ᠰᠠᠷᠠᠨ ᠤ ᠬᠡᠪ
ᠨᠡᠶᠢᠲᠡᠯᠡᠭᠰᠡᠨ ᠴᠠᠭ᠄
2020-07-22
   ᠰᠸ᠊ · ᠬᠠᠰᠡᠦ᠋ᠯᠵᠡᠢ〔 ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ᠂ ᠬᠤᠯᠪᠤᠭ᠎ᠠ ᠪᠠᠷᠢᠬᠤ᠄13947362761〕                                        ᠰᠠᠷᠠᠨ ᠤ ᠬᠡᠪ        ᠡᠴᠢᠨ᠎ᠡ ᠨᠠᠮ ᠰᠡᠯᠡᠭᠦᠨ ᠢ ᠰᠠᠷᠠ ᠪᠠᠷ ᠲᠡᠮᠳᠡᠭᠯᠡᠬᠦ ᠳᠤ ᠰᠠᠨᠰᠠᠷ ᠤᠨ ᠬᠦᠨ ᠴᠡᠩᠭᠡᠷ  ᠨᠠᠳᠠ ᠨᠡᠩ ᠴᠤ ᠭᠤᠷᠢᠳᠠᠯ ᠮᠦᠷᠦᠭᠡᠳᠦᠯ ᠤᠨ  ᠬᠦᠭᠡᠷᠦᠭᠦᠨ ᠮᠠᠳᠡᠷᠡᠮᠵᠢ  ᠬᠠᠶᠢᠷᠠᠯᠠᠨ᠎ᠠ᠃ ᠰᠠᠷᠠ ᠶᠢ ᠪᠢ ᠡᠷᠢᠶᠡᠪᠦᠷ ᠬᠤᠷᠢᠶᠠᠪᠤᠷ᠂ ᠡᠬᠡᠳᠡᠷᠢᠶᠡᠨ ᠪᠤᠳᠤᠯᠢᠶᠠᠨ᠂ ᠲᠦᠭᠡᠷᠢᠯ ᠪᠤᠳᠤᠯᠢᠯ ᠤᠨ ᠳᠦᠯᠦᠬᠡᠯᠡᠭᠴᠢ ᠪᠠᠷ ᠰᠤᠩᠭᠤᠵᠤ ᠦᠯᠦ ᠴᠢᠳᠠᠨᠠᠮ᠃ ᠰᠠᠷᠠ ᠴᠤᠭᠳᠤ ᠪᠤᠯᠤᠷᠬᠠᠨ᠂ ᠴᠤᠤᠳᠤ ᠳᠤᠩᠭᠠᠯᠠᠭᠬᠠᠨ ᠡᠭᠦᠷᠢᠳᠡ ᠪᠤᠯᠠᠩᠬᠢᠷ ᠪᠤᠷᠵᠠᠩ ᠠᠴᠠ ᠠᠩᠬᠢᠳᠠ ᠭᠡᠷᠡᠯᠳᠦᠨᠡᠮ᠃ ᠰᠠᠷᠠ‌ᠨᠤᠳᠤᠭ ᠪᠠᠭᠤᠴᠠ ᠡᠷᠢᠬᠦ ᠳᠡᠭᠡᠨ ᠤᠷᠬᠢᠯᠤᠨ  ᠳᠡᠪᠡᠷᠡᠬᠦ ᠪᠤᠯᠠᠭ᠂ ᠮᠦᠩᠬᠡ ᠤᠨᠳᠤᠷᠬᠤ ᠬᠠᠷᠠᠵᠠ᠂  ᠬᠦᠮᠦᠨ ᠤ ᠰᠡᠳᠬᠢᠯ ᠤᠨ ᠳᠤᠯᠠᠶᠢᠨ ᠳᠤᠳᠤᠷᠠᠬᠤ ᠭᠠᠵᠠᠷ ᠢ   ᠰᠢᠯᠢᠬᠦ ᠪᠦᠯᠦᠭᠡ᠃ ᠠᠷᠢᠭᠤᠨ ᠰᠠᠶᠢᠬᠠᠨ ᠤ ᠡᠭᠡ ᠨᠤᠳᠤᠭ ᠳᠡᠭᠷᠢ ᠂ ᠭᠠᠵᠡᠷ᠂ ᠰᠡᠳᠬᠢᠯ ᠳᠤ  ᠪᠦᠷ ᠪᠠᠶᠢᠳᠠᠭ᠃ ᠠᠷᠢᠭᠤᠨ ᠰᠠᠶᠢᠬᠠᠨ ᠳᠤ ᠬᠠᠶᠢᠷᠠᠳᠠᠢ ᠤᠯᠤᠰ ᠢ ᠴᠧᠰᠧ ᠪᠢᠴᠢᠭ ᠲᠤ ᠳᠠᠩᠰᠠᠯᠠᠵᠦ ᠳᠡᠮᠳᠡᠭᠯᠡᠪᠡᠯ ᠪᠢ  ᠬᠡᠨ ᠠᠴᠠ ᠴᠤ ᠤᠷᠢᠳᠠᠪᠡᠷ ᠱᠤᠩᠭᠤᠯᠠᠨ ᠨᠡᠷ᠎ᠡ ᠤᠰᠤ᠂  ᠪᠡᠶ᠎ᠡ ᠶᠢᠨ ᠦᠨᠡᠮᠯᠡᠬᠦ  ᠂ ᠠᠯᠪᠠᠨ ᠪᠠᠶᠢᠭᠤᠯᠭ᠎ᠠ  ᠠᠯᠢ ᠪᠦᠭᠦᠨ ᠢᠶᠠᠨ ᠢᠯᠡᠭᠡᠨᠡᠮ᠂᠂᠂᠂  ᠬᠡᠭᠦ ᠳᠤ ᠰᠠᠷᠠ ᠦᠭᠡᠢ  ᠰᠦᠨᠢ ᠪᠤᠯᠪᠠᠰᠤ ᠰᠠᠨᠰᠠᠷ  ᠲᠠᠩᠴᠦ ᠦᠳᠡᠯ᠎ᠡ ᠴᠤᠯᠭᠤᠢ᠂ ᠱᠠᠭ᠎ᠠ ᠰᠢᠭ᠋ ᠢᠷᠠᠶᠢᠭᠰᠠᠨ ᠤᠳᠤᠳ ᠵᠤᠷᠢᠭ ᠠᠯᠳᠠᠭᠰᠠᠨ ᠬᠡᠦᠬᠡᠳ ᠤᠨ ᠨᠢᠳᠦ ᠰᠢᠭ᠃  ᠬᠠᠷᠠᠩᠭᠤᠢ  ᠪᠦᠭᠦ ᠶᠠᠭᠤᠮ᠎ᠠ ᠶᠢ ᠭᠠᠭᠴᠠᠭᠠᠷ ᠡᠵᠡᠷᠬᠡᠨ᠎ᠡ᠃  ᠬᠠᠷᠠᠩᠭᠤᠢ ᠳᠤ  ᠲᠦᠭᠡᠷᠢᠯ ᠤᠨ  ᠭᠠᠢ ᠳᠦᠳᠡ ᠪᠤᠯᠤᠨ᠎ᠠ᠃  ᠲᠡᠭᠡᠭᠦᠯᠡᠷ  ᠮᠢᠨᠦ  ᠤᠢ ᠳᠤᠢ ᠳᠤ ᠦᠨᠡᠭᠡᠨ ᠬᠠᠷᠠᠩᠭᠤᠢ ᠭᠡᠭᠦ ᠦᠭᠡ ᠱᠤᠭᠰᠢᠵᠦ ᠤᠷᠤᠨ᠎ᠠ᠃ ᠮᠠᠨ ᠤ ᠡᠪᠦᠭᠡ ᠳᠡᠭᠡᠳᠦᠰ ᠠᠩᠨᠠᠯ ᠮᠠᠯᠵᠢᠯ   ᠤᠨ ᠠᠮᠢᠳᠤᠷᠠᠯ ᠢᠶᠠᠷ ᠶᠡᠭᠡ ᠤᠷᠳᠤ ᠶᠠᠪᠤᠵᠤ  ᠢᠷᠡᠭᠰᠡᠨ  ᠶᠤᠮ᠃ ᠠᠩᠨᠠᠯ ᠮᠠᠯᠵᠢᠯ ᠬᠤᠶᠠᠷ   ᠲᠠᠬᠢ  ᠬᠡᠯᠡ‌ᠦᠭᠡᠰ ᠢ ᠮᠠᠨᠢ ᠬᠠᠰᠤᠪᠠᠯ ᠬᠡᠯᠡ ᠪᠠᠷ   ᠬᠤᠰᠠᠷᠠᠭᠠᠳ ᠦᠭᠡ ᠪᠠᠷ ᠰᠢᠷᠭᠢᠨ᠎ᠡ ᠪᠢᠳᠡ  ᠃ ᠢᠩᠭᠢᠭᠡᠳ ᠪᠤᠳᠤᠪᠠᠯ ᠮᠠᠨ ᠤ ᠬᠡᠯᠡ ᠦᠰᠦᠭ   ᠢ ᠦᠪᠡᠷ ᠤᠨ ᠠᠮᠢᠳᠤᠷᠠᠯ‌‍ᠰᠤᠶᠤᠯ ᠠᠴᠠ ᠪᠠᠨ ᠮᠡᠨᠳᠦᠯᠡᠭᠰᠠᠨ‌‍ᠲ᠋ᠡᠭᠷᠢᠯᠢᠭ ᠬᠦᠪᠡᠬᠦᠨ ᠬᠡᠮᠡᠬᠦ ᠳᠤ ᠡᠰᠡ ᠪᠤᠯᠬᠤᠨ ᠦᠭᠡᠢ᠃  ᠬᠡᠯᠡ ᠰᠤᠶᠤᠯ ᠤᠨ ᠢᠶᠠᠨ ᠰᠦᠯᠲᠡ ᠲᠤᠭ  ᠤᠨ  ᠲᠤᠤᠷ᠎ᠠ ᠪᠢᠲᠡ ᠤᠷᠲᠤ ᠶᠢᠨ ᠦᠵᠦᠬᠦᠷ᠎ᠡ᠂ ᠬᠦᠨ ᠤ   ᠢᠷᠤᠭᠠᠷ᠎ᠠ ᠬᠦᠷᠦᠯᠴᠡᠨᠡᠮ᠃ ᠦᠨᠡᠭᠡᠨ ᠬᠠᠷᠠᠩᠭᠤᠢ ᠬᠡᠲᠡᠭ ᠨᠢ ᠦᠨᠡᠭᠡ ᠬᠦᠲᠡᠯᠭᠡᠭᠡᠨ ᠬᠢᠲᠡᠭ ᠴᠠᠭ ᠤᠨ  ᠵᠢᠱᠢᠶ᠎ᠡ  ᠪᠤᠯᠤᠯᠳᠠᠢ᠃ ᠦᠨᠡᠭᠡ ᠶᠢ ᠮᠠᠨ ᠤ ᠬᠢᠨ ᠮᠠᠭᠤ ᠶᠢᠨ ᠳᠦᠯᠦᠭᠡᠨ ᠢᠶᠠᠷ ᠳ᠋ᠦᠩᠨᠡᠳᠡᠭ᠃ ᠦᠨᠡᠭᠡ ᠦᠨᠡᠲᠤ ᠠᠷᠠᠰᠤ ᠪᠠᠨ  ᠬᠠᠭᠤᠯᠤᠭᠤᠯᠤᠨ‌‍ᠲ᠋ᠤᠯᠠᠭᠠᠨ ᠲᠠᠬᠤ   ᠪᠤᠯᠭᠠᠨ᠎ᠠ᠃ ᠠᠮᠢ ᠵᠤᠯᠪᠠᠨ ᠲᠤᠳᠠᠭᠠᠨ ᠠᠪᠠ ᠶᠢᠨ ᠪᠠᠬ᠎ᠠ ᠶᠢ  ᠬᠠᠩᠭᠠᠨ᠎ᠠ᠃ ᠪᠠᠰᠠ ᠨᠠᠷᠢᠨ ᠰᠤᠷᠲᠤ ᠠᠮᠢᠳᠠᠨ ᠬᠡᠮᠡᠭᠡᠳ ᠶᠡᠭᠡᠲᠡ ᠠᠯᠠᠭᠰᠠᠨ᠂ ᠤᠯᠠᠨᠳᠠ ᠨᠢᠲᠦᠯᠤᠭᠰᠡᠨ ᠤᠯᠤᠰ ᠲᠤ ᠬᠠᠷᠢᠶᠠᠯ ᠬᠤᠤᠷᠯᠠᠯ ᠢᠷᠡᠲᠡᠭ ᠭᠡᠬᠦ ᠲᠤᠮᠤᠭ ᠢᠶᠠᠷ  ᠠᠶᠤᠩᠭᠤᠷᠢᠲᠤ ᠵᠤᠬᠢᠶᠠᠯ ᠤᠨ ᠠᠮᠳᠠᠷᠬᠠᠯ ᠦᠭᠭᠦᠨ᠎ᠡ  ᠁  ᠪᠤᠳᠠᠰ ᠪᠠ ᠤᠶᠤᠨ ᠤ  ᠦᠭᠭᠦᠭᠡᠵᠢ ᠪᠠᠷ ᠢᠶᠠᠨ 《   ᠬᠠᠶᠢᠷᠠᠨ》 ᠪᠤᠶᠤ《  ᠬᠠᠶᠢᠷᠠᠳᠦ  》ᠠᠮᠢᠳᠠᠨ ᠦᠨᠡᠭᠡ ᠪᠦᠯᠦᠭᠡ᠃ ᠭᠡᠲᠡᠯ᠎ᠡ ᠵᠠᠩᠰᠢᠯ ᠬᠡᠮᠡᠬᠦ  ᠶᠠᠭᠤᠮ᠎ᠠ ᠵᠠᠷᠢᠮ ᠳᠤ ᠪᠠᠨ‌ᠵᠠᠭᠠᠮ᠎ᠠ ᠵᠠᠳᠠᠭᠠᠢ  ᠵᠠᠨᠳᠠᠯᠴᠢᠨ ᠯᠤᠶᠢᠪᠡᠷᠴᠢᠨ   ᠰᠢᠭ᠋᠂   ᠵᠠᠷᠢᠮ ᠳᠤ ᠪᠠᠨ ᠪᠤᠷᠬᠠᠨ ᠴᠠᠭᠠᠨ ᠴᠡᠭᠡᠵᠢ  ᠶᠢ ᠪᠤᠲᠤᠩᠭᠤᠶᠢᠷᠠᠭᠤᠯᠤᠨ ᠵᠦᠪ ᠢ ᠪᠤᠷᠤᠭᠤ᠂ ᠬᠠᠷ᠎ᠠ ᠶᠢ ᠴᠠᠭᠠᠨ   ᠪᠤᠯᠭᠠᠬᠤ ᠰᠢᠮᠨᠤ ᠰᠢᠭ᠋ ᠰᠠᠨᠵᠠᠢ᠃ 《 ᠮᠠᠰᠢ ᠶᠡᠭᠡ ᠵᠠᠯᠢ ᠮᠡᠭᠡ ᠲᠠᠢ ᠬᠤᠯᠵᠢᠨ ᠢ  ᠦᠨᠡᠭᠡᠨ  ᠬᠤᠯᠵᠢᠨ ᠬᠡᠮᠡᠬᠦ 》 ᠭᠡᠬᠦ  ᠂《 ᠰᠠᠶᠢᠬᠠᠨ ᠦᠭᠡ ᠬᠡᠯᠡᠵᠤ ᠮᠡᠬᠡᠯᠡᠬᠦ ᠬᠤᠯᠵᠢᠨ_ᠠᠷᠭ᠎ᠠ ᠶᠢ ᠦᠨᠡᠭᠡᠨ ᠵᠠᠯᠢ》 ᠭᠡᠬᠦ  ᠂《 ᠮᠡᠬᠡᠯᠡᠵᠤ ᠬᠠᠭᠤᠷᠬᠤ ᠶᠢ ᠦᠨᠡᠭᠡᠨ ᠰᠡᠬᠦᠯ ᠢᠶᠠᠷ  ᠳᠠᠯᠠᠯᠬᠤ》 ᠭᠡᠬᠦ  ᠂《 ᠵᠠᠯᠢ ᠮᠡᠭᠡ   ᠬᠡᠷᠡᠭᠯᠡᠨ ᠬᠡᠷᠡᠭ ᠠᠴᠠ  ᠵᠠᠶᠢᠯᠠᠬᠤ ᠶᠢ ᠦᠨᠡᠭᠡᠨ ᠰᠡᠬᠦᠯ ᠢᠶᠠᠷ ᠭᠤᠶᠠᠳᠠᠬᠤ 》 ᠭᠡᠬᠦ  ᠂《 ᠰᠢᠳᠢ ᠶᠢ ᠤᠯᠤᠭᠠᠳ ᠬᠦᠮᠦᠨ ᠪᠤᠯᠤᠨ ᠬᠤᠪᠢᠯᠤᠭᠰᠠᠨ ᠦᠨᠡᠭᠡ  ᠬᠡᠮᠡᠨ ᠮᠤᠬᠤᠷ ᠰᠦᠰᠦᠭᠲᠡᠨ ᠤ ᠦᠵᠡᠲᠡᠭ ᠴᠢᠳᠬᠦᠷ ᠢ ᠦᠨᠡᠭᠡᠨ ᠱᠤᠯᠤᠮ》 ᠬᠡᠮᠡᠬᠦ ᠁ ᠠᠷᠠᠰᠦ ᠬᠦᠷᠦᠰᠦ ᠪᠠᠷ ᠢᠶᠠᠨ   ᠳᠡᠪᠡᠯ ᠲᠠᠬᠤ ᠬᠠᠩᠭᠠᠵᠤ᠂ ᠠᠪᠠ ᠰᠢᠪᠠᠭᠤ ᠶᠢᠨ ᠰᠢᠨᠤᠯ ᠢ ᠠᠮᠢ ᠪᠠᠷ ᠢᠶᠠᠨ ᠬᠠᠩᠭᠠᠳᠠᠭ   ᠦᠨᠡᠭᠡᠨ ᠳᠤ ᠤᠭᠲᠤ  ᠰᠠᠶᠢᠨ ᠶᠠᠭᠤᠮ᠎ᠠ ᠦᠭᠡᠢ ᠪᠠᠷ ᠮᠠᠨ ᠤ ᠬᠢᠨ  ᠳ᠋ᠦᠩ‌‍ᠲ᠋ᠠᠯᠪᠢᠳᠠᠭ᠃ ᠦᠨᠡᠭᠡᠨ ᠤ ᠲᠤᠬᠠᠢ   ᠵᠦᠪᠳᠡᠭᠡᠯ ᠪᠠᠶᠢᠨ᠎ᠠ ᠤᠤ︖ ᠭᠡᠪᠡᠯ᠂ ᠦᠨᠡᠨ ᠢ ᠶᠠᠷᠢᠬᠤ ᠳᠤ ᠪᠠᠨ  ᠦᠨᠡᠭᠡ ᠪᠠᠷ ᠬᠠᠨᠢ ᠲᠠᠳᠠᠴᠢᠬᠠᠭᠰᠠᠨ《 ᠦᠨᠡᠨ_ ᠶᠠᠭᠤᠮ᠎ᠠ ᠦᠨᠡᠨ ᠢᠶᠠᠷ   ᠢᠶᠠᠨ ᠰᠠᠶᠢᠬᠠᠨ᠂ ᠦᠨᠡᠭᠡᠨ ᠮᠠᠯᠠᠭᠠᠢ ᠡᠪᠤᠯ   ᠳᠤ ᠪᠠᠨ  ᠰᠠᠶᠢᠬᠠᠨ》 ᠭᠡᠬᠦ  ᠭᠠᠭᠴᠠ ᠵᠠᠷᠢᠮ ᠬᠡᠯᠡᠴᠡ ᠪᠠᠶᠢᠳᠠᠭ᠃ ᠦᠨᠡᠭᠡᠨ ᠮᠠᠯᠠᠭᠠᠢ  ᠬᠢᠬᠦ ᠳᠤ  ᠦᠨᠡᠭᠡᠨ ᠤ ᠠᠮᠢ ᠶᠢ ᠠᠪᠤᠨ᠎ᠠ᠃ ᠡᠪᠤᠯ ᠤᠨ ᠬᠦᠢᠲᠡᠨ ᠢ ᠲᠤᠭᠤᠯᠬᠤ ᠳᠤ ᠦᠨᠡᠭᠡᠨ ᠮᠠᠯᠠᠭᠠᠢ  ᠡᠮᠤᠰᠦᠨ᠎ᠡ᠃ ᠦᠨᠡᠭᠡᠨ ᠬᠠᠷᠠᠩᠭᠤᠢ ᠶᠢ  ᠳᠤᠭᠤᠯᠪᠠᠯ ᠦᠤᠷ  ᠬᠠᠶᠠᠭᠠᠷᠠᠨ᠎ᠠ᠃ ᠲᠦᠭᠡᠷᠢᠯ  ᠰᠡᠭᠡᠭᠡᠷᠡᠯ᠂ ᠭᠡᠭᠡᠨ ᠬᠠᠷᠠᠩᠭᠤᠢ ᠬᠤᠶᠠᠷ ᠪᠡᠶ᠎ᠡ ᠪᠡᠶ᠎ᠡ ᠵᠦᠭ ᠢᠶᠠᠨ ᠢᠢᠨ ᠨᠦᠭᠦᠴᠡᠭᠦ ᠪᠢᠯᠡ᠃ ᠡᠲᠤᠷ ᠢ ᠭᠡᠭᠡᠨ ᠬᠡᠳ ᠰᠦᠨᠢ ᠶᠢ ᠬᠠᠷᠠᠩᠭᠤᠢ ᠭᠡᠪᠡᠯ᠂ ᠡᠲᠤᠷ ᠲᠡᠶᠢᠯᠦᠭᠲᠡᠭᠡᠳ ᠰᠦᠨᠢ ᠳᠤ ᠡᠵᠡᠯᠡᠭᠲᠡᠨ᠎ᠡ᠃ ᠰᠦᠨᠢ ᠲᠡᠶᠢᠯᠦᠭᠲᠡᠭᠡᠳ ᠡᠲᠤᠷ ᠲᠤ  ᠡᠵᠡᠯᠡᠭᠳᠡᠨ᠎ᠡ᠃ ᠡᠲᠤᠷ ᠰᠦᠨᠢ ᠬᠤᠶᠠᠷ ᠡᠨᠡ ᠬᠤᠷᠸ᠎ᠠ ᠶᠢ  ᠬᠤᠪᠢᠳᠠᠵᠦ  ᠬᠤᠭᠤᠴᠠᠭ᠎ᠠ  ᠬᠤᠨᠤᠭ ᠢ ᠬᠠᠮᠵᠢᠨ ᠪᠦᠲᠦᠭᠡᠲᠡᠭ ᠠᠪᠠᠢ᠃ ᠰᠦᠨᠢ ᠶᠢᠨ ᠬᠠᠷᠠᠩᠭᠤᠢ ᠶᠢ ᠭᠡᠷᠡᠯᠲᠦᠬᠦᠯᠬᠦ ᠪᠠᠷ ᠰᠠᠷᠠ ᠶᠡᠭᠡ  ᠵᠦᠳᠡᠷᠡᠨ᠎ᠡ᠃ ᠰᠠᠷᠠᠨ ᠤ ᠵᠦᠲᠡᠷᠡᠯ ᠢ ᠢᠷᠠᠭᠤ ᠨᠠᠶᠢᠷᠠᠭᠴᠢᠳ ᠰᠢᠯᠦᠭ ᠢᠶᠠᠷ ᠳᠠᠶᠢᠯᠤᠨ᠎ᠠ᠃ ᠰᠠᠷᠠᠨ ᠤ ᠵᠦᠳᠡᠷᠠᠯ ᠠᠪᠢᠶᠠᠰᠲᠤ  ᠨᠠᠶᠢᠷᠠᠭᠴᠢᠳ  ‍ᠤᠨ‌ᠤᠢ ᠲᠤᠢ ᠳᠤ ᠪᠢᠯᠢᠭ ᠤᠨ ᠤᠩᠭᠤᠳ ᠢᠶᠠᠷ ᠰᠡᠪᠡᠯᠵᠡᠨ ᠢᠷᠡᠲᠡᠭ ᠪᠠᠶᠢᠨ᠎ᠠ᠃ ᠪᠢᠮᠪᠡ ᠶᠢᠨ ᠷᠢᠴᠢᠨ ᠤ《 ᠰᠠᠷᠠ》 ᠬᠡᠮᠡᠬᠦ ᠰᠢᠯᠦᠭ ᠲᠤ  ᠄       《 ᠴᠤᠬᠤᠷ ᠰᠢᠷ᠎ᠠ ᠰᠠᠷᠠᠨ ᠴᠢᠪᠠᠭᠠᠨᠴᠠ         ᠴᠤᠭᠤᠷᠬᠠᠢ ᠡᠬᠦᠯᠡᠨ ᠲᠡᠪᠡᠯ ᠢᠶᠠᠨ ᠬᠡᠲᠡᠷᠦᠭᠡᠳ         ᠲᠤᠶᠠᠨ ᠴᠠᠭᠠᠨ ᠲᠤᠶᠠᠭ᠎ᠠ ᠪᠠᠨ ᠲᠤᠯᠤᠨ         ᠲᠤᠭᠤᠯ ᠤᠯᠠᠨ ᠤᠲᠤᠨ ᠰᠦᠷᠦᠭ ᠢᠶᠠᠨ ᠲᠤᠭᠤᠪᠠ᠃         ᠡᠬᠦᠯᠡᠨ᠂ ᠨᠤᠤᠷᠬᠠᠢ ᠲᠡᠪᠡᠯ ᠢ ᠨᠢ ᠨᠤᠯᠤᠨ         ᠦᠶᠡᠯᠢ ᠬᠦᠪᠡᠬᠦᠨ ᠰᠠᠯᠬᠢ ᠦᠯᠢᠶᠡᠨ ᠨᠠᠭᠠᠳᠪᠠ 》 ᠬᠡᠮᠡᠭᠲᠡᠨ᠎ᠡ᠃     《 ᠰᠠᠷᠠ 》 ᠨᠢ ᠰᠢᠷ᠎ᠡ ᠴᠤᠬᠤᠷ ᠴᠢᠪᠠᠭᠠᠨᠴᠠ ᠬᠦᠭᠰᠢᠨ  ᠪᠠᠶᠢᠵᠠᠢ᠃ ᠲᠠᠪᠠᠯ ᠨᠢ ᠴᠤᠭᠤᠷᠬᠠᠢ  ᠡᠬᠦᠯᠡ ᠠᠵᠢ᠃  ᠲᠤᠶᠠᠭ᠎ᠠ ᠨᠢ ᠲᠠᠶᠠᠭ ᠰᠠᠨᠵᠠᠢ᠃  ᠦᠶᠡᠯᠢ  ᠬᠦᠪᠡᠬᠦᠨ ᠨᠢ ᠰᠠᠯᠬᠢ ᠪᠤᠶᠤ᠃ ᠰᠠᠨᠰᠠᠷ ᠲᠤ  ᠡᠨᠡ ᠬᠦᠭᠰᠢᠨ ᠴᠢᠪᠠᠭᠠᠨᠴᠠ ᠭᠡᠷᠡᠯ ᠤᠨ ᠲᠠᠶᠠᠭ   ᠢᠶᠠᠨ ᠲᠤᠯᠤᠭᠠᠳ ᠰᠦᠨᠢ ᠶᠢ ᠲᠤᠭᠤᠯᠤᠨᠠᠮ  ᠪᠢᠯᠡ᠃ 1929 ᠤᠨ  ᠤ8 ᠰᠠᠷ᠎ᠠ ᠶᠢᠨ30 ᠳᠤ ᠪᠢᠴᠢᠭᠰᠡᠨ ᠰᠢᠯᠦᠭ ᠢᠶᠠᠷ ᠢᠶᠠᠨ ᠪᠢᠮᠪᠠ ᠶᠢᠨ ᠷᠢᠨᠴᠢᠨ  ᠰᠠᠷᠠ ᠶᠢ ᠢᠩᠭᠢᠵᠦ ᠳᠤᠬᠤᠨᠢᠭᠤᠯᠵᠠᠢ  ᠃   ᠢᠷᠠᠭᠤ ᠨᠠᠶᠢᠷᠠᠭᠴᠢ ᠨᠤᠯᠮᠠᠰᠠᠷᠠᠩ 《 ᠤᠩᠭᠤᠨ ᠠᠭᠤᠯᠠᠨ ᠤ ᠰᠠᠷᠠ》 ᠬᠡᠮᠡᠬᠦ ᠰᠢᠯᠦᠭ  ᠲᠡᠭᠡᠨ᠄    《 ᠬᠦᠮᠦᠨ ᠤ ᠠᠮᠢᠲᠤᠷᠠᠯ ᠤᠨ ᠭᠤᠤᠯ ᠬᠠᠭᠠᠰ ᠢ       ᠬᠦᠷᠲᠦᠨ ᠨᠠᠷᠠ ᠬᠡᠶᠢᠬᠦᠯᠪᠡ ᠭᠡᠬᠦ ᠳᠤ       ᠬᠢᠰᠬᠢᠬᠦ ᠵᠠᠮ ᠤᠨ ᠪᠠᠭ᠎ᠠ ᠬᠠᠭᠠᠰ ᠢ       ᠭᠡᠷᠡᠯᠲᠤ ᠰᠠᠷᠠ ᠲᠠᠭᠠᠭᠰᠠᠨ ᠶᠤᠮ ᠰᠢᠤ᠃            ᠰᠤᠪᠤᠳ ᠠᠳᠠᠯᠢ ᠪᠤᠲᠤᠯ ᠤᠨ ᠬᠡᠯᠬᠢᠶ᠎ᠡ ᠶᠢ        ᠤᠩᠭᠤᠨ ᠤ ᠡᠩᠭᠡᠷ ᠲᠤ ᠤᠷᠢᠲᠤ ᠤᠷᠬᠢᠭᠠᠳ        ᠰᠤᠯᠤᠩᠭ᠎ᠠ ᠠᠳᠠᠯᠢ ᠮᠦᠷᠦᠭᠡᠳᠦᠯ ᠤᠨ ᠲᠠᠭᠤᠤ ᠪᠠᠨ       ᠰᠠᠷᠠᠨ ᠤ ᠲᠤᠤᠷ᠎ᠠ ᠦᠨᠤ ᠵᠠᠯᠠᠭᠰᠠᠨ ᠶᠤᠮ᠃ 》 ᠭᠡᠵᠤ ᠰᠠᠷᠠ ᠶᠢ ᠰᠢᠯᠦᠭᠯᠡᠭᠰᠡᠨ  ᠪᠠᠶᠢᠳᠠᠭ᠃ ᠤᠩᠭᠤᠨ  ᠠᠭᠤᠯᠠ ᠶᠢᠨ ᠪᠡᠷ᠎ᠡ ᠶᠢ ᠬᠠᠷᠠᠬᠤ ᠳᠤ  ᠰᠠᠷᠠ ᠬᠡᠵᠢᠶᠡᠲᠡ ᠯᠡ ᠰᠠᠨᠠᠭᠳᠠᠨ᠎ᠠ᠃ ᠤᠩᠭᠤᠨ ᠪᠢᠯᠢᠭ ᠭᠡᠭᠴᠢ ᠶᠢ ᠨᠤᠲᠤᠭ  ᠪᠠᠶᠢᠭᠠᠯᠢ ᠬᠠᠶᠢᠷᠠᠯᠠᠳᠠᠭ ᠤᠨ ᠤᠴᠢᠷ ᠳᠡᠷᠡ ᠪᠢᠵᠠ  ᠃ ᠰᠢᠯᠦᠭ   ᠨᠠᠶᠢᠷᠠᠭ ᠤᠨ ᠠᠮᠠᠨ ᠪᠡᠯᠭᠡ ᠪᠠᠨ ᠬᠦᠮᠦᠨ ᠠᠷᠠᠳ ᠲᠠᠭᠠᠨ  ᠪᠡᠯᠡᠭᠯᠡᠭᠡᠳ ᠦᠰᠴᠤ ᠲᠦᠷᠦᠭᠰᠡᠨ ᠦᠯᠦᠭᠡᠢ ᠨᠤᠲᠤᠭ ᠤᠨ ᠢᠶᠠᠨ ᠠᠴᠢ ᠲᠤᠰᠠ ᠶᠢ   ᠬᠠᠷᠢᠭᠤᠯᠠᠵᠦ ᠠᠮᠢᠲᠤᠷᠠᠬᠤ ᠠᠴᠠ ᠢᠯᠡᠬᠦᠤ ᠠᠵᠠ ᠵᠢᠷᠭᠠᠯ ᠬᠠᠮᠢᠭ᠎ᠠ  ᠪᠠᠶᠢᠬᠤ ᠰᠠᠨ ᠪᠢᠯᠡ᠃《 ᠤᠩᠭᠤᠨ   ᠠᠭᠤᠯᠠᠨ ᠤ ᠰᠠᠷᠠ》 ᠬᠡᠮᠡᠬᠦ  ᠰᠢᠯᠦᠭ ᠲᠤ ᠪᠤᠢ  ᠡᠨᠡ ᠰᠤᠩᠭᠤᠳᠠᠭ ᠪᠠᠳᠠᠭ ᠪᠤᠯᠪᠠᠰᠤ ᠰᠠᠷᠠᠨ ᠤ ᠵᠦᠪᠲᠡᠭᠡᠯ ᠶᠤᠮ ᠃ ᠨᠠᠷᠠ ᠰᠠᠷᠠ ᠬᠤᠶᠠᠷ ᠠᠷᠭ᠎ᠠ ᠪᠢᠯᠢᠭ ᠤᠨ ᠬᠤᠪᠢᠶᠠᠷᠢ  ᠠᠪᠴᠤ ᠪᠦᠷ ᠭᠡᠷᠡᠯ ᠭᠡᠭᠡ ᠪᠠᠳᠠᠷᠠᠭᠤᠯᠤᠭᠴᠢ ᠶᠢᠨ ᠲᠤᠰᠢᠶᠠᠯ ᠳᠤ ᠠᠯᠪᠠᠯᠠᠳᠠᠭ᠃  ᠨᠠᠷᠠ ᠡᠲᠤᠷ ᠢ ᠬᠤᠪᠢᠳᠠᠨ᠎ᠠ᠃  ᠰᠠᠷᠠ ᠰᠦᠨᠢ ᠶᠢ ᠬᠤᠪᠢᠳᠠᠨ᠎ᠠ᠃  ᠢᠷᠠᠭᠤ ᠨᠠᠶᠢᠷᠠᠭᠴᠢ  ᠨᠤᠯᠮᠠᠰᠡᠷᠡᠩ ᠪᠠᠷ ᠰᠠᠷᠠ ᠶᠢ ᠬᠢᠨᠠᠨ  ᠳ᠋ᠦᠩᠨᠡᠨ《 ᠬᠢᠰᠬᠢᠬᠦ ᠵᠠᠮ ᠤᠨ ᠪᠠᠭ᠎ᠠ ᠬᠠᠭᠠᠰ   ᠢ ᠭᠡᠷᠡᠯᠲᠤ ᠰᠠᠷᠠ ᠲᠠᠭᠠᠭᠰᠠᠨ ᠶᠤᠮ ᠰᠢᠤ᠃》 ᠭᠡᠵᠤ ᠬᠦᠮᠦᠨ ᠤ ᠠᠮᠢᠲᠤᠷᠠᠯ ᠤᠨ ᠠᠶᠠᠨ ᠳᠠᠬᠢ ᠪᠦᠲᠦᠭᠡᠬᠦ ᠦᠢᠯᠡ᠂ ᠰᠠᠨᠠᠬᠤ ᠮᠦᠷᠦᠭᠡᠲᠤᠯ ᠢ ᠰᠠᠷᠠᠨ   ᠤ ᠭᠡᠷᠡᠯ ᠲᠤᠯᠠᠶᠢᠯᠭᠠᠵᠤ ᠶᠠᠪᠤᠳᠠᠭ ᠢ ᠨᠤᠳᠠᠯᠠᠨ ᠪᠠᠲᠤᠯᠠᠭᠰᠠᠨ   ᠪᠢᠯᠡ᠃ ᠰᠠᠷᠠ ᠶᠢ ᠦᠬᠦᠯᠡᠬᠦᠢ ᠶᠢᠨ ᠰᠢᠵᠢᠮ ᠪᠤᠯᠭᠠᠬᠤ ᠳᠤ ᠰᠢᠯᠦᠭ ᠤᠨ ᠰᠠᠷᠠ  ᠤᠢ ᠲᠤᠢ ᠳᠤ  ᠭᠡᠷᠡᠯᠳᠦᠭᠡᠳ ᠢᠷᠡᠨ᠎ᠡ  ᠃   ᠢᠨᠵᠠᠨᠨᠠᠰᠢ ᠶᠢᠨ《 ᠨᠠᠮᠤᠷ ᠤᠨ ᠰᠦᠨᠢ ᠰᠠᠷᠠ ᠬᠦᠷᠢᠶᠡᠯᠡᠭᠰᠡᠨ ᠢ  ᠭᠠᠶᠢᠬᠠᠵᠤ ᠨᠠᠶᠢᠷᠠᠭᠤᠯᠤᠭᠰᠠᠨ ᠰᠢᠯᠦᠭᠯᠡᠯ》 ᠳᠤ               ᠬᠤᠪᠢᠯᠭᠠᠨ ᠷᠠᠬᠢᠨᠢ ᠰᠢᠳᠢᠰ ᠤᠨ ᠤᠩᠭᠤᠨ ᠪᠠᠷ  ᠬᠡᠰᠦᠨ ᠨᠠᠭᠠᠳᠬᠤ ᠦᠭᠡᠢ               ᠬᠤᠴᠢᠯᠭ᠎ᠠ  ᠵᠠᠮ᠎ᠠ   ᠶᠢ ᠶᠠᠭᠤᠨ ᠤ ᠤᠴᠢᠷ ᠬᠡᠲᠤᠨ ᠲᠠᠪᠬᠤᠷ ᠲᠠᠳᠠᠪᠠ᠂               ᠬᠤᠮᠤᠬᠠᠢ ᠶᠢᠷᠳᠢᠨᠴᠤ ᠶᠢᠨ ᠦᠬᠢᠳ ᠢ ᠬᠤᠷᠢᠶᠠᠬᠤ ᠬᠦᠮᠦᠨ ᠤ ᠱᠤᠭ ᠢ ᠰᠡᠷᠡᠮᠵᠢᠯᠡᠮᠤᠶ ‍ᠶ᠎ᠠ          ᠬᠤᠭ ᠦᠭᠡᠢ ᠬᠤᠭᠤᠰᠤᠨ ᠤᠭᠳᠠᠷᠭᠤᠢ ᠳᠤ ᠭᠡᠨ ᠬᠦᠷᠬᠦ ᠠᠵᠢ᠃》 ᠭᠡᠬᠦ  ᠡᠨᠡ ᠰᠢᠯᠦᠭ ᠲᠤ  ᠰᠠᠷᠠ ᠶᠢ ᠬᠤᠪᠢᠯᠭᠠᠨ ᠷᠠᠬᠢᠨᠢ   ᠡᠷᠭᠦᠮᠵᠢᠯᠡᠵᠡᠢ᠃ ᠰᠠᠷᠠ ᠨᠢ ᠰᠠᠨᠰᠠᠷ ᠤᠨ ᠬᠤᠭᠤᠰᠤᠨ ᠳᠤ ᠰᠢᠳᠢᠰ ᠤᠨ ᠤᠩᠭᠤᠴᠠ ᠪᠠᠷ  ᠬᠡᠰᠦᠨ‌ᠨᠠᠭᠠᠳᠬᠤ ᠦᠬᠡᠢ ᠪᠠᠰᠠ ᠰᠢᠮᠠᠭᠤᠯ ᠪᠠᠳᠠᠭᠠᠨ᠎ᠠ ᠰᠡᠷᠬᠡᠶᠢᠯᠡᠬᠦ ᠵᠠᠮ᠎ᠠ ᠬᠦᠰᠢᠭᠡ ᠶᠢ ᠬᠡᠲᠤᠨ ᠲᠠᠪᠬᠤᠷ ᠲᠠᠳᠠᠭᠠᠳ᠂ ᠲᠤᠭᠤᠰᠤᠲᠤ ᠬᠤᠮᠤᠬᠠᠢ ᠶᠢᠷᠳᠢᠨᠴᠤ ᠶᠢᠨ ᠰᠢᠨᠤᠯ ᠬᠤᠶᠠᠯᠢ ᠠᠴᠠ ᠰᠡᠷᠡᠮᠵᠢᠳᠠᠢ ᠪᠠᠷ ᠭᠡᠨ ᠴᠤ ᠦᠯᠦ ᠬᠦᠷᠬᠦ  ᠦᠨᠲᠤᠷ ᠤᠨ ᠦᠨᠲᠤᠷ ᠲᠤ ᠰᠠᠭᠠᠳᠠᠨ᠎ᠠ᠃ ᠳᠡᠶᠢᠮᠦ ᠡ᠂ ᠰᠠᠷᠠ ᠰᠢᠯᠦᠭ ᠤᠶᠠᠩᠭ᠎ᠠ ᠲᠠᠢ ᠦᠢᠷ᠎ᠠ ᠳᠤᠳᠤᠨᠤ ᠠᠳᠠᠯ᠎ᠠ ᠪᠠᠨ ᠠᠮᠤᠷ ᠠᠮᠤᠭᠤᠯᠠᠩ ᠲᠠᠢ ᠪᠠᠰᠠ ᠤᠷᠤᠭ ᠲᠦᠷᠦᠯ ᠰᠠᠨ᠃  ᠲᠡᠷᠡ ᠠᠮᠤᠷ ᠠᠮᠤᠭᠤᠯᠠᠩ ᠢ ᠪᠢ ᠰᠦᠨᠢ ᠶᠢᠨ ᠲᠠᠪᠳᠠᠯᠭ᠎ᠠ ᠦᠨᠲᠤᠷᠯᠡᠨ ᠰᠤᠷᠤᠭᠴᠢᠳ ᠮᠠᠨᠢ  ᠪᠠᠶᠢᠷᠢ ᠳᠠᠭᠠᠨ ᠪᠤᠴᠠᠭᠰᠠᠨ ᠤ ᠲᠠᠷᠠᠭ᠎ᠠ ᠴᠤᠤᠵᠢ ᠦᠭᠡᠢ ᠠᠵᠢᠯᠯᠠᠬᠤ ᠦᠷᠦᠭᠡᠨ ᠠᠴᠠ ᠪᠠᠨ ᠭᠡᠷ ᠵᠦᠭ ᠢᠶᠠᠨ ᠪᠤᠴᠠᠬᠤ ᠵᠠᠮ ᠳᠠᠭᠠᠨ ᠲᠠᠪᠠᠳᠠᠢ ᠤᠯᠵᠤ ᠮᠡᠲᠡᠷᠡᠲᠡᠭ᠃  ᠲᠡᠷᠡ ᠠᠮᠤᠷ ᠠᠮᠤᠭᠤᠯᠠᠩ ᠤᠨ ᠲᠠᠮᠠᠭ᠎ᠠ ᠱᠤᠱᠢᠭ᠎ᠠ ᠪᠤᠯ  ᠰᠠᠷᠠ ᠶᠤᠮᠰᠠᠨ᠃  ᠬᠡᠯᠡ ᠪᠢᠴᠢᠭ ᠤᠨ ᠪᠠᠭᠰᠢ ᠬᠡᠮᠡᠭᠲᠡᠬᠦ ᠠᠯᠳᠠᠷ ᠢᠶᠠᠨ ᠭᠭᠢᠷ ᠦᠭᠡᠢ ᠪᠠᠶᠢᠯᠭᠠᠶ᠎ᠠ ᠬᠡᠮᠡᠨ ᠰᠠᠷᠠᠨ ᠤ ᠭᠡᠷᠡᠯ ᠢᠶᠠᠷ ᠤᠬᠢᠶᠠᠯᠭᠠᠭᠰᠠᠭᠠᠷ ᠤᠨ ᠤᠳᠠᠯ᠎ᠠ ᠬᠦᠭᠡᠷᠤᠬᠦᠢ᠃ ᠦᠨᠡᠭᠡᠷ ᠴᠤ ᠬᠢᠰᠬᠢᠬᠦ ᠵᠠᠮ ᠤᠨ ᠮᠢᠨᠢ ᠪᠠᠭ᠎ᠠ ᠬᠠᠭᠠᠰ ᠢ ᠭᠡᠷᠡᠯᠲᠤ ᠰᠠᠷᠠ ᠲᠠᠭᠠᠭᠰᠠᠨ ᠪᠢᠯᠡ᠃ ᠦᠰᠦᠭᠰᠡᠨ ᠲᠦᠷᠦᠭᠰᠡᠨ ᠨᠤᠲᠤᠭ ᠲᠠᠭᠠᠨ  ᠬᠢᠬᠦ ᠪᠤᠲᠤᠬᠤ ᠶᠠᠭᠤᠮ᠎ᠠ ᠲᠠᠢ᠂ ᠦᠪᠡᠷ ᠤᠨ ᠵᠤᠷᠢᠭᠰᠠᠨ ᠬᠦᠰᠡᠭᠰᠡᠨ  ᠦᠢᠯᠡ  ᠳᠡᠭᠡᠨ ᠦᠯᠦ ᠰᠠᠭᠠᠷᠠᠬᠤ ᠡᠷᠳᠡᠨᠢ ᠶᠢᠨ ᠦᠨᠡᠨᠴᠢ ᠰᠡᠳᠬᠢᠯ ᠲᠠᠢ   ᠪᠠᠶᠢᠬᠤ ᠶᠢ ᠪᠢ ᠠᠮᠤᠷ ᠠᠮᠤᠭᠤᠯᠠᠩ ᠤᠨ ᠠᠭᠤᠯᠭ᠎ᠠ  ᠬᠡᠮᠡᠨ ᠰᠠᠨᠠᠨᠠᠮ᠃ ᠲᠡᠶᠢᠮᠦ ᠡ᠂ ᠰᠠᠷᠠᠨ ᠤ ᠢᠯᠡᠳᠲᠡ ᠦᠬᠦᠯᠡᠬᠦ ᠨᠡᠷ᠎ᠡ ᠶᠢ  ᠲᠠᠤᠯᠠᠶᠢᠲᠤ ᠭᠡᠲᠡᠭ᠃ ᠡᠷᠲᠡ ᠴᠠᠭ ᠲᠤ ᠨᠢᠭᠡᠨ ᠠᠷᠰᠢ ᠪᠢᠰᠢᠯᠭᠠᠯ ᠬᠢᠭᠡᠳ ᠶᠠᠳᠠᠷᠠᠬᠤ ᠳᠤ ᠨᠢᠭᠡᠨ ᠲᠠᠤᠯᠠᠢ ᠨᠢᠬᠦᠯᠡᠰᠬᠦᠢ ᠰᠡᠳᠬᠢᠯ ᠢᠶᠠᠷ  ᠲᠡᠷᠡ  ᠠᠷᠰᠢ ᠳᠤ ᠪᠡᠶ᠎ᠡ ᠪᠠᠨ ᠰᠢᠷᠠᠵᠤ ᠲᠡᠳᠬᠦᠭᠰᠡᠨ ᠢ  ᠪᠤᠷᠬᠠᠨ ᠪᠠᠭᠰᠢ ᠦᠵᠡᠭᠡᠳ ᠳᠦᠷᠦ ᠲᠦᠮᠡᠨ   ᠤ  ᠨᠢᠳᠦᠨ   ᠳᠤ ᠲᠡᠷᠡ ᠲᠠᠤᠯᠠᠢ ᠶᠢ ᠮᠦᠩᠭᠡᠵᠢᠬᠦᠯᠬᠦ ᠪᠠᠷ ᠲᠦᠷᠰᠦ ᠶᠢ ᠨᠢ ᠰᠠᠷᠠᠨ ᠳᠤ ᠲᠤᠬᠢᠶᠠᠭᠰᠠᠨ ᠭᠡᠭᠦ ᠲᠤᠮᠤᠭ ᠳᠡᠯᠭᠡᠷᠡᠭᠰᠡᠨ ᠠᠴᠠ  ᠰᠠᠷᠠᠨ ᠳᠤ ᠳᠠᠤᠯᠠᠶᠢᠳᠤ  ᠨᠡᠷ᠎ᠡ ᠰᠢᠩᠭᠡᠵᠡᠢ  ᠃  ᠵᠦᠪ  ᠦᠢᠯᠡᠰᠳᠡᠨ ᠳᠤᠮᠤᠭ ᠪᠤᠯᠤᠨ ᠮᠠᠨᠳᠤᠭᠠᠳ᠂  ᠲᠡᠷᠰ  ᠨᠤᠮᠳᠠᠳ  ᠬᠤᠮᠠᠭ ᠪᠤᠯᠤᠨ ᠬᠡᠶᠢᠰᠳᠡᠭ ᠭᠡᠨᠡᠮ᠃ ᠰᠠᠷᠠᠨ ᠳᠤ ᠪᠠᠰᠠ  ᠲᠠᠯᠠᠢ  ᠪᠠᠶᠠᠰᠬᠠᠭᠴᠢ ᠂ ᠰᠠᠷᠢᠬᠦᠨ ᠪᠤᠯᠭᠠᠭᠴᠢ  ᠂ ᠷᠠᠰᠢᠶᠠᠨ ᠭᠡᠷᠡᠯᠲᠤ  ᠂ ᠰᠠᠷᠢᠬᠦᠨ   ᠳᠤᠶᠠᠭᠠᠳᠤ  ᠬᠡᠮᠡᠬᠦ ᠶᠤᠭᠳᠠ  ᠨᠡᠷ᠎ᠡ ᠲᠠᠢ ᠪᠠᠶᠢᠳᠠᠭ᠃ ᠳᠡᠷᠡ   ᠨᠢ ᠪᠦᠭᠦᠳᠡ ᠠᠮᠤᠷ ᠠᠮᠤᠭᠤᠯᠠᠩ   ᠤᠨ ᠳᠠᠭᠤᠳᠠᠯᠭ᠎ᠠ  ᠪᠤᠯᠤᠨ᠎ᠠ᠃     ᠡᠴᠢᠨ᠎ᠡ ᠨᠠᠮ ᠰᠡᠯᠡᠬᠦᠨ ᠢ ᠰᠠᠷᠠ ᠪᠠᠷ ᠲᠡᠮᠲᠡᠭᠯᠡᠬᠦ ᠳᠤ ᠤᠨ ᠴᠠᠭ ᠤᠨ ᠰᠠᠨᠰᠠᠷ ᠲᠤ ᠰᠠᠷᠠ ᠦᠨᠡᠭᠡᠷ ᠴᠤ ᠰᠠᠷᠢᠬᠦᠨ ᠲᠤᠶᠠᠭᠠᠲᠤ᠂ ᠷᠠᠰᠢᠶᠠᠨ ᠭᠡᠷᠡᠯᠲᠤ᠂  ᠲᠠᠤᠯᠠᠶᠢᠲᠤ ᠰᠠᠨ᠃ ᠪᠢᠯᠢᠭ ᠤᠨ ᠠᠷᠪᠠᠨ ᠲᠠᠪᠤᠨ ᠳᠤ ᠲᠤᠲᠤᠨᠤ  ᠶᠢᠨ ᠰᠠᠶᠢᠬᠠᠨ ᠮᠢᠰᠢᠶᠡᠯ ᠢᠶᠠᠷ ᠲᠤᠷᠤᠨ᠎ᠠ ᠠᠴᠠ ᠮᠠᠨᠲᠤᠬᠤ ᠳᠠᠭᠠᠨ ᠰᠠᠪᠠ ᠰᠢᠮ᠎ᠡ ᠶᠢᠷᠳᠢᠨᠴᠤᠰ ᠢ ᠭᠡᠷᠡᠯ ᠢᠶᠠᠷ ᠤᠬᠢᠶᠠᠨ᠎ᠠ᠃ ᠠᠮᠤᠷ ᠠᠮᠤᠭᠤᠯᠠᠩ᠂ ᠴᠢᠯᠦᠭᠡ ᠡᠷᠭᠡ ᠶᠢᠨ ᠮᠦᠷᠦᠭᠡᠲᠤᠯ ᠢᠶᠠᠷ ᠦᠢᠯᠡᠰᠴᠢ ᠰᠢᠲᠤᠷᠭᠤ ᠬᠦᠮᠦᠰ ᠢ    ᠳᠤᠷᠭᠠᠨ ᠳᠤᠶᠠᠭ᠎ᠠ ᠪᠠᠷ  ᠳᠠᠭᠠᠯᠠᠨ‌ᠬᠤᠴᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号