ᠬᠠᠪᠤᠷ ᠤᠨ ᠤᠶᠠᠩᠭ᠎ᠠ
ᠨᠡᠶᠢᠲᠡᠯᠡᠭᠰᠡᠨ ᠴᠠᠭ᠄
2020-07-22
ᠬᠠᠪᠤᠷ ᠤᠨ ᠤᠶᠠᠩᠭ᠎ᠠ                                                                            ᠰ᠊᠂ ᠬᠤᠷᠴᠢᠨᠬᠦᠤ                        ᠣᠷᠢᠬᠠᠨ ᠬᠠᠪᠣᠷ ᠤᠨ ᠡᠭᠡᠯᠢᠳᠦ ᠨᠠᠷᠠᠨ ᠡᠬᠡ ᠭᠠᠵᠠᠷ ᠤᠨ ᠨᠢᠭᠤᠷ ᠶᠢ ᠭᠡᠷᠡᠯ ᠢᠯᠴᠢ  ᠪᠠᠷ ᠢᠶᠠᠨ ᠦᠨᠦᠰᠦᠨ ᠲᠠᠭᠠᠯᠠᠬᠤ ᠳᠤ ᠵᠡᠭᠦᠳᠦᠨ ᠤ ᠶᠢᠷᠳᠢᠨᠴᠦ ᠳᠤ ᠪᠠᠨ ᠲᠣᠭᠵᠢᠷᠠᠨ ᠨᠣᠶᠢᠷᠰᠤᠭ᠎ᠠ ᠲᠦᠮᠡ ᠪᠣᠳᠠᠰ ᠮᠢᠩᠭᠠᠨ ᠤᠷᠭᠤᠮᠠᠯ  ‍ᠣᠳ‌ᠠᠮᠢᠯᠠᠨ ᠰᠡᠷᠭᠦᠵᠦ᠂ ᠬᠠᠪᠣᠷ ᠤᠨ  ᠪᠠᠶᠠᠰᠬᠤᠯᠠᠩᠳᠣ ᠲᠠᠭᠤᠤ ᠪᠠᠨ ᠡᠬᠡ ᠪᠠᠶᠢᠭᠠᠯᠢ ᠳᠤ  ᠪᠠᠨ‌ᠡᠷᠭᠦᠨ ᠣᠶᠠᠩᠭᠠᠯᠠᠨ᠎ᠠ᠃                       ᠬᠦᠬᠡ ᠴᠡᠩᠭᠡᠷ ᠣᠭᠳᠠᠷᠭᠤᠢ ᠳᠤ  ᠬᠦᠪᠦᠩ ᠴᠠᠭᠠᠨ ᠡᠭᠦᠯᠡᠰ  ᠬᠦᠭᠡᠷᠦᠭᠦᠯᠦᠭᠰᠡᠨ ᠰᠦ ᠰᠢᠭ ᠦᠷᠦᠮᠳᠡᠨ ᠬᠦᠪᠪᠦᠯᠵᠡᠵᠦ᠂ ᠬᠦᠳᠡᠭᠡ ᠲᠠᠯ᠎ᠠ ᠶᠢᠨ ᠬᠦᠨᠳᠡᠢ ᠭᠤᠪᠢ ᠪᠠᠷ  ᠦᠬᠡᠷ  ᠬᠤᠨᠢᠳ ᠲᠠᠷᠬᠠᠨ ᠪᠡᠯᠴᠢᠭᠡᠷᠯᠡᠭᠡᠳ᠂ ᠲᠠᠩᠰᠤᠭ  ᠨᠤᠮᠢᠨ ᠵᠦᠯᠭᠡᠨ ᠲᠡᠭᠡᠷ᠎ᠡ ᠲᠠᠨ᠎ᠠ ᠰᠣᠪᠣᠳ ᠢ ᠰᠢᠬᠢᠳᠭᠡᠭᠰᠡᠨ ᠰᠢᠭ ᠠᠯᠠᠭᠯᠠᠨ ᠬᠠᠷᠠᠭᠳᠠᠵᠣ᠂ ᠲᠠᠷᠠᠭ ᠠᠶᠢᠷᠠᠭ ᠤᠨ ᠠᠩᠭᠢᠯᠤᠮ᠎ᠠ ᠦᠨᠦᠷ ᠠᠶᠠᠰ ᠤᠨ ᠰᠠᠯᠬᠢᠨ ᠳᠤ ᠬᠠᠶᠠ ᠬᠠᠶᠠ ᠦᠨᠦᠷᠳᠦᠭᠳᠡᠬᠦ  ᠨᠢ ᠬᠤᠷᠴᠢᠨ ᠮᠣᠩᠭᠤᠯᠴᠣᠳ ᠤᠨ ᠬᠠᠷᠠᠮᠴᠢ ᠦᠭᠡᠢ ᠦᠭᠭᠢᠶᠡᠮᠦᠷᠴᠢ ᠵᠠᠩ   ᠢ ᠦᠪᠡᠷ ᠤᠨ ᠡᠷᠬᠡ ᠦᠭᠡᠢ ᠰᠠᠨᠠᠭᠳᠠᠭᠤᠯᠳᠠᠭ ᠰᠠᠨ᠃                        ᠬᠠᠪᠣᠷ ᠪᠣᠯᠣᠯ᠎ᠠ᠂ ᠬᠠᠷᠢᠶᠠᠴᠠᠢ ᠢᠷᠡᠯ᠎ᠡ᠂ ᠡᠭᠦᠷ ᠪᠠᠷᠢᠯ᠎ᠠ᠂ ᠦᠨᠳᠡᠭᠡ ᠲᠦᠷᠦᠯ᠎ᠡ ᠭᠡᠵᠦ ᠪᠠᠭᠠᠷᠢᠨ ᠨᠣᠳᠤᠭ ᠲᠠᠢ  ᠮᠠᠯᠴᠢᠨ ᠠᠷᠠᠳ ᠪᠠᠳᠮᠠᠨᠢᠩᠪᠤ  ᠂ ᠬᠠᠰᠬᠤᠸᠠᠷ   ᠤᠨ ᠬᠦᠦ ᠡᠷᠳᠡᠮᠳᠡᠨ ᠪᠠᠭᠰᠢ ᠪ᠊᠂ ᠪᠦᠷᠢᠨᠪᠠᠬᠢ ᠮᠠᠨᠢ ᠪᠣᠰᠤᠭ᠎ᠠ ᠮᠤᠩᠭᠤᠯ ᠰᠣᠶᠣᠯ ᠢᠶᠠᠷ ᠢᠶᠠᠨ ᠬᠠᠪᠣᠷ ᠤᠨ ᠬᠦᠳᠦᠴᠢ ᠬᠠᠷᠢᠶᠠᠴᠠᠢ ᠶᠢᠨ ᠲᠣᠬᠠᠢ ᠬᠠᠪᠣᠳᠠᠢ ᠰᠠᠶᠢᠬᠠᠨ  ᠤᠶᠠᠩᠭᠠᠯᠠᠵᠣ  ᠰᠢᠯᠦᠭᠯᠡᠭᠰᠡᠨ ᠶᠣᠮ᠃                        ᠠ︕ ᠨᠣᠳᠤᠭ ᠤᠨ ᠮᠢᠨᠢ  ᠬᠠᠪᠣᠷ  ᠶᠠᠭᠤᠳᠠᠢ ᠣᠶᠠᠨ ᠲᠣᠯᠠᠭᠠᠨ ᠶᠣᠮ ᠪᠣᠢ︕ ᠨᠡᠭᠦᠳᠡᠯ ᠤᠨ ᠰᠢᠪᠠᠭᠤᠳ ᠭᠠᠩᠭᠠᠨᠠᠯᠳᠣᠨ ᠬᠢᠯᠬᠢᠶᠡᠯᠳᠦᠨ ᠨᠠᠭᠤᠷ ᠪᠦᠷᠢᠳᠦ ᠶᠢᠨ ᠵᠡᠭᠡᠰᠦ ᠬᠤᠯᠣᠰᠣᠨ ᠳᠤ  ᠲᠡᠪᠳᠡᠷᠡᠨ  ᠪᠠᠭᠤᠵᠣ ᠣᠷᠣᠨ ᠰᠠᠭᠤᠴᠠ ᠪᠠᠨ ᠰᠠᠯᠪᠢᠨ ᠶᠠᠭᠠᠷᠠᠬᠤ ᠳᠤ᠂ ᠨᠠᠭᠤᠷ ᠤᠨ ᠬᠦᠪᠡᠭᠡᠨ ᠳᠤ ᠰᠦᠷᠦᠭ ᠤᠨ ᠮᠠᠩᠯᠠᠢ ᠡᠭᠦᠯᠡᠨ ᠬᠦᠬᠡ ᠠᠵᠢᠷᠭ᠎ᠠ ᠴᠦ ᠦᠷᠢᠶ᠎ᠡ᠂ ᠪᠠᠶᠢᠳᠠᠰᠤ ᠪᠠᠨ ᠰᠦᠷᠦᠭ ᠠᠴᠠ ᠪᠠᠨ ᠭᠠᠳᠠᠭᠰᠢ ᠬᠦᠭᠡᠭᠡᠵᠦ ᠬᠠᠷᠢ ᠳᠤ ᠮᠣᠷᠳᠠᠭᠤᠯᠣᠨ ᠶᠠᠪᠣᠭᠤᠯᠬᠤ ᠶᠢᠨ ᠬᠠᠮᠳᠣ ᠬᠠᠷᠢ ᠶᠢᠨ ᠰᠦᠷᠦᠭ ᠠᠴᠠ ᠬᠤᠷᠢᠮᠯᠠᠵᠣ ᠢᠷᠡᠭᠰᠡᠨ ᠰᠢᠨ᠎ᠡ ᠪᠠᠶᠢᠳᠠᠰᠣ ᠶᠢ ᠲᠣᠰᠣᠨ ᠠᠪᠴᠣ ᠣᠷᠤᠭ ᠬᠤᠷᠢᠮ ᠬᠢᠵᠦ ᠶᠠᠭᠠᠷᠠᠯᠳᠠᠢ ᠪᠠᠶᠢᠳᠠᠭ᠃ ᠲᠠᠷᠢᠶᠠᠴᠢᠨ ᠠᠷᠠᠳ ᠲᠠᠷᠢᠶ᠎ᠠ ᠲᠦᠮᠦᠰᠦ ᠪᠠᠨ ᠲᠠᠷᠢᠵᠣ  ᠣᠨᠠᠭᠰᠠᠨ ᠮᠠᠯᠠᠭᠠᠢ ᠶᠢ ᠠᠪᠬᠤ ᠵᠠᠪ ᠦᠭᠡᠢ ᠭᠡᠬᠦᠯᠡᠷ ᠮᠠᠯᠴᠢᠨ ᠲᠦᠮᠡᠨ ᠲᠦᠯ ᠲᠣᠰᠴᠣ ᠣᠴᠠᠷᠠᠭᠰᠠᠨ ᠬᠦᠮᠦᠨ ᠲᠠᠢ ᠬᠡᠯᠡᠯᠴᠡᠬᠦ ᠴᠢᠯᠦᠭᠡ ᠦᠭᠡᠢ  ᠶᠠᠭᠠᠷᠠᠯᠳᠠᠢ ᠪᠠᠶᠢᠳᠠᠭ᠃ ᠰᠣᠷᠭᠠᠭᠤᠯᠢ ᠶᠢᠨ ᠬᠦᠷᠢᠶᠡᠨ ᠳᠤ ᠬᠡᠦᠬᠡᠳ ᠪᠠᠭᠠᠴᠣᠳ ᠰᠢᠨ᠎ᠡ ᠨᠣᠮ ᠲᠠᠢ ᠪᠠᠨ ᠵᠣᠯᠭᠠᠵᠣ᠂ ᠰᠢᠨ᠎ᠡ ᠮᠡᠳᠡᠯᠭᠡ ᠡᠵᠡᠮᠰᠢᠨ ᠪᠠᠶᠠᠷ ᠬᠦᠷ ᠲᠠᠢ ᠲᠣᠭᠯᠠᠨ   ᠬᠦᠭᠡᠷᠦᠯᠳᠦᠨ᠎ᠡ᠃                      ᠬᠡᠦᠬᠡᠨ ᠬᠠᠪᠤᠷ  ᠮᠢᠨᠢ   ᠲᠠᠭᠤ ᠱᠣᠤ ᠲᠠᠢ ᠡᠬᠡ ᠨᠤᠳᠤᠭ ᠲᠤ ᠮᠢᠨᠢ ᠮᠤᠷᠢᠯᠠᠨ ᠰᠠᠭᠠᠳᠠᠭᠠᠳ᠂ ᠭᠤᠪᠢ ᠬᠦᠨᠳᠡᠢ᠂ ᠲᠣᠪᠤ ᠲᠡᠨᠵᠢ᠂ ᠦᠷᠭᠡᠨ ᠲᠠᠯ᠎ᠠ᠂  ᠦᠨᠳᠦᠷ ᠠᠭᠤᠯᠠ ᠶᠢᠨ ᠡᠩᠭᠡᠷ ᠤᠨ ᠬᠠᠭᠳᠠ ᠡᠪᠡᠰᠦ ᠶᠢ ᠲᠠᠭᠤᠳᠠᠨ ᠰᠡᠷᠢᠭᠡᠵᠦ  ᠴᠡᠯ ᠨᠣᠭᠤᠭᠠᠨ ᠢᠶᠠᠷ ᠦᠩᠭᠡᠯᠡᠬᠦ ᠳᠤ᠂ ᠬᠤᠷᠠᠭ᠎ᠠ ᠢᠰᠢᠭᠡ᠂ ᠣᠨᠠᠭ᠎ᠠ ᠲᠠᠭ᠎ᠠ᠂ ᠲᠣᠭᠤᠯ ᠪᠣᠳᠣᠭᠤ ᠤᠳ ᠮᠠᠶᠢᠯᠠᠨ᠂  ᠮᠦᠭᠡᠷᠡᠨ᠂ ᠪᠤᠶᠢᠯᠠᠨ   ᠬᠦᠭᠵᠢᠮᠳᠡᠬᠦ   ᠳᠤ᠂ ᠲᠠᠯ᠎ᠠ ᠨᠣᠳᠤᠭ ᠤᠨ ᠠᠯᠳᠠᠨ ᠭᠤᠤᠷᠭᠤᠯᠳᠠᠢ ᠣᠶᠠᠩᠭᠠᠨ ᠡᠭᠡᠰᠢᠭ   ᠢᠶᠠᠨ ᠡᠷᠭᠦᠬᠦ ᠳᠤ᠂ ᠵᠤᠶᠢᠯ ᠪᠦᠷᠢ ᠶᠢᠨ ᠵᠢᠭᠦᠷᠳᠡᠨ ᠰᠢᠪᠠᠭᠤᠳ ᠠᠶ᠎ᠠ ᠨᠡᠶᠢᠯᠡᠭᠦᠯᠦᠨ  ᠨᠠᠶᠢᠷᠠᠯ ᠬᠦᠭᠵᠢᠮ ᠡᠭᠦᠰᠭᠡᠯ᠎ᠡ᠃ ᠣᠰᠣᠨ ᠰᠢᠪᠠᠭᠤᠳ ᠨᠠᠭᠤᠷ ᠤᠨ ᠣᠰᠣᠨ ᠳᠤ ᠵᠢᠭᠦᠷ ᠲᠡᠯᠭᠡᠨ ᠨᠠᠰᠢ ᠴᠠᠰᠢ ᠱᠣᠩᠭᠤᠨ ᠲᠡᠪᠳᠡᠷᠡᠨ ᠵᠢᠭᠠᠰᠣ ᠪᠠᠷᠢᠨ ᠬᠦᠭᠡᠷᠡᠯᠳᠦᠬᠦ ᠳᠤ᠂ ᠣᠳᠠ ᠣᠯᠢᠶᠠᠰᠣᠨ ᠲᠡᠭᠡᠷ᠎ᠡ ᠣᠷᠠᠨ ᠰᠢᠪᠠᠭᠤ ᠡᠭᠦᠷ ᠪᠠᠷᠢᠨ ᠱᠣᠯᠣᠭᠠᠨᠠᠨ᠎ᠠ  ᠃                    ᠬᠠᠶᠢᠯ ᠤᠨ ᠣᠰᠣᠨ ᠳᠤ ᠬᠤᠨ ᠤ ᠰᠦᠷᠦᠭ ᠬᠤᠷᠭᠤᠳᠠᠨ  ᠪᠠᠭᠤᠯ᠎ᠠ᠂ ᠬᠠᠳᠣᠨ ᠨᠠᠷᠠ᠂ ᠬᠠᠨ ᠲᠡᠯᠡᠬᠡᠢ᠂ ᠬᠠᠨᠠᠭᠠᠷ  ᠲᠠᠯ᠎ᠠ ᠳᠤ ᠬᠠᠯᠠᠭᠤᠨ ᠠᠮᠢᠰᠬᠤᠯ᠂ ᠪᠦᠯᠢᠶᠡᠨ ᠠᠭᠤᠷ ᠢᠶᠠᠷ ᠢᠶᠠᠨ ᠦᠵᠡᠰᠭᠦᠯᠡᠩᠳᠦ ᠶᠢᠷᠳᠢᠨᠴᠣ ᠶᠢ ᠣᠷᠢᠨ ᠠᠪᠴᠢᠷᠠᠵᠤ᠂ ᠬᠦᠮᠦᠨ ᠠᠷᠠᠳ ᠲᠠᠭᠠᠨ ᠬᠦᠰᠡᠯ ᠤᠨ ᠲᠠᠯᠠᠪᠴᠢ ᠣᠷᠭᠤᠭᠤᠯᠣᠨ ᠪᠠᠶᠢᠯ᠎ᠠ᠃  ᠬᠠᠪᠣᠷ ᠡ ᠭᠡᠵᠦ ᠶᠠᠭᠤᠳᠠᠢ ᠰᠠᠶᠢᠬᠠᠨ︕  ᠬᠠᠶᠢᠯ ᠤᠨ ᠣᠰᠣ ᠬᠠᠯᠬᠢᠯᠠᠨ ᠱᠣᠤᠬᠢᠵᠣ᠂ ᠬᠠᠯᠠᠭᠤᠨ ᠰᠠᠯᠬᠢ ᠮᠠᠷ ᠮᠠᠷ ᠦᠯᠢᠶᠡᠵᠦ᠂ ᠣᠳᠠ ᠣᠯᠢᠶᠠᠰᠣ ᠭᠦᠯᠦᠭᠯᠡᠨ ᠨᠠᠪᠴᠢᠯᠠᠵᠣ  ᠂ ᠣᠷᠠᠨ ᠪᠢᠯᠵᠣᠤᠬᠠᠢ  ᠬᠠᠯᠢᠨ ᠵᠢᠷᠭᠢᠨ᠂ ᠪᠣᠳᠠᠨ ᠤ ᠨᠣᠭᠤᠭ᠎ᠠ ᠪᠤᠯᠳᠠᠯᠵᠠᠨ᠂ ᠪᠤᠨᠳᠣᠭᠠᠷ ᠵᠢᠭᠠᠯᠴᠣᠳ ᠵᠣᠤᠮᠠᠯᠵᠠᠨ᠂ ᠲᠠᠩᠰᠤᠭ ᠰᠦᠷᠦᠭ ᠢᠷᠠᠯᠵᠠᠨ᠂ ᠲᠠᠯ᠎ᠠ ᠶᠢᠨ ᠮᠠᠯᠴᠢᠳ ᠲᠦᠯ ᠲᠣᠰᠴᠣ ᠶᠠᠭᠠᠷᠠᠯᠳᠣᠨ᠂ ᠲᠠᠷᠢᠶᠠᠴᠢᠨ ᠲᠦᠮᠡᠨ ᠭᠠᠵᠠᠷ ᠬᠠᠭᠠᠯᠪᠣᠷᠢᠯᠠᠨ ᠮᠤᠩᠭᠠᠨᠢᠨ᠎ᠠ  ᠃ ᠲᠦᠮᠡᠨ ᠠᠮᠢᠳᠠᠨ ᠲᠦᠯᠵᠢᠨ ᠦᠷᠡᠵᠢᠨ᠂ ᠣᠷᠣᠰᠢᠨ ᠣᠷᠣᠩᠨᠠᠬᠤ ᠳᠠᠭᠠᠨ ᠦᠪᠡᠷ ᠦᠪᠡᠷ ᠤᠨ  ᠬᠦᠳᠡᠯᠮᠦᠷᠢ ᠪᠠᠷ ᠢᠶᠠᠨ ᠣᠷᠢᠬᠠᠨ ᠬᠠᠪᠣᠷ ᠢᠶᠠᠨ ᠣᠭᠳᠣᠵᠣ ᠣᠶᠠᠩᠭᠠᠯᠠᠨ  ᠮᠦᠰᠢᠶᠡᠯ᠎ᠡ︕      ᠬᠠᠶ᠋ᠢᠭ᠄  ᠬᠤᠷᠴᠢᠨ ᠪᠠᠷᠠᠭᠤᠨ ᠭᠠᠷᠣᠨ ᠳᠤᠮᠳᠠᠳᠣ ᠬᠤᠰᠢᠭᠤᠨ ᠤ ᠡᠮᠳᠦ ᠶᠢᠨ ᠭᠤᠤᠯ ᠰᠣᠮᠣ‌‍ᠶᠢᠨ ᠴᠠᠭᠠᠨᠪᠣᠬ᠎ᠠ ᠪᠠᠭ᠎ᠠ ᠰᠣᠷᠭᠠᠭᠤᠯᠢ                        ᠭᠠᠷ ᠤᠳᠠᠰᠤ᠄15248574044                                                       2018᠂ 3᠂ 27
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号