᠤᠯᠠᠪᠠᠯᠵᠠᠨᠲ᠋ᠡᠯᠬᠡᠷᠡᠬᠦ ᠳᠤ | ᠳᠤᠷᠮᠤᠭᠤᠷ ᠨᠢᠳᠦ ᠲᠠᠢ ᠬᠡᠤᠬᠡᠨ ᠰᠠᠨᠠᠭᠳᠠᠨ᠎ᠠ | ᠳᠤᠭᠤᠯ ᠤᠨ ᠪᠡᠯᠴᠢᠬᠡᠷ ᠲᠤ ᠨᠢᠭᠤᠴᠠᠬᠠᠨ ᠪᠤᠯᠵᠤᠭᠰᠠᠨ | ᠳᠤᠷᠠᠳᠬᠠᠯ ᠤᠨ ᠤᠴᠢᠭ ᠰᠡᠳᠬᠢᠯ ᠳᠤ ᠰᠡᠮᠡᠷᠡᠨ᠎ᠡ | ᠳᠤᠭᠤᠷ ᠤᠨ ᠴᠡᠴᠡᠭ ᠶᠠᠭᠠᠷᠠᠨ ᠳᠡᠯᠬᠡᠷᠡᠬᠦ ᠳᠤ | ᠳᠤᠷᠭᠠᠨ ᠳᠡᠷᠯᠢᠭ ᠲᠠᠢ ᠬᠡᠤᠬᠡᠨ ᠡᠷᠢᠭᠳᠡᠨ᠎ᠡ | ᠳᠤᠷᠠᠯᠠᠯ ᠬᠠᠶᠢᠷ᠎ᠠ ᠪᠠᠨ ᠨᠠᠳᠠ ᠳᠤ ᠳᠤᠰᠢᠶᠠᠭᠰᠠᠨ | ᠳᠤᠷᠠᠰᠣᠯ ᠤᠨ ᠰᠢᠪᠡᠨᠡᠭᠡ ᠵᠢᠷᠦᠬᠡᠨ ᠳᠤ ᠡᠷᠬᠡᠯᠡᠨ᠎ᠡ | ᠳᠤᠭᠤᠷ ᠤᠨ ᠴᠡᠴᠡᠭ ᠢ ᠪᠠᠭ᠋ᠠᠷᠬᠠᠨ ᠪᠠᠶᠢᠭᠰᠠᠭᠠᠷ | ᠳᠤᠯᠤᠭᠠᠢ ᠬᠠᠯᠴᠠᠶᠢᠵᠤ ᠮᠠᠩᠨᠠᠢ ᠦᠷᠴᠢᠯᠡᠬᠡᠰᠦᠯᠡᠨᠡ | ᠵᠠᠯᠠᠭᠤ ᠽᠠᠨᠳᠠᠨ ᠢᠶᠠᠨ ᠡᠷᠬᠢᠴᠡᠬᠦᠯᠦᠨ ᠪᠤᠳᠤᠭᠰᠠᠭᠠᠷ | ᠵᠠᠵᠢᠨ ᠪᠤᠭᠤᠷᠤᠯᠳᠤᠵᠤ ᠨᠠᠰᠤ ᠬᠢᠷᠠᠭᠤᠳᠠᠨᠠ | ᠢᠷᠭᠤᠢ | ᠬᠠᠭᠳᠠ ᠢᠷᠡᠨ ᠨᠢᠳᠦ ᠪᠠᠨ ᠨᠡᠬᠡᠬᠡᠭᠰᠡᠨ | ᠬᠦᠰᠡᠯ ᠬᠤᠷᠤᠶᠢᠯᠠᠭᠰᠠᠨ ᠪᠢᠴᠢᠬᠠᠨ ᠠᠮᠢ | ᠬᠤᠷ᠎ᠠ ᠬᠦᠰᠡᠨ ᠨᠢᠭᠤᠷ ᠢᠶᠠᠨ ᠤᠬᠢᠶᠠᠭᠰᠠᠨ | ᠬᠠᠪᠤᠷᠵᠢᠶ᠎ᠠ ᠳᠠᠯᠠᠯᠤᠭᠰᠠᠨ ᠪᠡᠯᠬᠡ ᠶᠢᠨ ᠤᠭᠳᠤᠯ | ᠬᠠᠪᠤᠷ ᠴᠠᠭ ᠢᠶᠠᠷ ᠡᠷᠳᠡ ᠳᠡᠯᠬᠡᠷᠡᠭᠰᠡᠨ | ᠭᠦᠬᠡ ᠰᠢᠷ᠎ᠠ ᠰᠤᠷᠭᠤᠭ ᠴᠡᠴᠡᠭ | ᠬᠠᠨ ᠠᠭᠤᠯᠠ ᠶᠢᠨ ᠬᠤᠷᠮᠤᠢ ᠶᠢ ᠡᠮᠵᠢᠶᠡᠷᠢᠯᠡᠭᠰᠡᠨ | ᠬᠦᠳᠡᠭᠡ ᠨᠤᠳᠤᠭ ᠤᠨ ᠭᠤᠶᠤᠮᠰᠤᠭ ᠬᠡ | ᠬᠠᠳᠠᠨ ᠴᠢᠩᠭ᠎ᠠ ᠰᠦᠰᠦ ᠪᠠᠷ ᠠᠮᠢᠯᠠᠭᠰᠠᠨ | ᠬᠤᠪᠤᠷ ᠨᠠᠨᠳᠢᠨ ᠰᠢᠮ᠎ᠠ ᠳᠡᠵᠢᠬᠡᠯ | ᠬᠠᠭᠤᠴᠢ ᠠᠷᠬᠠᠭ ᠢ ᠰᠢᠳᠢ ᠪᠠᠷ ᠠᠨᠠᠭᠠᠭᠰᠠᠨ | ᠬᠤᠪᠢᠯᠭᠠᠨ ᠵᠠᠰᠠᠯ ᠡᠮᠳᠤ ᠤᠷᠬᠤᠳᠠᠢ | ᠬᠤᠩᠭᠤᠷ ᠵᠢᠷᠤᠬᠡ ᠶᠢ ᠦᠩᠭᠡ ᠪᠠᠷ ᠪᠤᠯᠢᠶᠠᠭᠰᠠᠨ | ᠬᠠᠶᠢᠷ᠎ᠠ ᠶᠢᠨ ᠴᠠᠭᠠᠨ ᠦᠬᠢᠨ ᠵᠠᠶᠠᠭ᠎ᠠ | ᠬᠠᠮᠤᠭ ᠪᠤᠳᠠᠰ ᠢ ᠵᠢᠰᠦ ᠪᠠᠷ ᠢᠴᠢᠬᠡᠭᠰᠡᠨ | ᠬᠤᠷᠸ᠎ᠠ ᠶᠢᠨ ᠰᠠᠶᠢᠬᠠᠨ ᠤᠷᠭᠤᠮᠠᠯ ᠤᠨ ᠳᠠᠬᠢᠨᠢ | ᠵᠤᠬᠢᠶᠠᠭᠴᠢ᠄ ᠳᠤᠭᠴᠢ ᠯᠤᠪᠰᠠᠩ ︵鲁布森 ᠂ ᠭᠠᠷ ᠤᠳᠠᠰᠤ᠄ 136 1487 6979᠂ | ᠬᠠᠶ᠋ᠢᠭ᠄ ᠦᠪᠦᠷ ᠮᠤᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ | ᠶᠢᠨ ᠪᠠᠭ᠎ᠠ ᠰᠤᠷᠭᠠᠭᠤᠯᠢ ︵内蒙古鄂尔多斯市 乌审旗蒙古族实验小 | 学︶᠂ ᠰᠢᠤᠳᠠᠨ ᠨᠤᠮᠧᠷ᠄ 017300 | | | | |