ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠡᠷᠬᠢᠨ ᠰᠠᠶᠢᠳ ᠲᠤᠭᠳᠠᠬᠤ ᠶᠢᠨ ᠲᠤᠬᠠᠢ ᠤᠷᠴᠢᠭᠤᠯᠤᠨ | ᠡᠮᠬᠢᠳᠭᠡᠨ ᠨᠡᠶᠢᠳᠡᠯᠡᠯ᠎ᠡ᠃ ᠲᠤᠭᠳᠠᠬᠤ ᠶᠢᠨ ᠲᠤᠬᠠᠢ ᠤᠶᠢᠭᠤᠷᠵᠢᠨ ᠮᠤᠩᠭᠤᠯ ᠢᠶᠠᠷ ᠪᠢᠴᠢᠭᠰᠡᠨ ᠵᠤᠬᠢᠶᠠᠯ ᠪᠠᠶᠢᠬᠤ | ᠭᠡᠳᠡᠭ ᠨᠢ ᠯᠠᠪᠳᠠᠢ᠃ ᠲᠠᠪᠬᠤᠷᠳᠠᠭᠰᠠᠨ ᠪᠠᠶᠢᠬᠤ ᠭᠡᠳᠡᠭ ᠨᠢ ᠮᠠᠷᠭᠤᠰᠢ ᠦᠭᠡᠢ᠃ ᠠᠳᠡ ᠵᠤᠬᠢᠶᠠᠯᠴᠢ᠂ | ᠤᠷᠴᠢᠭᠤᠯᠤᠭᠴᠢ ᠨᠠᠷ ᠠᠴᠠ ᠠᠭᠤᠴᠢᠯᠠᠯ ᠬᠦᠰᠡᠰᠦ᠃ ᠶᠤᠸᠠᠨ ᠤᠯᠤᠰ ᠤᠨ ᠠᠯᠳᠠᠷᠳᠤ ᠵᠠᠩᠵᠤᠨ ᠴᠠᠭᠠᠨᠳᠡᠮᠦᠷ | ᠲᠤᠤᠷᠠᠬᠢ ᠬᠦᠮᠦᠨ ᠲᠡᠭᠡᠨ ᠬᠤᠤᠷᠯᠠᠭᠳᠠᠵᠤ᠂ ᠪᠤᠯᠤᠳᠡᠮᠦᠷ ᠡᠵᠡᠨ ᠬᠠᠭᠠᠨ ᠤ ᠶᠠᠪᠤᠭᠤᠯᠤᠭᠰᠠᠨ ᠬᠦᠮᠦᠨ ᠳᠤ | ᠠᠯᠠᠭᠳᠠᠵᠤ᠂ ᠠᠯᠠᠭᠳᠠᠮᠡᠦᠷ ︵ ᠦᠭᠡᠳᠠᠢ ᠬᠠᠭᠠᠨ ᠤ ᠬᠤᠶᠢᠴᠢᠰ ︶ ᠬᠠᠭᠠᠨ ᠤ ᠴᠡᠷᠢᠭ ᠲᠤ ᠠᠯᠠᠭᠳᠠᠵᠤ᠂ | ᠲᠤᠭᠳᠠᠬᠤ ᠨᠢ ᠦᠪᠡᠷ ᠤᠨ ᠲᠡᠪᠰᠢᠭᠦᠯᠦᠭᠰᠡᠨ ᠶᠡᠭᠡ ᠰᠠᠶᠢᠳ ᠤᠨ ᠬᠤᠪ ᠦᠭᠡ ᠬᠠᠭᠤᠷᠮᠠᠭ ᠵᠤᠤ᠂ ᠬᠤᠤᠷᠳᠤ | ᠲᠠᠷᠠᠰᠤᠨ ᠳᠤ ᠦᠭᠦᠵᠠᠢ᠃ ᠠᠳᠡ ᠡᠷᠳᠡᠨ ᠤ ᠮᠤᠩᠭᠤᠯ ᠬᠦᠮᠦᠨ ᠤ ᠨᠡᠷ᠎ᠡ ᠶᠢ ᠪᠤᠴᠠᠭᠠᠨ ᠪᠠᠭᠤᠯᠭᠠᠭᠰᠠᠨ ᠲᠠᠯ᠎ᠠ | ᠪᠠᠷ ᠤᠨᠤᠪᠴᠢ ᠦᠭᠡᠢ ᠂ ᠲᠠᠰᠢᠶ᠎ᠠ ᠦᠰᠦᠭ ᠢᠶᠠᠷ ᠡᠯᠪᠡᠭ᠂ ᠨᠠᠶᠢᠷᠠᠭᠤᠯᠭ᠎ᠠ ᠪᠠᠷ ᠮᠠᠭᠤ ᠵᠡᠷᠭᠡ ᠤᠯᠠᠨ | ᠠᠭᠤᠴᠢᠯᠠᠰᠢ ᠦᠭᠡᠢ ᠲᠤᠳᠠᠭᠳᠠᠯ ᠪᠠᠶᠢᠬᠤ ᠨᠢ ᠯᠠᠪᠳᠠᠢ᠂ ᠲᠠᠨᠠᠷ ᠪᠤᠯᠭᠤᠭᠠᠨ ᠤᠩᠰᠢᠭᠠᠷᠠᠢ᠃ | | ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠡᠷᠬᠢᠨ ᠰᠠᠶᠢᠳ ᠲᠤᠭᠳᠠᠬᠤ | ᠲᠤᠭᠳᠠᠬᠤ ᠂ ︵1314 — 1356︶ ᠂ ᠡᠷᠭᠦᠭᠰᠡᠨ ᠨᠡᠷ᠎ᠡ ᠨᠢ ᠳ᠋ᠠ ᠶᠦᠩ ᠂ ᠬᠠᠰᠠᠭ ᠤᠨ | ᠮᠡᠷᠬᠢᠳ ᠤᠪᠤᠭᠳᠠᠨ ᠂ ᠪᠠᠰᠠ ᠲᠤᠭᠳᠠᠬᠤᠳᠡᠮᠦᠷ ᠭᠡᠳᠡᠭ ᠃ ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ | ᠤᠯᠤᠰ ᠲᠦᠷᠦᠴᠢᠨ ᠂ ᠴᠡᠷᠢᠭ ᠤᠨ ᠡᠷᠳᠡᠮᠳᠡᠨ ᠃ ᠶᠡᠭᠡ ᠠᠪᠠᠭ᠎ᠠ ᠨᠢ ᠪᠠᠶᠠᠨ ᠂ ᠡᠴᠢᠭᠡ ᠨᠢ | ᠮᠠᠷᠭᠤᠳᠠᠢ᠃ ᠷᠧᠨᠽᠦ᠋ᠩ ᠬᠠᠭᠠᠨ ᠤ ᠦᠶ᠎ᠡ ᠠᠴᠠ ᠴᠢᠬᠤᠯᠠ ᠲᠦᠰᠢᠮᠡᠯ ᠪᠤᠯᠵᠤ ᠪᠠᠶᠠᠨ ᠤ ᠴᠧᠩᠰᠢᠶᠡᠩ | ᠤᠨ ᠲᠤᠰᠢᠶᠠᠯ ᠠᠴᠠ ᠤᠭᠴᠠᠷᠠᠭᠰᠠᠨ ᠤ ᠲᠠᠷᠠᠭ᠎ᠠ ᠵᠦᠩᠱᠦ ᠪᠠᠷᠠᠭᠤᠨ ᠭᠠᠷᠤᠨ ᠴᠧᠩᠰᠢᠶᠡᠩ ᠢᠶᠠᠷ ᠪᠠᠶᠢᠷᠰᠢᠵᠠᠢ᠃ | | ᠲᠤᠭᠳᠠᠬᠤ ᠬᠠᠷᠠᠬᠠᠨ ᠪᠠᠭ᠎ᠠ ᠠᠴᠠ ᠪᠠᠨ ᠪᠠᠶᠠᠨ ᠤ ᠭᠡᠷ ᠲᠤ ᠦᠰᠴᠦ ᠡᠦ ᠵᠧᠩ ᠹᠠᠩ ᠢ ᠪᠠᠭᠰᠢ ᠪᠤᠯᠭᠠᠨ | ᠪᠢᠴᠢᠭ ᠤᠨ ᠰᠤᠷᠭᠠᠯ ᠢ ᠭᠦᠨ ᠬᠦᠷᠳᠡᠵᠠᠢ᠃ ᠪᠠᠭ᠎ᠠ ᠦᠶ᠎ᠡ ᠶᠢᠨ ᠲᠤᠭᠳᠠᠬᠤ ᠮᠦᠷᠦ ᠶᠢᠨ ᠬᠦᠴᠦ | ᠤᠯᠠᠨ ᠠᠴᠠ ᠬᠡᠳᠦᠶᠢᠳᠴᠦ ᠨᠢᠭᠡ ᠳ᠋ᠠᠨ ᠤ ᠨᠤᠮᠤ ᠲᠠᠳᠠᠵᠤ ᠲᠡᠶᠢᠯᠡᠮᠦᠢ ᠃ ᠦᠰᠦᠨ ᠪᠢᠷ ᠤᠨ ᠲᠢᠩ ᠨᠢ | ᠶᠠᠨ ᠵᠧᠨ ᠴᠢᠩ ᠤᠨ ᠬᠡᠪ ᠨᠠᠮᠪᠠᠳᠠᠢ᠂ ᠂ ᠤᠷᠠᠨ ᠵᠢᠷᠤᠭ ᠲᠤ ᠪᠠᠭ᠋ᠠᠳᠠᠢ᠂ ᠲᠡᠷᠡᠪᠡᠷ ᠪᠢᠴᠢᠭ ᠤᠨ | ᠰᠤᠷᠭᠠᠯᠳᠠᠨ ᠤ ᠪᠠᠷᠢᠮᠵᠢᠶ᠎ᠠ ᠪᠠᠷ ᠬᠦᠮᠦᠨ ᠪᠤᠯᠵᠤ ︽ ᠡᠷᠳᠡᠨ ᠤ ᠬᠦᠮᠦᠨ ᠤ ᠰᠤᠷᠭᠠᠯ ᠲᠠᠭᠤᠷᠢᠶᠠᠯ ᠢ | ᠴᠠᠭ ᠢᠮᠠᠭᠳᠠ ᠴᠡᠭᠡᠵᠢᠯᠡᠵᠦ ᠂ ᠨᠠᠰᠤᠨ ᠲᠤᠷᠰᠢᠳᠠ ᠬᠡᠷᠡᠭᠯᠡᠮᠦᠢ︾ ᠭᠡᠰᠡᠨ ᠨᠡᠷᠡᠳᠦ ᠦᠭᠡ ᠶᠢ ᠦᠯᠡᠳᠡᠭᠡᠵᠠᠢ᠃ | | ᠪᠠᠶᠠᠨ ᠤ ᠲᠤᠰᠢᠶᠠᠯ ᠬᠡᠳᠦᠶᠢᠳᠡᠭᠰᠡᠨ ᠠᠴᠠ ᠶᠠᠨ ᠸᠠᠩ ᠰᠡᠴᠡᠨᠳᠦ ᠶᠢ ᠠᠯᠠᠵᠤ᠂ ᠰᠢᠦᠸᠠᠨ ᠸᠠᠩ | ᠲᠡᠮᠦᠷᠪᠤᠭᠠ ᠶᠢ ᠪᠠᠭᠤᠷᠠᠭᠤᠯᠵᠤ᠂ ᠰᠦᠨ ᠸᠠᠩ ᠬᠤᠸᠠᠭᠴᠢᠪᠤᠬᠠ ᠶᠢ ᠰᠦᠷ ᠢᠶᠠᠷ ᠰᠢᠯᠵᠢᠭᠦᠯᠵᠠᠢ ᠃ | 1338 ᠤᠨ ᠳᠤ ᠪᠠᠶᠠᠨ ᠬᠢᠭᠡᠳ ᠬᠤᠸᠠᠩ ᠲᠠᠶᠢᠬᠡᠦ ᠵᠦᠪᠰᠢᠶᠡᠯᠳᠤᠵᠤ ᠡᠰᠡᠨᠲᠡᠭᠦᠰ ᠢ ᠬᠤᠤᠷᠯᠠᠵᠤ | ᠲᠤᠭᠤᠭᠠᠨᠳᠡᠮᠦᠷ ᠶᠢᠨ ᠪᠠᠭᠤᠷᠠᠭᠤᠯᠬᠤ ᠴᠢᠮᠡᠭᠡ ᠶᠢ ᠲᠤᠭᠳᠠᠬᠤ ᠤᠯᠵᠤ ᠰᠤᠨᠤᠰᠤᠭᠠᠳ ᠡᠦ ᠵᠧᠩ ᠹᠠᠩ ᠳᠤ | ᠶᠠᠷᠢᠭᠰᠠᠨ ᠳᠤ ᠬᠠᠷᠢᠭᠤ ᠵᠢᠭᠠᠷᠤᠨ ᠄ ︽ ᠨᠢᠭᠤᠴᠨ ᠶᠢ ᠠᠨᠤ ᠡᠵᠡᠨ ᠳᠤ ᠮᠡᠳᠡᠭᠦᠯᠦᠭᠳᠤᠨ ᠂ ᠡᠵᠡᠨ ᠰᠡᠷᠡᠭᠰᠡᠨ | ᠤ ᠲᠠᠷᠠᠭ᠎ᠠ ᠰᠡᠷᠭᠡᠶᠢᠯᠡᠬᠦ ᠪᠤᠯᠳᠤᠭᠠᠢ ︾ ᠭᠡᠵᠠᠢ ᠃ ︵ ᠴᠢᠤᠸᠠᠨ ᠾᠧᠩ ︽ ᠴᠠᠭᠠᠨ ᠪᠡᠴᠢᠨ ᠵᠢᠯᠤᠨ ᠤ | ᠰᠤᠯᠠ ᠲᠡᠦᠭᠡ ︾ ︶ ᠃ ᠢᠩᠬᠢᠵᠤ ᠲᠤᠭᠳᠠᠬᠤ ᠬᠢᠭᠡᠳ ᠲᠤᠭᠤᠭᠠᠨᠳᠡᠮᠦᠷ ᠬᠠᠮᠳᠤ ᠶᠢᠨ ᠦᠵᠡᠯ ᠰᠠᠨᠠᠭᠠᠨ ᠤ | ᠰᠠᠭᠤᠷᠢ ᠲᠠᠢ ᠪᠤᠯᠵᠠᠢ᠃ | 1340 ᠤᠨ ᠤ 2 ᠰᠠᠷ᠎ᠠ ᠳᠤ ᠪᠠᠶᠠᠨ ᠲᠤᠭᠤᠭᠠᠨᠳᠡᠮᠦᠷ ᠢ ᠤᠷᠢᠵᠤ ᠠᠪᠠᠯᠠᠰᠤ ᠬᠡᠮᠡᠭᠰᠡᠨ ᠳᠤ ᠬᠠᠭᠠᠨ | ᠡᠪᠡᠳᠴᠢᠨ ᠳᠤ ᠰᠢᠯᠳᠠᠵᠤ ᠦᠯᠦ ᠭᠠᠷᠤᠭᠰᠠᠨ ᠳᠤ ᠪᠠᠶᠠᠨ ᠲᠠᠶᠢᠽᠢ ᠡᠰᠡᠨᠲ᠋ᠡᠭᠦᠰ ᠢ ᠤᠷᠢᠵᠤ ᠬᠠᠮᠳᠤ ᠠᠪᠠᠯᠠᠷ᠎ᠠ | ᠭᠠᠷᠴᠠᠢ᠃ ᠲᠤᠭᠳᠠᠬᠤ ᠬᠠᠭᠠᠨ ᠳᠤ ᠨᠢᠭᠤᠴᠨ ᠪᠠᠷ ᠦᠭᠦᠯᠡᠷᠦᠨ ︽ ᠶᠡᠭᠡ ᠠᠪᠠᠭ᠎ᠠ ᠤᠨᠳᠤᠤ ᠰᠡᠳᠬᠢᠯ ᠢ | ᠪᠠᠷᠢᠵᠤᠬᠤᠢ᠂ ᠤᠯᠠᠨ ᠴᠡᠷᠢᠭ ᠮᠤᠷᠢᠳ ᠢ ᠲᠠᠭᠠᠭᠤᠯᠵᠤ ᠶᠠᠪᠤᠬᠤ ᠨᠢ ᠲᠦᠷᠦ ᠭᠦᠷᠦᠨ ᠳᠤ ᠠᠰᠢᠭ ᠦᠭᠡᠢ ︾ ᠃ | ᠲᠤᠭᠳᠠᠬᠤ ᠰᠢ ᠵᠢᠶᠧ ᠪᠠᠨ᠂ ᠠᠯᠤᠬ᠎ᠠ ᠨᠠᠷ ᠯᠤᠭ᠎ᠠ ᠵᠦᠪᠯᠡᠵᠦ ᠵᠢᠩ ᠬᠤᠳᠠ ᠶᠢ ᠡᠷᠭᠡᠰᠢᠶᠡᠵᠠᠢ᠃ ᠲᠤᠰ | ᠰᠦᠨᠢ ᠳᠤ ᠲᠤᠭᠤᠭᠠᠨᠳᠡᠮᠦᠷ ᠬᠠᠭᠠᠨ ᠰᠢᠳᠠᠷ ᠲᠦᠰᠢᠮᠡᠯ ᠸᠠᠩ ᠵᠢᠶᠠ ᠨᠦ᠂ ᠰᠢᠷᠠᠪᠠᠭᠠᠨ ᠨᠠᠷ ᠢ | ᠲᠠᠭᠤᠳᠠᠵᠤ ᠤᠴᠠᠷᠠᠵᠠᠢ᠃ ᠭᠡᠰᠢᠭᠳᠡᠨᠶᠤᠭᠴᠠᠷ ᠢᠶᠠᠷ 30 ᠮᠤᠷᠢᠳᠠᠨ ᠲᠠᠭᠠᠭᠤᠯᠵᠤ ᠢᠦᠢ ᠯᠢᠨ ᠤ ᠲᠠᠶᠢᠽᠢ ᠶᠢᠨ | ᠬᠦᠷᠢᠶᠠᠨ ᠳᠤ ᠬᠦᠷᠴᠦ ᠡᠰᠡᠨᠲᠡᠭᠦᠰ ᠢ ᠲᠤᠰᠴᠦ ᠠᠪᠴᠢᠷᠠᠭᠰᠠᠨ ᠲᠠᠷᠦᠢ ᠵᠤᠤ ᠪᠢᠴᠢᠭ ᠦᠢᠯᠡᠳᠴᠦ ᠪᠠᠶᠠᠨ | ᠢ ᠾᠧᠨᠠᠨ ᠤ ᠮᠤᠵᠢ ᠢ ᠪᠠᠷᠠᠭᠤᠨ ᠴᠧᠩᠰᠢᠶᠠᠩ ᠪᠤᠯᠭᠠᠵᠠᠢ᠃ ᠬᠤᠵᠢᠮ ᠨᠢ ᠪᠠᠶᠠᠨ ᠯᠦᠩ ᠰᠢᠩ ᠯᠤ᠋ ᠳᠤ | ᠡᠪᠡᠳᠴᠢᠨ ᠢᠶᠠᠷ ᠬᠠᠯᠢᠵᠠᠢ᠃ ᠲᠤᠰ ᠤᠨ ᠤ 11 ᠰᠠᠷ᠎ᠠ ᠳᠤ ᠲᠤᠭᠳᠠᠬᠤ ᠵᠦᠩᠱᠦ ᠪᠠᠷᠠᠭᠤᠨ ᠭᠠᠷᠤᠨ | ᠴᠧᠩᠰᠢᠶᠡᠩ ᠢᠶᠠᠷ ᠪᠠᠶᠢᠷᠰᠢᠵᠠᠢ᠃ ᠲᠤᠭᠳᠠᠬᠤ ᠡᠭᠦᠨᠴᠨ ᠡᠬᠢᠯᠡᠵᠦ ᠦᠭᠡᠷᠴᠢᠯᠡᠯᠳᠡ ᠶᠢᠨ ᠴᠢᠨᠠᠷᠳᠠᠢ ᠲᠦᠷᠦ | ᠶᠢᠨ ᠪᠤᠳᠤᠯᠭ᠎ᠠ ᠬᠡᠷᠡᠭᠵᠢᠭᠦᠯᠵᠠᠢ᠃ | 1340 ᠤᠨ ᠳᠤ ᠰᠢᠯᠭᠠᠭᠤᠯᠢ ᠶᠢᠨ ᠲᠦᠷᠢᠮ ᠢ ᠰᠡᠷᠭᠦᠭᠡᠪᠡ ︔ ᠰᠢᠤᠸᠠᠨ ᠸᠧᠨ ᠭᠧ ᠶᠢ | ᠪᠠᠶᠢᠭᠤᠯᠵᠤ ᠲᠦᠷᠦ ᠢ ᠰᠤᠷᠭᠠᠨ ᠬᠦᠮᠦᠵᠢᠯ ᠢ ᠴᠢᠩᠭᠠᠳᠬᠠᠨ ︽ᠭᠤᠷᠪᠠᠨ ᠲᠡᠦᠭᠡ ︾ ᠶᠢ ᠨᠠᠶᠢᠷᠠᠭᠤᠯᠵᠤ ᠂ | ᠡᠷᠳᠡᠨ ᠤ ᠨᠤᠮ ᠢ ᠪᠠᠭᠤᠯᠭᠠᠪᠠ ︔ ᠮᠤᠩᠭᠤᠯ ᠢᠵᠠᠭᠤᠷᠳᠠᠨ ᠤ ᠲᠤᠳᠤᠭᠠᠳᠤ ᠶᠢᠨ ᠨᠤᠶᠠᠷᠬᠠᠯ ᠤᠨ | ᠲᠤᠳᠤᠭᠠᠳᠤ ᠬᠠᠷᠢᠴᠠᠭ᠎ᠠ ᠶᠢ ᠲᠤᠬᠢᠷᠠᠭᠤᠯᠪᠠ᠃ ᠡᠭᠦᠨ ᠳᠤ ᠪᠠᠶᠠᠨ ᠤ ᠤᠭᠴᠠᠷᠠᠭᠤᠯᠤᠭᠰᠠᠨ ᠲᠡᠮᠦᠷᠪᠤᠭᠠ᠂ | ᠬᠤᠸᠠᠭᠴᠢᠪᠤᠬᠠ ᠨᠠᠷ ᠤᠨ ᠲᠤᠰᠢᠶᠠᠯ ᠢ ᠰᠡᠷᠭᠦᠭᠡᠵᠦ᠂ ᠪᠤᠭᠤᠷᠴᠦ ᠶᠢᠨ ᠬᠤᠶᠢᠴᠢᠰ ᠠᠷᠤᠳᠤ ᠪᠠᠷ ᠵᠧᠩ | ᠭᠤᠸᠠᠩ ᠫᠢᠩ ᠸᠠᠩ ᠤᠨ ᠰᠠᠭᠤᠷᠢᠨ ᠳᠤ ᠵᠠᠯᠠᠵᠤ ᠮᠤᠩᠭᠤᠯ ᠢᠵᠠᠭᠤᠷᠳᠠᠨ ᠤ ᠲᠤᠳᠤᠭᠠᠳᠤ ᠶᠢᠨ ᠡᠮᠡᠬᠢ | ᠲᠢᠭᠯᠢᠮ ᠢ ᠴᠡᠭᠴᠡᠯᠡᠬᠦ ᠳᠤ ᠵᠢᠭᠠᠬᠠᠨ ᠰᠠᠭᠤᠷᠢ ᠲᠠᠯᠪᠢᠵᠠᠢ᠃ ︔ ᠮᠤᠷᠢᠨ ᠤ ᠬᠤᠷᠢᠭ᠎ᠠ ᠶᠢ ᠲᠠᠯᠪᠢᠵᠤ᠂ | ᠲᠠᠪᠤᠰᠤᠨ ᠤ ᠨᠤᠷᠮ᠎ᠠ ᠶᠢ ᠪᠠᠭᠠᠰᠬᠠᠵᠤ ᠬᠠᠷᠠᠴᠤ ᠠᠷᠠᠳ ᠤᠨ ᠭᠠᠶᠢᠯᠢ ᠭᠤᠪᠴᠢᠭᠤᠷ ᠢ ᠪᠠᠭᠠᠰᠬᠠᠵᠠᠢ ︔ | ᠨᠤᠶᠠᠳ ᠢ ᠴᠡᠭᠴᠡᠯᠡᠪᠡ᠃ | ᠡᠭᠦᠨ ᠤ ᠵᠡᠷᠭᠡᠪᠡᠷ ᠯᠢᠶᠤᠤ ᠂ ᠠᠯᠳᠠᠨ ᠂ ᠰᠦᠩ ᠭᠤᠷᠪᠠᠨ ᠤᠯᠤᠰ ᠤᠨ ᠲᠡᠦᠭᠡ ᠶᠢ ᠡᠷᠬᠢᠯᠡᠨ | ᠨᠠᠶᠢᠷᠠᠭᠤᠯᠤᠨ ᠪᠢᠴᠢᠪᠡ᠃ ᠡᠳᠡᠭᠡᠷ ᠭᠤᠷᠪᠠᠨ ᠲᠡᠦᠭᠡ ᠨᠢ ᠲᠤᠮᠳᠠᠳᠤ ᠤᠯᠤᠰ ᠤᠨ ᠠᠯᠳᠠᠷᠳᠠᠢ ︽ᠬᠤᠷᠢᠨ | ᠲᠦᠷᠪᠡᠨ ᠪᠢᠴᠢᠭ︾ ᠲᠤ ᠪᠠᠭᠳᠠᠵᠠᠢ᠃ ᠡᠭᠦᠨ ᠳᠤ ︽ᠰᠦᠩ ᠤᠯᠤᠰ ᠤᠨ ᠲᠡᠦᠭᠡ ︾ ᠶᠢ ᠨᠠᠶᠢᠷᠠᠭᠤᠯᠵᠤ | ᠠᠮᠵᠢᠬᠤ ᠠᠴᠠ ᠡᠮᠦᠨ᠎ᠡ ᠲᠤᠭᠳᠠᠬᠤ ᠲᠤᠰᠢᠶᠠᠯ ᠢᠶᠠᠨ ᠠᠯᠳᠠᠵᠤ ᠂ ᠵᠦᠩ ᠱᠦ ᠪᠠᠷᠠᠭᠤᠨ ᠴᠧᠩᠰᠢᠶᠠᠩ ᠠᠷᠠᠳᠤ | ︵ᠪᠤᠭᠤᠷᠴᠢ ᠶᠢᠨ ᠵᠢᠴᠢ —— ᠤᠷᠴᠢᠭᠤᠯᠤᠭᠴᠢ ᠠᠴᠠ︶ ᠵᠦᠩ ᠱᠦ ᠪᠠᠷᠠᠭᠤᠨ ᠭᠠᠷᠤᠨ ᠴᠧᠩᠰᠢᠶᠠᠩ | ᠪᠠᠭᠤᠷᠴᠢᠪᠤᠬᠠ ᠨᠠᠷ ᠢ ︽ ᠭᠤᠷᠪᠠᠨ ᠲᠡᠦᠭᠡ ᠶᠢᠨ ᠤᠳᠤᠷᠢᠳᠤᠭᠴᠢ︾ ᠪᠤᠯᠭᠠᠵᠠᠢ᠃ ᡁᠢ ᠵᠧᠩ ᠤᠨ | ᠲᠦᠷᠪᠡᠨ ᠤᠨ ᠤ ᠲᠠᠪᠤᠨ ᠰᠠᠷ᠎ᠠ ᠳᠤ ᠲᠤᠭᠳᠠᠬᠤ ᠡᠪᠡᠳᠴᠢᠨ ᠢᠶᠠᠷ ᠲᠤᠰᠢᠶᠠᠯ ᠢᠶᠠᠨ ᠤᠷᠬᠢᠵᠤ᠂ 6 ᠰᠠᠷ᠎ᠠ | ᠳᠤ ᠲᠡᠭᠦᠨ ᠤ ᠡᠴᠢᠭᠡ ᠨᠢ ᠪᠠᠭᠤᠷᠴᠢᠪᠤᠬᠠ ᠴᠧᠩᠰᠢᠶᠠᠩ ᠳᠤ ᠵᠠᠭᠠᠯᠳᠤᠭᠳᠠᠵᠤ ᠬᠠᠭᠠᠨ ᠤ ᠵᠠᠷᠯᠢᠭ ᠢᠶᠠᠷ ᠭᠠᠨᠰᠤ | ᠳᠤ ᠰᠢᠯᠵᠢᠭᠰᠡᠨ ᠳᠤ ᠲᠤᠭᠳᠠᠬᠤ ᠬᠠᠮᠳᠤ ᠶᠠᠪᠤᠵᠠᠢ᠃ 11 ᠰᠠᠷ᠎ᠠ ᠳᠤ ᠮᠠᠷᠭᠤᠳᠠᠢ ᠨᠠᠰᠤᠨ ᠡᠴᠦᠰᠯᠡᠵᠦ᠂ | ᠲᠤᠭᠳᠠᠬᠤ ᠵᠢᠩ ᠬᠤᠳᠠᠨ᠎ᠠ ᠪᠤᠴᠠᠵᠤ ᠲᠠᠶᠢᠹᠦ᠋ ᠶᠢᠨ ᠲᠤᠰᠢᠶᠠᠯ ᠢ ᠡᠭᠦᠷᠭᠡᠯᠡᠨ ᠵᠡᠭᠦᠨ ᠤᠷᠳᠤᠨ ᠤ ᠶᠠᠪᠤᠳᠠᠯ ᠢ | ᠬᠠᠮᠢᠶᠠᠷᠴᠠᠢ᠃ 1349 ᠤᠨ ᠤ 9 ᠰᠠᠷ᠎ᠠ ᠳᠤ ᠲᠠᠬᠢᠨᠳᠠ ᠵᠦᠩᠱᠦ ᠪᠠᠷᠠᠭᠤᠨ ᠭᠠᠷᠤᠨ ᠴᠧᠩᠰᠢᠶᠠᠩ ᠤᠨ | ᠲᠤᠰᠢᠶᠠᠯ ᠡᠭᠦᠷᠭᠡᠯᠡᠵᠠᠢ᠃ ᠡᠨᠡᠬᠦ ᠬᠤᠭᠤᠴᠠᠭᠠᠨ ᠳᠠᠭᠠᠨ ᠲᠤᠭᠳᠠᠬᠤ ᠬᠡᠳᠦᠨ ᠵᠦᠢᠯ ᠤᠨ ᠬᠦᠴᠢᠷᠳᠠᠢ | ᠠᠰᠠᠭᠤᠳᠠᠯ ᠢ ᠰᠡᠢᠳᠪᠤᠷᠢᠯᠡᠬᠦ ᠪᠠᠷ ᠬᠦᠴᠦᠯᠡᠵᠠᠢ᠃ ᠨᠢᠭᠡ ᠳᠤ ᠭᠤᠤᠯ ᠤᠨ ᠠᠶᠤᠯ ᠠᠴᠠ ᠪᠤᠯᠤᠭᠰᠠᠨ ᠡᠳ᠋ ᠤᠨ | ᠵᠠᠰᠠᠭ ᠤᠨ ᠬᠦᠴᠢᠷᠳᠡᠯ ︔ ᠭᠤᠤᠯ ᠤᠨ ᠠᠶᠤᠯ ᠨᠡᠶᠢᠭᠡᠮ ᠤᠨ ᠲᠤᠭᠳᠠᠪᠤᠷᠢ ᠦᠭᠡᠢ ᠪᠠᠶᠢᠳᠠᠯ ᠢ | ᠡᠭᠦᠰᠭᠡᠭᠰᠡᠨ︔ ᠭᠤᠷᠪᠠ ᠳᠤ ᠨᠤᠶᠠᠷᠬᠠᠭᠴᠢ ᠠᠩᠬᠢ ᠶᠢᠨ ᠲᠤᠳᠤᠭᠠᠳᠤ ᠶᠢᠨ ᠵᠦᠷᠢᠴᠡᠯ ᠬᠤᠷᠴᠠᠳᠤᠭᠰᠠᠨ︔ | ᠡᠨᠡᠬᠦ ᠤᠯᠠᠨ ᠬᠤᠷᠴᠠ ᠰᠢᠷᠦᠭᠦᠨ ᠵᠦᠷᠢᠴᠡᠯ ᠤᠨ ᠡᠮᠦᠨ᠎ᠡ ᠲᠤᠭᠳᠠᠬᠤ ᠡᠳ᠋ ᠤᠨ ᠵᠠᠰᠠᠭ ᠤᠨ ᠬᠢᠮᠦᠷᠠᠯ ᠬᠢᠭᠡᠳ | ᠬᠠᠳᠤᠨ ᠭᠤᠤᠯ ᠤᠨ ᠠᠶᠤᠯ ᠢ ᠰᠡᠢᠳᠪᠤᠷᠢᠯᠡᠬᠦ ᠪᠠᠷ ᠰᠡᠢᠳᠴᠦ ᠮᠦᠩᠬᠦᠨ ᠬᠦᠢᠯᠡᠭᠡᠨ ᠤ ᠠᠷᠭ᠎ᠠ ᠠᠪᠴᠠᠢ᠃ | ᠨᠢᠭᠡ ᠳᠤ ᡁᠢ ᠵᠧᠩ ᠤᠨ ᠵᠤᠭᠤᠰ ᠲᠠᠷᠬᠠᠵᠤ ᠵᠤᠭᠤᠰ ᠤᠨ ᠦᠨ᠎ᠡ ᠶᠢ ᠦᠰᠭᠡᠵᠠᠢ᠃ ᠬᠤᠶᠠᠷ ᠲᠤ ᡁᠢ ᠵᠧᠩ | ᠤᠨ ᠲᠦᠩ ᠪᠤᠤ ᠵᠤᠭᠤᠰ ᠢ ᠲᠠᠷᠬᠠᠭᠠᠵᠤ ᠲᠤᠰ ᠵᠤᠭᠤᠰ ᠢᠶᠠᠷ ᠴᠠᠭᠠᠰᠤᠨ ᠵᠤᠭᠤᠰ ᠢ ᠪᠠᠨ ᠨᠢᠭᠡᠴᠡᠯᠡᠵᠠᠢ᠃ | ᠭᠡᠳᠡᠯ᠎ᠡ ᠡᠨᠡᠬᠦ ᠠᠷᠭ᠎ᠠ ᠠᠪᠴᠠᠯ ᠨᠢ ᠪᠦᠷᠢᠮᠦᠰᠤᠨ ᠢᠯᠠᠭᠳᠠᠯ ᠢᠶᠠᠷ ᠲᠡᠭᠦᠰᠴᠠᠢ᠃ ᠡᠭᠦᠨ ᠤ ᠵᠡᠷᠭᠡᠪᠡᠷ ᠬᠠᠳᠤᠨ | ᠭᠤᠤᠯ ᠢ ᠵᠠᠰᠠᠪᠠ᠃ 1351 ᠤᠨ ᠤ 11 ᠰᠠᠷ᠎ᠠ ᠶᠢᠨ ᠰᠢᠨ᠎ᠡ ᠶᠢᠨ 4 ᠳᠤ ᠲᠤᠭᠤᠭᠠᠨᠳᠡᠮᠦᠷ ᠬᠠᠭᠠᠨ ᠵᠠᠷᠯᠢᠭ | ᠬᠠᠳᠤᠨ ᠭᠤᠤᠯ ᠵᠠᠰᠠᠬᠤ ᠲᠦᠰᠦᠪ ᠢ ᠵᠦᠪᠰᠢᠶᠡᠷᠡᠵᠦ ᠵᠢᠶᠠ ᠯᠦ ᠪᠠᠷ ᠤᠰᠤ ᠵᠠᠰᠠᠬᠤ ᠬᠢᠨᠠᠭᠴᠢ ᠲᠦᠰᠢᠮᠡᠯ | ᠪᠤᠯᠭᠠᠨ 190 ᠡᠳᠦᠷ ᠬᠡᠷᠡᠭᠰᠡᠨ ᠬᠠᠳᠤᠨ ᠭᠤᠤᠯ ᠢ ᠠᠮᠵᠢᠯᠳᠠ ᠲᠠᠢ ᠵᠠᠰᠠᠵᠠᠢ᠃ | ᠵᠢᠶᠠ ᠯᠦ ᠨᠠᠷ ᠬᠠᠳᠤᠨ ᠭᠤᠤᠯ ᠢ ᠵᠠᠰᠠᠬᠤ ᠲᠠᠰᠢᠷᠠᠮ ᠢᠶᠠᠷ ᠪᠠᠢ ᠯᠢᠶᠠᠨ ᠵᠢᠶᠤᠤ ᠢ ᠱᠠᠪᠢ ᠯᠢᠦ ᠹᠦ᠋ ᠲᠦᠩ | ᠭᠠᠭᠴᠠ ᠨᠢᠳᠤᠳᠤ ᠴᠢᠯᠠᠭᠤᠨ ᠬᠦᠮᠦᠨ ᠢ ᠤᠷᠢᠳᠠᠪᠠᠷ ᠬᠤᠸᠠᠩ ᠯᠢᠩ ᠭᠠᠩ ᠳᠤ ᠨᠢᠭᠤᠵᠤ ᠄ ᠭᠠᠭᠴᠠ ᠨᠢᠳᠤᠳᠤ | ᠴᠢᠯᠠᠭᠤᠨ ᠬᠦᠮᠦᠨ ᠢᠯᠡᠷᠡᠪᠡᠰᠦ ᠭᠠᠯᠪᠠ ᠶᠠᠷᠢᠳᠢᠨᠴᠦ ᠶᠡᠭᠡᠪᠡᠷ ᠰᠠᠮᠠᠭᠤᠷᠠᠮᠦᠢ ᠬᠡᠮᠡᠭᠰᠡᠨ ᠴᠤᠤᠷᠬᠠᠯ ᠲᠠᠷᠬᠠᠭᠠᠵᠠᠢ᠃ | ᠴᠤᠤᠷᠬᠠᠯ ᠲᠠᠷᠬᠠᠭᠠᠨ 5 ᠰᠠᠷ᠎ᠠ ᠳᠤ ᠶᠤᠸᠠᠨ ᠤᠯᠤᠰ ᠤᠨ ᠰᠡᠭᠦᠯᠴᠢ ᠦᠶ᠎ᠡ ᠶᠢᠨ ᠲᠠᠷᠢᠶᠠᠴᠢᠨ ᠤ ᠲᠠᠶᠢᠨ | ᠡᠬᠢᠯᠡᠵᠠᠢ᠃ ᠡᠭᠦᠨ ᠢ ᠲᠦᠭᠦᠮᠴᠢᠯᠡᠨ ᠲᠤᠭᠠᠴᠠᠪᠠᠯ ᠯᠢᠦ ᠹᠦ᠋ ᠲᠦᠩ ᠤᠨ ᠰᠠᠯᠠᠭ᠎ᠠ ᠶᠢᠩ ᠵᠧᠦ ᠶᠢ ᠡᠵᠡᠯᠡᠵᠦ︔ | ᠨᠢᠦ ᠭᠤᠤ ᠂ ᠯᠦᠸᠧ ᠱᠠᠨ᠂ ᠵᠧᠨ ᠶᠠᠩ᠂ ᠴᠢᠦᠸᠠᠨ ᠱᠠᠨ᠂ ᠷᠦ᠋ ᠨᠢᠩ᠂ ᠰᠢ ᠵᠧᠦ᠂ ᠭᠤᠸᠠᠩ ︵光 | ) ᠵᠧᠦ ᠵᠡᠷᠭᠡ ᠭᠠᠵᠠᠷ ᠢ ᠡᠵᠡᠯᠡᠵᠦ ︔ ᠫᠧᠩ ᠢᠩ ᠢᠦᠢ ᠬᠤᠸᠠᠢ ᠰᠢ ᠭᠠᠵᠠᠷ ᠠᠴᠠ ᠪᠤᠰᠴᠦ ︔ 8 | ᠰᠠᠷ᠎ᠠ ᠳᠤ ᠵᠤᠤ ᠵᠢᠶᠦ᠋ᠨ ᠶᠦᠩ ᠂ ᠫᠧᠩ ᠳ᠋ᠠ᠂ ᠯᠢ ᠡᠯ ᠵᠡᠷᠭᠡ ᠬᠦᠮᠦᠰ ᠰᠢᠦᠢ ᠵᠧᠦ ᠶᠢ ᠡᠵᠡᠯᠡᠵᠦ︔ | ᠮᠠ ᠴᠧᠩ ᠤᠨ ᠲᠡᠮᠦᠷ ᠤᠨ ᠲᠠᠷᠬᠠᠨ ᠽᠦ ᠫᠦ᠋ ᠱᠧᠩ ᠬᠢᠭᠡᠳ ᠯᠥᠸᠧ ᠲᠢᠶᠠᠨ ᠤ ᠬᠦᠮᠦᠨ ᠪᠦᠰ ᠤᠨ | ᠠᠷᠠᠯᠵᠢᠶᠠᠴᠢᠨ ᠰᠢᠦᠢ ᠱᠦ ᠾᠦᠢ ᠨᠠᠷ ᠴᠢ ᠵᠧᠦ ᠶᠢ ᠡᠵᠡᠯᠡᠵᠦ ᠲᠢᠶᠠᠨ ᠸᠠᠨ ᠲᠦᠷᠦ ᠶᠢ ᠪᠠᠶᠢᠭᠤᠯᠵᠠᠢ᠃ | ᠸᠠᠩ ᠴᠢᠤᠸᠠᠨ ᠂ ᠵᠠᠩ ᠴᠦᠨ ᠵᠡᠷᠭᠡ ᠳ᠋ᠡᠩᠵᠧᠦ ᠶᠢ ᠡᠵᠡᠯᠡᠵᠦ ︔ 12 ᠰᠠᠷ᠎ᠠ ᠳᠤ ᠮᠧᠩ ᠬᠠᠢ ᠴᠢᠦᠸᠠᠨ ᠵᠡᠷᠭᠡ | ᠬᠦᠮᠦᠨ ᠰᠢᠶᠠᠩ ᠶᠠᠩ ᠢ ᠡᠵᠡᠯᠡᠵᠦ ᠂2 ᠰᠠᠷ᠎ᠠ ᠳᠤ ᠳ᠋ᠢᠩ ᠶᠤᠸᠠᠨ ᠤ ᠬᠦᠮᠦᠨ ᠭᠦᠸᠧ ᠽᠢ ᠰᠢᠩ ᠬᠤᠤ ᠵᠧᠦ | ᠶᠢ ᠡᠵᠡᠯᠡᠵᠠᠢ᠃ ᠡᠨᠡᠬᠦ ᠪᠠᠶᠢᠳᠠᠯ ᠳᠤ ᠲᠤᠭᠤᠭᠠᠨᠳᠡᠮᠦᠷ ᠬᠠᠭᠠᠨ ᠲᠤᠭᠳᠠᠬᠤ ᠶᠢ ᠲᠠᠭᠤᠳᠠᠵᠤ᠄ ︽ᠴᠢ | ᠦᠷᠭᠦᠯᠵᠢᠳᠡ ᠲᠡᠭᠷᠢ ᠶᠢᠨ ᠲᠤᠤᠷ᠎ᠠ ᠠᠮᠦᠷ ᠲᠠᠶᠢᠪᠤᠩ ᠤᠴᠠᠷ ᠦᠭᠡᠢ ᠭᠡᠳᠡᠭ᠂ ᠡᠳᠦᠭᠡ ᠤᠯᠠᠭᠠᠨ | ᠠᠯᠴᠢᠭᠤᠷᠳᠠᠨ ᠬᠠᠭᠠᠰ ᠲᠡᠯᠡᠭᠡᠢ ᠶᠢ ᠡᠵᠡᠯᠡᠪᠡ᠂ ᠴᠧᠩᠰᠢᠶᠠᠩ ᠶᠠᠮᠠᠷ ᠪᠤᠳᠤᠯᠭ᠎ᠠ ᠪᠠᠶᠢᠮᠦᠢ ︾ ᠭᠡᠪᠡ ᠃ | ᠲᠤᠭᠳᠠᠬᠤ ᠶᠢᠨ ᠠᠷᠠᠭᠠᠴᠠᠬᠤ ᠪᠤᠳᠤᠯᠭ᠎ᠠ ᠨᠢ ᠬᠤᠶᠠᠷ ᠪᠠᠶᠢᠵᠠᠢ᠃ ᠨᠢᠭᠡ ᠳᠤ ᠬᠢᠳᠠᠳ ᠬᠦᠮᠦᠨ ᠳᠤ | ᠰᠡᠷᠭᠡᠶᠢᠯᠡᠯᠳᠡ ᠪᠠᠨ ᠴᠢᠩᠭᠠᠳᠬᠠᠨ᠎ᠠ᠃ ᠬᠤᠶᠠᠷ ᠲᠤ ᠪᠤᠰᠤᠯᠭ᠎ᠠ ᠳᠤ ᠴᠢᠰᠤᠳᠤ ᠲᠠᠷᠦᠩᠭᠤᠶᠢᠯᠠᠯ ᠶᠠᠪᠤᠭᠤᠯᠤᠨ᠎ᠠ᠃ | ᠡᠭᠦᠨ ᠳᠤ ᠤᠷᠢᠳ ᠬᠤᠵᠢᠳ ᠬᠤᠤᠰ ᠂ ᠲᠦᠰᠢ ᠂ ᠡᠰᠡᠨᠳᠡᠮᠦᠷ ᠂ ᠴᠠᠭᠠᠨᠳᠡᠮᠦᠷ᠂ ᠯᠢ ᠰᠧ ᠴᠢ | ᠨᠠᠷ ᠢᠶᠠᠷ ᠤᠯᠠᠭᠠᠨ ᠠᠯᠴᠢᠭᠤᠷᠳᠠᠨ ᠢ ᠲᠠᠷᠤᠩᠭᠤᠶᠢᠯᠠᠭᠰᠠᠨ ᠳᠤ ᠡᠮᠦᠨᠡᠬᠢ ᠴᠦᠮ ᠢᠯᠠᠭᠳᠠᠵᠤ ᠴᠠᠭᠠᠨᠳᠡᠮᠦᠷ᠂ | ᠯᠢ ᠰᠧ ᠴᠢ ᠨᠠᠷ ᠨᠢ ᠤᠯᠠᠭᠠᠨ ᠠᠯᠴᠢᠭᠤᠷᠳᠠ ᠢ ᠭᠡᠴᠡᠭᠦᠦ ᠰᠦᠷᠳᠡᠭᠦᠯᠵᠤ ᠪᠠᠶᠢᠵᠠᠢ᠃ | 1352 ᠤᠨ ᠳᠤ ᠲᠤᠭᠳᠠᠬᠤ ᠪᠡᠶᠡᠪᠡᠷ ᠢᠶᠠᠨ ᠶᠡᠭᠡ ᠴᠡᠷᠢᠭ ᠲᠠᠶᠢᠴᠢᠯᠠᠨ ᠤᠯᠠᠭᠠᠨ ᠠᠯᠴᠢᠭᠤᠷᠳᠠᠨ ᠢ | ᠲᠠᠷᠤᠩᠭᠤᠶᠢᠯᠠᠵᠤ ᠡᠬᠢᠯᠡᠪᠡ᠂ ᠲᠡᠷᠡᠪᠡᠷ 9 ᠰᠠᠷ᠎ᠠ ᠳᠤ ᠰᠢᠦᠢ ᠵᠧᠦ ᠶᠢ ᠡᠪᠳᠡᠨ ᡁᠢ ᠮᠠ ᠯᠢ ᠵᠡᠷᠭᠡ ᠬᠦᠮᠦᠨ | ᠢ ᠠᠯᠠᠵᠤ᠂ ᠲᠦᠷᠦ ᠳᠤ ᠪᠤᠴᠠᠭᠰᠠᠨ ᠤ ᠲᠠᠷᠠᠭ᠎ᠠ ᠡᠵᠡᠨ ᠬᠠᠭᠠᠨ ᠲᠡᠭᠦᠨ ᠢ ᠲᠠᠶᠢᠱᠢ ᠡᠷᠭᠦᠮᠵᠢᠯᠡᠨ ᠰᠢᠦᠢ ᠵᠧᠦ | ᠳᠤ ᠲᠡᠭᠦᠨ ᠤ ᠠᠮᠢᠳᠤ ᠭᠡᠶᠢᠳ ᠪᠤᠰᠬᠠᠨ ︽ᠰᠢᠦᠢ ᠵᠧᠦ ᠶᠢᠨ ᠬᠤᠯᠠᠭᠠᠢ ᠶᠢ ᠲᠦᠪᠰᠢᠳᠭᠡᠭᠰᠡᠨ | ᠬᠦᠢᠰᠢᠶᠡ ︾ ᠪᠤᠰᠠᠬᠠᠨ ᠠᠯᠳᠠᠷ ᠭᠠᠪᠢᠶ᠎ᠠ ᠶᠢ ᠲᠡᠮᠳᠡᠭᠯᠡᠵᠠᠢ᠃ | ᠲᠤᠭᠳᠠᠬᠤ ᠴᠧᠩᠰᠢᠶᠠᠩ ᠤᠨ ᠲᠤᠰᠢᠶᠠᠯ ᠢᠶᠠᠨ ᠰᠡᠷᠭᠦᠭᠡᠭᠳᠡᠭᠰᠡᠨ ᠤ ᠲᠠᠷᠠᠭ᠎ᠠ ᠬᠠᠮᠠ ᠠᠬ᠎ᠠ ᠲᠡᠭᠦᠦ | ᠬᠤᠶᠠᠭᠤᠯᠠ ᠳᠤ ᠶᠡᠭᠡᠯ᠎ᠡ ᠲᠠᠯᠠᠷᠠᠬᠠᠵᠤ ᠬᠠᠮᠠ ᠶᠢ ᠵᠦᠩᠱᠦ ᠪᠠᠷᠠᠭᠤᠨ ᠭᠠᠷᠤᠨ ᠴᠧᠩᠰᠢᠶᠠᠩ ᠪᠤᠯᠭᠠᠵᠠᠢ᠃ | ᠭᠡᠳᠡᠯ᠎ᠡ ᠲᠤᠭᠳᠠᠬᠤ ᠽᠦ᠋ᠸᠧ ᠽᠢ ᠯᠠᠩ ᠵᠦᠩ ᠿᠦ ᠵᠦᠩ ᠪᠠᠢ ᠶᠢ ᠲᠤᠩ ᠡᠷᠬᠢᠮᠨᠡᠨ ᠦᠵᠡᠵᠦ ᠬᠠᠮᠠ | ᠶᠢᠨ ᠲᠤᠷ᠎ᠠ ᠦᠭᠡᠶᠢᠴᠡᠯ ᠢ ᠬᠦᠷᠭᠡᠵᠠᠢ᠃ ᠬᠤᠶᠢᠨ᠎ᠠ ᠲᠤᠭᠳᠠᠬᠤ ᠬᠠᠮᠠ ᠶᠢ ᠰᠢᠥᠸᠠᠨ ᠵᠧᠩ ᠶᠤᠸᠠᠨ ᠤ | ᠰᠠᠶᠢᠳ ᠪᠤᠯᠭᠠᠭᠰᠠᠨ ᠳᠤ ᠬᠠᠮᠠ ᠶᠢᠨ ᠲᠤᠰᠢᠶᠠᠯ ᠨᠢ ᠲᠦᠷᠦ ᠶᠢᠨ ᠰᠠᠶᠢᠳ ᠤᠨ ᠭᠤᠷᠪᠠᠳᠤᠭᠠᠷ ᠳᠤ | ᠵᠢᠭᠰᠠᠭᠠᠭᠳᠠᠨ ᠬᠠᠮᠠ ᠨᠡᠩ ᠬᠤᠷᠤᠰᠴᠠᠢ᠃ | ᠤᠯᠠᠭᠠᠨ ᠠᠯᠴᠢᠭᠤᠷᠳᠠᠨ ᠲᠦᠷ ᠴᠠᠭ ᠲᠤᠷᠦᠶᠢᠳᠠᠯ ᠤᠨ ᠬᠤᠭᠤᠴᠠᠭᠠᠨ᠎ᠠ ᠤᠷᠤᠭᠰᠠᠨ ᠦᠶ᠎ᠡ ᠳᠤ ᠲᠠᠶᠢᠵᠧᠦ | ᠶᠢᠨ ᠵᠠᠩ ᠰᠢ ᠴᠧᠩ ᠴᠡᠷᠢᠭ ᠪᠤᠰᠬᠠᠵᠤ ᠲᠠᠶᠢᠵᠧᠦ ᠂ ᠭᠤᠤ ᠶᠢᠦ ᠵᠡᠷᠭᠡ ᠭᠠᠵᠠᠷ ᠢ ᠡᠪᠳᠡᠵᠠᠢ᠃ 14 ᠤᠨ | ᠤ ᠴᠠᠭᠠᠨ ᠰᠠᠷ᠎ᠠ ᠳᠤ ᠭᠤᠤ ᠶᠢᠦ ᠳᠤ ᠬᠠᠭᠠᠨ ᠰᠠᠭᠤᠵᠤ ᠤᠯᠤᠰ ᠤᠨ ᠴᠤᠯᠠ ᠪᠠᠨ ︽ᠶᠡᠭᠡ ᠵᠧᠦ︾ | ᠬᠡᠮᠡᠵᠠᠢ᠃ 9 ᠰᠠᠷ᠎ᠠ ᠳᠤ ᠲᠤᠭᠤᠭᠠᠨᠳᠡᠮᠦᠷ ᠬᠠᠭᠠᠨ ᠲᠠᠬᠢᠨᠳᠠ ᠲᠤᠭᠳᠠᠬᠤ ᠪᠠᠷ ᠴᠡᠷᠢᠭ ᠲᠠᠭᠠᠭᠤᠯᠤᠨ ᠭᠤᠤ | ᠶᠢᠦ ᠶᠢ ᠲᠠᠶᠢᠯᠠᠭᠤᠯᠵᠠᠢ᠃ 11 ᠰᠠᠷ᠎ᠠ ᠳᠤ ᠶᠤᠸᠠᠨ ᠤ ᠴᠡᠷᠢᠭ ᠭᠤᠤ ᠶᠢᠦ ᠳᠤ ᠬᠦᠷᠴᠦ᠂ ᠴᠡᠷᠢᠭ ᠬᠤᠪᠢᠶᠠᠨ | ᠯᠢᠦ ᠾᠧ ᠂ ᠶᠠᠨ ᠴᠧᠩ ᠵᠡᠷᠭᠡ ᠭᠠᠵᠠᠷ ᠢ ᠡᠪᠳᠠᠵᠠᠢ᠃ | ᠲᠤᠭᠳᠠᠬᠤ ᠴᠡᠷᠢᠭ ᠭᠠᠷᠬᠤ ᠠᠴᠠ ᠡᠮᠦᠨ᠎ᠡ ᠿᠦ ᠵᠦᠩ ᠪᠠᠢ ᠪᠠᠷ ᠲᠡᠭᠦᠦ ᠡᠰᠡᠨᠳᠡᠮᠦᠷ ᠢᠶᠠᠨ | ᠬᠠᠪᠰᠠᠷᠠᠭᠤᠯᠤᠨ ᠲᠦᠷᠦ ᠶᠢᠨ ᠭᠡᠷᠡᠭ ᠢ ᠰᠡᠶᠢᠳᠪᠤᠷᠢᠯᠡᠭᠦᠯᠵᠠᠢ᠃ ᠿᠦ ᠵᠦᠩ ᠪᠠᠢ ︽ ᠬᠠᠮᠠ ᠠᠨᠤ | ᠬᠤᠤᠷ ᠤᠨ ᠦᠨᠳᠤᠰᠦ ᠪᠤᠯᠠᠢ ᠂ ᠠᠷᠢᠯᠭᠠᠨᠳᠤᠨ ︾ ᠭᠡᠰᠡᠨ ᠳᠤ ᠲᠤᠭᠳᠠᠬᠤ ᠲᠠᠳᠠᠭᠠᠯᠵᠠᠨ ᠲᠤᠭᠳᠠᠭᠠᠭᠰᠠᠨ | ᠦᠭᠡᠢ᠃ ᠡᠨᠡᠬᠦ ᠴᠢᠮᠡᠭᠡ ᠶᠢ ᠬᠠᠮᠠ ᠰᠤᠨᠤᠰᠴᠦ ᠨᠡᠩ ᠬᠤᠷᠤᠰᠤᠯ ᠲᠦᠷᠦᠨ ᠡᠵᠡᠨ ᠬᠠᠭᠠᠨ ᠳᠤ ᠲᠤᠭᠳᠠᠬᠤ ᠶᠢ | ᠵᠠᠭᠠᠯᠳᠤᠭᠰᠠᠨ ᠳᠤ ᠲᠤᠭᠤᠭᠠᠨᠳᠡᠮᠦᠷ ᠢᠳᠡᠭᠡᠵᠦ ᠡᠰᠡᠨᠳᠡᠮᠦᠷ ᠤᠨ ᠲᠤᠰᠢᠶᠠᠯ ᠢ ᠤᠭᠴᠠᠷᠠᠭᠤᠯᠵᠤ᠂ ᠲᠤᠭᠳᠠᠬᠤ | ᠶᠢᠨ ᠴᠡᠷᠢᠭ ᠤᠨ ᠡᠷᠭᠡ ᠶᠢ ᠬᠠᠰᠤᠪᠠ᠃ ᠵᠤᠤ ᠪᠢᠴᠢᠭ ᠬᠦᠷᠦᠭᠰᠡᠨ ᠦᠶ᠎ᠡ ᠳᠤ ᠭᠦᠩ ᠪᠠᠢ ᠽᠦᠢ | ᠲᠤᠭᠳᠠᠬᠤ ᠳᠤ ︽ ᠵᠠᠩᠵᠤᠨ ᠲᠠᠶᠢᠨ ᠤ ᠦᠶ᠎ᠡ ᠳᠤ ᠡᠵᠡᠨ ᠤ ᠵᠠᠷᠯᠢᠭ ᠤᠨ ᠵᠠᠷᠢᠮ ᠢ ᠨᠢ ᠦᠯᠦ ᠲᠠᠭᠠᠵᠤ | ᠪᠤᠯᠤᠮᠦᠢ ︾ ᠭᠡᠰᠡᠨ ᠳᠤ ᠲᠤᠭᠳᠠᠬᠤ ︽ ᠲᠡᠭᠷᠢ ᠶᠢᠨ ᠬᠦᠪᠡᠭᠦᠨ ᠤ ᠵᠤᠤ ᠪᠢᠴᠢᠭ ᠢ ᠪᠢ ᠦᠯᠦ ᠲᠠᠭᠠᠬᠤ | ᠠᠨᠤ ᠲᠡᠭᠷᠢ ᠶᠢᠨ ᠲᠤᠤᠷᠠᠬᠢ ᠯᠤᠭ᠎ᠠ ᠲᠡᠮᠡᠴᠡᠭᠰᠡᠨ ᠬᠡᠷᠡᠭ ᠪᠤᠯᠤᠮᠦᠢ᠂ ᠡᠵᠡᠨ ᠲᠦᠰᠢᠮᠡᠯ ᠤᠨ ᠬᠡᠯᠬᠢᠶ᠎ᠡ | ᠬᠠᠮᠢᠭ᠎ᠠ ᠪᠠᠶᠢᠬᠤ ᠪᠤᠢ ︾ ᠬᠡᠮᠡᠨ ᠴᠡᠷᠢᠭ ᠤᠨ ᠡᠷᠭᠡ ᠪᠠᠨ ᠲᠠᠶᠢᠪᠤᠬᠠ ᠳᠤ ᠲᠤᠰᠢᠶᠠᠪᠠ᠃ ᠡᠭᠦᠨ ᠳᠤ | ᠬᠠᠷᠠᠳᠠᠢ ︽ᠴᠧᠩᠰᠢᠶᠠᠩ ᠢᠩᠬᠢᠪᠡᠰᠦ ᠪᠢᠳᠡᠨᠠᠷ ᠪᠤᠰᠤᠳ ᠤᠨ ᠭᠠᠷ ᠲᠤ ᠦᠭᠦᠮᠦᠢ ᠂ ᠴᠧᠩᠰᠢᠶᠠᠩ ᠠᠴᠠ | ᠤᠷᠢᠳᠠ ᠦᠭᠦᠬᠦ ᠶᠢ ᠬᠦᠷᠬᠦ ᠦᠭᠡᠢ ︾ ᠬᠡᠮᠡᠨ ᠬᠦᠵᠦᠭᠦᠦ ᠪᠠᠨ ᠤᠭᠳᠤᠯᠤᠨ ᠦᠭᠦᠪᠠᠢ᠃ ᠲᠤᠭᠤᠭᠠᠨᠳᠡᠮᠦᠷ | ᠬᠠᠭᠠᠨ ᠵᠢᠭᠰᠠᠭᠠᠯ ᠤᠨ ᠡᠮᠦᠨ᠎ᠡ ᠵᠠᠩᠵᠤᠨ ᠰᠤᠯᠢᠭᠰᠠᠨ ᠠᠴᠠ ᠵᠠᠭᠤᠨ ᠲᠦᠮᠡᠨ ᠴᠡᠷᠢᠭ ︵ ᠵᠠᠷᠢᠮ ᠮᠠᠲ᠋ᠡᠷᠢᠶᠠᠯ | ᠳᠤ ᠲᠦᠴᠢᠨ ᠲᠦᠮᠡ ᠭᠡᠳᠡᠭ —— ᠤᠷᠴᠢᠭᠤᠯᠤᠭᠴᠢ ᠠᠴᠠ︶ ᠪᠠᠶᠢᠯᠳᠤᠯ ᠦᠭᠡᠢ ᠰᠠᠷᠨᠢᠵᠠᠢ᠃ ᠭᠤᠤ | ᠶᠢᠦ ᠶᠢᠨ ᠲᠠᠶᠢᠨ ᠳᠤ ᠶᠤᠸᠠᠨ ᠤᠯᠤᠰ ᠤᠨ ᠴᠡᠷᠢᠭ ᠪᠠᠶᠢᠯᠳᠤᠯ ᠦᠭᠡᠢ ᠰᠠᠷᠨᠢᠭᠰᠠᠨ ᠨᠢ ᠶᠤᠸᠠᠨ ᠤᠯᠤᠰ ᠤᠨ | ᠰᠡᠭᠦᠯᠴᠢ ᠦᠶ᠎ᠡ ᠶᠢᠨ ᠲᠠᠶᠢᠨ ᠤ ᠡᠷᠬᠢᠯᠳᠡ ᠮᠦᠨ᠃ ᠡᠯ᠎ᠡ ᠭᠠᠵᠠᠷᠤᠨ ᠤᠯᠠᠭᠠᠨ ᠠᠯᠴᠢᠭᠤᠷᠳᠠᠨ ᠲᠠᠬᠢᠨᠳᠠ | ᠦᠷᠨᠢᠯᠳᠡ ᠳᠤ ᠤᠷᠤᠵᠠᠢ᠃ ᠪᠠᠷᠤᠭ ᠠᠷᠪᠠᠨ ᠵᠢᠯᠦᠨ ᠲᠠᠷᠠᠭ᠎ᠠ ᠬᠦᠮᠦᠨ ᠪᠢᠴᠢᠭ ᠡᠷᠭᠦᠵᠦ ᠦᠭᠦᠯᠡᠷᠦᠨ ᠄ ︽ | ᠵᠠᠯᠢᠬᠠᠢ ᠬᠠᠷᠬᠢᠰ ᠶᠡᠭᠡ ᠲᠦᠰᠢᠮᠡᠯ ᠢ ᠬᠤᠤᠷᠯᠠᠵᠤ ᠂ ᠲᠠᠶᠢᠰᠤᠨ ᠤ ᠡᠮᠦᠨ᠎ᠡ ᠵᠠᠩᠵᠤᠨ ᠰᠤᠯᠢᠵᠤ ᠂ ᠠᠷᠠᠳ | ᠢᠷᠭᠡᠨ ᠤ ᠵᠤᠪᠠᠯᠠᠩ ᠢ ᠡᠭᠦᠰᠭᠡᠪᠠᠢ᠃ ᠭᠡᠷᠪᠡᠵᠢᠨ ᠲᠤᠭᠳᠠᠬᠤ ᠦᠯᠦ ᠦᠭᠦᠭᠰᠡᠨ ᠪᠦᠭᠡᠰᠦ ᠲᠡᠭᠷᠢ ᠶᠢᠨ | ᠲᠤᠤᠷᠠᠬᠢ ᠬᠡᠷᠬᠢᠨ ᠰᠠᠮᠠᠭᠤᠷᠠᠮᠦᠢ ︾ ︵ ︽ᠶᠤᠸᠠᠨ ᠤᠯᠤᠰ ᠤᠨ ᠲᠡᠦᠭᠡ᠂ ᠱᠦᠨ ᠳ᠋ᠢ ᠬᠠᠭᠠᠨ ᠤ ᠱᠠᠰᠳᠢᠷ ︾ | ︶ ᠃ ᠲᠤᠭᠳᠠᠬᠤ ᠤᠷᠢᠳᠠᠪᠠᠷ ᠬᠤᠸᠠᠢ ᠠᠨ ᠯᠤ᠋ ᠳᠤ ᠲᠤᠪᠬᠢᠨᠠᠭᠤᠯᠤᠭᠳᠠᠨ᠂ ᠲᠠᠬᠢᠨ ᠵᠢᠢ ᠨᠠᠢ ᠯᠤ᠋ ᠳᠤ ︵ | ᠦᠪᠦᠷ ᠮᠤᠩᠭᠤᠯ ᠤᠨ ᠡᠵᠡᠨ᠎ᠠ ᠬᠤᠰᠢᠭᠤ ︶ ᠳᠤ ᠰᠢᠯᠵᠢᠭᠦᠯᠦᠭᠳᠡᠨ ᠂ 1353 ᠤᠨ ᠤ 3 ᠰᠠᠷ᠎ᠠ ᠳᠤ | ᠶᠦᠨᠨᠠᠨ ᠤ ᠳ᠋ᠠ ᠯᠢ ᠶᠢᠨ ᠰᠢᠦᠸᠠᠨ ᠸᠧᠢ ᠰᠧ ᠵᠧᠨ ᠰᠢ ᠯᠦ ᠳᠤ ᠴᠦᠯᠡᠭᠳᠡᠵᠦ ᠂ ᠲᠡᠭᠦᠦ ᠨᠢ ᠡᠰᠡᠨᠳᠡᠮᠦᠷ | ᠰᠧᠴᠤᠸᠠᠨ ᠳᠤ ᠴᠦᠯᠡᠭᠳᠡᠵᠦ ᠂ ᠲᠤᠭᠳᠠᠬᠤ ᠶᠢᠨ ᠠᠬᠠᠮᠠᠳ ᠬᠦᠪᠡᠭᠦᠨ ᠬᠠᠷᠠᠵᠠᠩ ︵ ᠤᠮᠠᠷᠠᠳᠤ ᠶᠤᠸᠠᠨ ᠤ | ᠦᠶ᠎ᠡ ᠶᠢᠨ ᠴᠧᠩᠰᠢᠶᠠᠩ ᠬᠠᠷᠠᠵᠠᠩ ᠂ ᠤᠷᠴᠢᠭᠤᠯᠤᠭᠴᠢ ᠠᠴᠠ ︶ ᠨᠢ ᠭᠠᠨᠰᠦ ᠳᠤ ᠲᠤᠪᠬᠢᠨᠠᠭᠳᠠᠵᠤ᠂ | ᠲᠡᠳ᠋ ᠬᠦᠪᠡᠭᠦᠨ ᠰᠠᠨᠪᠤᠨᠤ ᠨᠢ ᠯᠠᠨᠵᠧᠦ ᠳᠤ ᠲᠤᠪᠬᠢᠨᠠᠭᠳᠠᠵᠤ᠂ ᠭᠡᠷ ᠬᠦᠷᠦᠩᠭᠡ ᠶᠢ ᠨᠢ ᠤᠯᠤᠰ ᠲᠤ | ᠬᠤᠷᠢᠶᠠᠵᠠᠢ᠃ 12 ᠰᠠᠷ᠎ᠠ ᠳᠤ ᠬᠠᠮᠠ ᠬᠠᠭᠠᠨ ᠤ ᠬᠠᠭᠤᠷᠮᠠᠭ ᠵᠤᠤ ᠪᠢᠴᠢᠭ ᠢᠶᠠᠷ ᠬᠤᠤᠷᠠᠳᠤ ᠲᠠᠷᠠᠰᠤᠨ ᠢᠶᠠᠷ | ᠲᠤᠭᠳᠠᠬᠤ ᠶᠢ ᠶᠦᠨᠨᠡᠨ ᠳᠤ ᠦᠭᠦᠬᠦᠯᠪᠠᠢ᠃ ᠠᠷᠠᠶᠢᠬᠠᠨ 42 ᠨᠠᠰᠤᠳᠠᠢ ᠪᠦᠯᠦᠭᠡ ᠃ 1362 ᠤᠨ ᠳᠤ | ᠬᠢᠯᠢᠰ ᠠᠨᠤ ᠴᠠᠭᠠᠳᠬᠠᠭᠳᠠᠵᠤ ᠵᠡᠷᠭᠡ ᠬᠡᠷᠬᠢᠮ ᠰᠡᠷᠭᠦᠭᠡᠵᠦ ᠭᠡᠷ ᠬᠦᠷᠦᠩᠭᠡ ᠶᠢ ᠠᠨᠤ ᠪᠤᠴᠠᠭᠠᠵᠠᠢ ᠬᠠᠷᠠᠵᠠᠩ ᠂ | ᠰᠠᠨᠪᠤᠨᠤ ᠲᠦᠷᠦ ᠳᠤ ᠡᠷᠬᠢᠵᠤ ᠲᠦᠰᠢᠮᠡᠯ ᠡᠷᠭᠦᠭᠳᠡᠵᠠᠢ᠃ | |