— ︿︿5.1﹀﹀ ᠤ ᠬᠦᠳᠡᠯᠮᠤᠷᠢᠴᠢᠳ ᠤᠨ ᠪᠠᠶᠠᠷ ᠤᠨ ᠡᠳᠤᠷ ᠲᠤ ᠵᠤᠷᠢᠭᠤᠯᠪᠠ | | ᠳᠡᠯᠡᠬᠡᠢ ᠬᠦᠳᠡᠯᠮᠤᠷᠢᠴᠢᠳ | ᠳᠡᠯᠬᠡᠷ ᠬᠤᠷᠸ᠎ᠠ | ᠳᠡᠬᠡᠳᠤᠰ ᠠᠴᠠ ᠡᠬᠦᠳᠤᠯ ᠲᠠᠢ | ᠳᠠᠷᠬᠠᠨ ᠳᠡᠯᠡᠬᠡᠢ | ᠵᠤᠨ ᠤ ᠨᠠᠷᠠᠨ ᠳᠤ | ᠬᠠᠷᠠᠯᠠᠳᠠᠯ᠎ᠠ ᠰᠢᠷᠠᠭᠳᠠᠵᠤ | ᠵᠤᠯᠠᠢ ᠶᠢᠨ ᠬᠦᠯᠦᠰᠦ ᠪᠠᠨ | ᠵᠢᠳᠬᠦᠯ ᠢᠶᠠᠨ ᠠᠭᠤᠷᠰᠢᠭᠤᠯᠵᠤ | ᠵᠠᠭᠤᠨ ᠵᠠᠭᠤᠨ ᠢ ᠰᠤᠨᠳᠠᠯᠠᠨ | ᠵᠤᠪᠠᠯ ᠵᠢᠷᠭᠠᠯ ᠢᠶᠠᠨ ᠬᠠᠮᠳᠤᠳᠬᠠᠵᠤ | ᠵᠤᠯᠪᠤᠭ᠎ᠠ ᠲᠠᠢ ᠲᠦᠷᠦᠬᠡᠨ ᠳᠤ ᠪᠠᠨ | ᠬᠦᠰᠡᠯ ᠢᠶᠠᠨ ᠮᠢᠯᠢᠶᠠᠭᠰᠠᠭᠠᠷ | ᠬᠠᠯᠠᠭᠤᠨ ᠬᠦᠢᠳᠡᠨ ᠡᠳᠤᠷ ᠤᠳ ᠢ | ᠬᠠᠳᠠᠭᠤᠵᠢᠯ ᠢᠶᠠᠷ ᠦᠩᠬᠡᠷᠡᠬᠡᠵᠤ | ᠬᠠᠯᠠ ᠵᠤᠪᠠᠯᠠᠩ ᠲᠠᠢ ᠠᠮᠢᠳᠤᠷᠠᠯ ᠢᠶᠠᠨ | ᠮᠠᠷᠳᠠᠯ ᠦᠬᠡᠢ ᠴᠡᠬᠡᠵᠢᠯᠡᠭᠰᠡᠨ | ᠬᠠᠮᠠᠷ ᠤᠨ ᠦᠵᠦᠬᠦᠷ ᠢᠶᠠᠨ ᠱᠠᠭᠠᠶᠢᠨ | ᠬᠠᠷ᠎ᠠ ᠬᠦᠴᠦ ᠪᠠᠨ ᠵᠢᠭᠠᠵᠤ | ᠬᠠᠪᠤᠷ ᠨᠠᠮᠤᠷ ᠢ ᠨᠦᠭᠴᠢᠬᠡᠵᠤ | ᠬᠠᠶᠢᠷᠠᠨ ᠪᠡᠶ᠎ᠡ ᠪᠠᠨ ᠦᠷᠡᠬᠡᠳᠡᠭ | ᠤᠶᠤᠨ ᠤ ᠠᠷᠢᠭᠤᠨ ᠰᠢᠮ᠎ᠠ ᠪᠠᠨ | ᠤᠯᠤᠰ ᠤᠷᠤᠨ ᠳᠤ ᠪᠠᠨ ᠳᠡᠬᠡᠳᠤᠯᠡᠵᠤ | ᠤᠯᠤᠭᠰᠠᠨ ᠬᠢᠯᠠᠯᠵᠢᠮᠠ ᠪᠦᠳᠦᠬᠡᠯ ᠢᠶᠠᠨ | ᠤᠯᠠᠨ ᠨᠡᠶᠢᠳᠡ ᠪᠠᠷ ᠢᠶᠠᠨ ᠬᠤᠪᠢᠶᠠᠯᠴᠠᠵᠤ | ᠡᠶ᠎ᠡ ᠵᠤᠬᠢᠴᠠᠯ ᠤᠨ ᠤᠷᠢᠶᠠᠨ ᠳᠤ | ᠡᠪᠦᠳᠦᠭ ᠨᠤᠭᠤᠷᠠᠳᠠᠯᠠ ᠶᠤᠰᠤᠯᠠᠵᠤ | ᠡᠪ ᠬᠠᠮᠳᠤ ᠶᠢᠨ ᠦᠢᠯᠡᠰ ᠲᠤ ᠪᠠᠨ | ᠢᠳᠡᠬᠡᠯ ᠰᠢᠳᠤᠷᠭᠤ ᠵᠢᠳᠬᠦᠳᠡᠭ | ᠠᠷᠠᠯ ᠤᠨ ᠱᠠᠷ ᠤᠨ ᠵᠤᠷᠢᠭ ᠢᠶᠠᠨ | ᠤᠳᠤ ᠪᠤᠯᠳᠠᠯ᠎ᠠ ᠬᠠᠳᠠᠭᠠᠯᠠᠭᠰᠠᠨ | ᠠᠨᠵᠢᠰᠤᠨ ᠬᠤᠰᠢᠭᠤᠨ ᠤ ᠵᠢᠷᠤᠬ᠎ᠠ ᠪᠠᠨ | ᠡᠳᠤᠬᠡ ᠬᠦᠷᠳᠡᠯ᠎ᠡ ᠳᠠᠳᠠᠭᠰᠠᠨ | ᠠᠵᠢᠯᠴᠢ ᠪᠤᠷᠤᠭᠵᠢᠭᠤᠨ ᠳᠠᠭᠤᠤ ᠪᠠᠨ | ᠠᠶᠠᠯᠠᠭᠤᠯᠤᠨ ᠠᠶᠠᠯᠠᠭᠤᠯᠤᠨ ᠳᠠᠭᠤᠯᠠᠵᠤ | ᠠᠷᠪᠢᠴᠢ ᠰᠠᠶᠢᠬᠠᠨ ᠰᠤᠷᠳᠠᠯ ᠢᠶᠠᠨ | ᠠᠯᠳᠠᠨ ᠳᠡᠯᠡᠬᠡᠢ ᠳᠤ ᠲᠦᠬᠡᠬᠡᠭᠰᠡᠨ | ᠲᠦᠷᠦ ᠶᠢᠨ ᠨᠤᠶᠠᠨ ᠨᠢᠷᠤᠭᠤ ᠶᠢ | ᠳᠤᠯᠵᠤ ᠦᠨᠳᠦᠷ ᠪᠤᠰᠬᠠᠭᠰᠠᠨ | ᠲᠦᠮᠡᠨ ᠦᠶ᠎ᠡ ᠶᠢᠨ ᠪᠠᠭᠠᠳᠤᠷ | ᠲᠦᠷᠦᠯᠬᠢ ᠬᠤᠷᠴᠠ ᠤᠬᠠᠭᠠᠨ ᠲᠠᠢ | ᠪᠦᠬᠡᠷᠡᠩᠬᠡᠢ ᠬᠤᠷᠸ᠎ᠠ ᠶᠢᠨ ᠪᠦᠷᠢᠯᠳᠦᠬᠦᠨ | ᠪᠤᠮᠠᠨ ᠤᠬᠠᠭᠠᠨ ᠤ ᠲᠦᠯᠬᠢᠬᠦᠷ | ᠳᠡᠯᠡᠬᠡᠢ ᠬᠦᠳᠡᠯᠮᠤᠷᠢᠴᠢᠳ | ᠳᠡᠯᠬᠡᠷ ᠬᠤᠷᠸ᠎ᠠ | ᠳᠡᠬᠡᠳᠤᠰ ᠠᠴᠠ ᠡᠬᠦᠳᠤᠯ ᠲᠠᠢ | ᠳᠠᠷᠬᠠᠨ ᠳᠡᠯᠡᠬᠡᠢ | ᠵᠤᠬᠢᠶᠠᠭᠴᠢ᠄ ᠳᠤᠭᠴᠢ ᠯᠤᠪᠰᠠᠩ ︵鲁布森 ᠂ ᠭᠠᠷ ᠤᠳᠠᠰᠤ᠄ 136 1487 6979᠂ | | ᠬᠠᠶ᠋ᠢᠭ᠄ ᠦᠪᠦᠷ ᠮᠤᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ | ᠶᠢᠨ ᠪᠠᠭ᠎ᠠ ᠰᠤᠷᠭᠠᠭᠤᠯᠢ ︵内蒙古鄂尔多斯市 乌审旗蒙古族实验小 | 学︶᠂ ᠰᠢᠤᠳᠠᠨ ᠨᠤᠮᠧᠷ᠄ 017300 | | | | |