ᠬᠦᠳᠡᠯᠮᠤᠷᠢᠴᠢᠨ ᠲᠦᠮᠡᠨ ᠢᠶᠠᠨ ᠮᠢᠯᠢᠶᠠᠶ᠎ᠠ | — ᠳᠡᠯᠡᠬᠡᠢ ᠶᠢᠨ ᠬᠦᠳᠡᠯᠮᠤᠷᠢᠴᠢᠳ ᠤᠨ ᠪᠠᠶᠠᠷ ᠲᠤ ᠵᠤᠷᠢᠭᠤᠯᠪᠠ | | ᠬᠦᠷᠵᠡ ᠪᠠᠷᠢᠵᠤ ᠬᠦᠳᠡᠯᠮᠤᠷᠢ ᠳᠤ ᠤᠷᠤᠯᠴᠠᠭᠰᠠᠨ | ᠬᠦᠴᠦ ᠰᠢᠪᠬᠠᠵᠤ ᠬᠦᠯᠦᠰᠦ ᠪᠠᠨ ᠠᠰᠬᠠᠷᠠᠭᠤᠯᠤᠭᠰᠠᠨ | ᠬᠦᠯ ᠬᠦᠩᠬᠡᠨ ᠬᠦᠳᠡᠯᠮᠤᠷᠢᠴᠢᠨ ᠲᠦᠮᠡᠨ ᠢᠶᠠᠨ | ᠬᠦᠨᠦᠭ ᠲᠤ ᠰᠠᠭᠭᠠᠭᠰᠠᠨ ᠰᠦ ᠪᠠᠷ ᠮᠢᠯᠢᠶᠠᠶ᠎ᠠ | | | ᠮᠦᠷ ᠢᠶᠠᠨ ᠬᠠᠷᠠᠵᠤ ᠪᠡᠶ᠎ᠡ ᠪᠠᠨ ᠵᠠᠰᠠᠭᠰᠠᠨ | ᠮᠦᠷᠦ ᠪᠠᠨ ᠡᠷᠬᠦᠵᠤ ᠲᠦᠷᠦ ᠪᠠᠨ ᠳᠤᠯᠤᠭᠰᠠᠨ | ᠮᠦᠬᠡᠷᠰᠤ ᠬᠠᠳᠠᠭᠤ ᠬᠦᠳᠡᠯᠮᠤᠷᠢᠴᠢᠨ ᠲᠦᠮᠡᠨ ᠢᠶᠠᠨ | ᠮᠦᠩᠬᠦᠨ ᠬᠤᠨᠳᠠᠭ᠎ᠠ ᠲᠠᠢ ᠰᠠᠷᠬᠤᠳ ᠢᠶᠠᠷ ᠮᠢᠯᠢᠶᠠᠶ᠎ᠠ | | | ᠳᠠᠭᠤᠤ ᠬᠡᠩᠰᠢᠵᠤ ᠳᠠᠮᠢᠷ ᠲᠠᠢ ᠠᠯᠬᠤᠭᠰᠠᠨ | ᠳ᠋ᠠᠵᠠᠢ ᠠᠴᠠ ᠰᠤᠷᠤᠯᠴᠠᠵᠤ ᠳᠠᠭᠤᠷᠢᠶᠠᠯ ᠦᠵᠡᠬᠦᠯᠦᠭᠰᠡᠨ | ᠳᠠᠷᠤᠤ ᠬᠦᠩᠬᠡᠮᠰᠦᠭ ᠬᠦᠳᠡᠯᠮᠤᠷᠢᠴᠢᠨ ᠲᠦᠮᠡᠨ ᠢᠶᠠᠨ | ᠳᠠᠷᠭᠤᠨ ᠬᠤᠨᠢᠨ ᠤ ᠰᠡᠬᠦᠯ ᠢᠶᠠᠷ ᠮᠢᠯᠢᠶᠠᠶ᠎ᠠ | | | ᠨᠠᠪᠴᠢ ᠰᠢᠭ᠋ ᠳᠡᠷᠪᠡᠶᠢᠵᠤ ᠨᠠᠷᠠᠨ ᠰᠢᠭ᠋ ᠳᠤᠶᠠᠭᠠᠷᠠᠭᠰᠠᠨ | ᠨᠠᠮ ᠢᠶᠠᠨ ᠬᠦᠷᠢᠶᠡᠯᠡᠵᠣ ᠨᠠᠶᠢᠳᠠᠪᠤᠷᠢᠳᠡᠢ ᠠᠵᠢᠯᠯᠠᠭᠰᠠᠨ | ᠨᠠᠨᠳᠢᠨ ᠦᠢᠯᠡᠰᠴᠢ ᠬᠦᠳᠡᠯᠮᠤᠷᠢᠴᠢᠨ ᠲᠦᠮᠡᠨ ᠢᠶᠠᠨ | ᠨᠠᠶᠢᠷᠠᠭᠤᠯᠵᠤ ᠤᠶᠠᠩᠭᠠᠯᠠᠭᠰᠠᠨ ᠨᠠᠶᠢᠷᠠᠭ ᠢᠶᠠᠷ ᠢᠶᠠᠨ ᠮᠢᠯᠢᠶᠠᠶ᠎ᠠ | | | ᠠᠷᠢᠭᠤᠨ ᠢ ᠡᠷᠬᠢᠮᠯᠡᠵᠤ ᠢᠯᠵᠠᠷᠠᠮᠠᠯ ᠢ ᠡᠰᠡᠷᠬᠦᠴᠡᠭᠰᠡᠨ | ᠠᠪᠬᠠᠯᠵᠢ ᠲᠠᠢ ᠠᠮᠢᠳᠤᠷᠠᠵᠤ ᠠᠮᠤᠭᠤᠯᠠᠩ ᠵᠢᠷᠭᠠᠭᠰᠠᠨ | ᠠᠨᠤᠬᠠᠨ ᠴᠢᠬᠢᠷᠠᠭ ᠬᠦᠳᠡᠯᠮᠤᠷᠢᠴᠢᠨ ᠲᠦᠮᠡᠨ ᠢᠶᠠᠨ | ᠠᠮᠠᠨ ᠴᠠᠭᠠᠨ ᠢᠷᠦᠬᠡᠯ ᠢᠶᠠᠷ ᠢᠶᠠᠨ ᠮᠢᠯᠢᠶᠠᠶ᠎ᠠ | | | ᠨᠤᠶᠢᠷ ᠢᠶᠠᠨ ᠬᠠᠶᠠᠵᠤ ᠰᠢᠷᠪᠤᠰᠤ ᠪᠠᠨ ᠰᠤᠩᠭᠠᠭᠰᠠᠨ | ᠨᠤᠳᠤᠭ ᠢᠶᠠᠨ ᠰᠠᠬᠢᠵᠤ ᠬᠦᠢ ᠪᠠᠨ ᠬᠠᠮᠠᠭᠠᠯᠠᠭᠰᠠᠨ | ᠨᠤᠭᠤᠨᠵᠠᠶᠠᠭ᠎ᠠ ᠪᠠᠨ ᠬᠠᠷᠠᠮᠨᠠᠭᠰᠠᠨ ᠬᠦᠳᠡᠯᠮᠤᠷᠢᠴᠢᠨ ᠲᠦᠮᠡᠨ ᠢᠶᠠᠨ | ᠨᠤᠮᠢᠨ ᠳᠠᠩᠰᠤᠭ ᠰᠡᠳᠬᠢᠯ ᠢᠶᠠᠷ ᠢᠶᠠᠨ ᠮᠢᠯᠢᠶᠠᠶ᠎ᠠ | | | ᠠᠷᠭᠠᠯ ᠢᠶᠠᠨ ᠳᠡᠬᠦᠵᠤ ᠠᠩ ᠠᠩᠨᠠᠭᠰᠠᠨ | ᠠᠷᠭᠤᠮᠠᠭ ᠢᠶᠠᠨ ᠬᠦᠯᠦᠭᠯᠡᠵᠣ ᠠᠯᠳᠠᠷ ᠢᠶᠠᠨ ᠮᠠᠨᠳᠤᠭᠤᠯᠤᠭᠰᠠᠨ | ᠠᠵᠢᠯᠴᠢ ᠭᠠᠷᠮᠠᠭᠠᠢ ᠬᠦᠳᠡᠯᠮᠤᠷᠢᠴᠢᠨ ᠲᠦᠮᠡᠨ ᠢᠶᠠᠨ | ᠠᠯᠳᠠᠨ ᠮᠧᠲᠡᠯ ᠤᠨ ᠱᠠᠩ ᠢᠶᠠᠷ ᠮᠢᠯᠢᠶᠠᠶ᠎ᠠ | ᠵᠤᠬᠢᠶᠠᠭᠴᠢ᠄ ᠳᠤᠭᠴᠢ ᠯᠤᠪᠰᠠᠩ ︵鲁布森 ᠂ ᠭᠠᠷ ᠤᠳᠠᠰᠤ᠄ 136 1487 6979᠂ | | ᠬᠠᠶ᠋ᠢᠭ᠄ ᠦᠪᠦᠷ ᠮᠤᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ | ᠶᠢᠨ ᠪᠠᠭ᠎ᠠ ᠰᠤᠷᠭᠠᠭᠤᠯᠢ ︵内蒙古鄂尔多斯市 乌审旗蒙古族实验小 | 学︶᠂ ᠰᠢᠤᠳᠠᠨ ᠨᠤᠮᠧᠷ᠄ 017300 | | | | |