ᠵᠦᠡᠭᠭᠠᠷ  ᠬᠠᠭᠠᠨᠳᠦ  ᠤᠯᠤᠰ ᠎ ᠤᠨ  ᠦᠶ᠎ᠡ ᠎ ᠶᠢᠨ  ᠴᠢᠷᠡᠭ ᠲᠠᠶᠢᠨ ᠤ  ᠡᠷᠳᠡᠮᠳᠡᠨ  ᠶᠡᠭᠡ  ᠴᠠᠷᠢᠩᠳᠤᠨᠳᠤᠪ ᠎ ᠤᠨ  ᠲᠤᠬᠠᠢ  ᠦᠭᠦᠯᠡᠬᠦ ᠨᠢ
ᠨᠡᠶᠢᠲᠡᠯᠡᠭᠰᠡᠨ ᠴᠠᠭ᠄
2020-07-01
   ᠵᠦᠩᠭᠠᠷ  ᠬᠠᠭᠠᠨᠳᠦ  ᠤᠯᠤᠰ  ᠎ ᠤᠨ  ᠦᠶ᠎ᠡ  ᠎ ᠳᠤ  ᠶᠡᠭᠡ  ᠂ ᠪᠠᠭ᠎ᠠ  ᠬᠤᠶᠠᠷ  ᠴᠠᠷᠢᠩᠳᠤᠨᠳᠤᠪ  ᠬᠡᠮᠡᠬᠦ  ᠰᠢᠯᠭᠠᠷᠠᠭᠰᠠᠨ  ᠪᠠᠭᠠᠳᠦᠷ  ᠡᠷ᠎ᠡ  ᠪᠠᠶᠢᠵᠦ  ᠴᠠᠸᠠᠨᠷᠠᠪᠳᠠᠨ  ᠂  ᠭᠠᠯᠳᠠᠨᠴᠢᠷᠡᠩ  ᠬᠤᠶᠠᠷ  ᠬᠠᠭᠠᠨ  ᠎ ᠳᠤ  ᠬᠦᠴᠦᠨ  ᠎ ᠢᠶᠠᠨ ᠡᠷᠭᠦᠵᠦ  ᠪᠠᠶᠢᠭᠰᠠᠨ  ᠂  ᠠᠳᠡ  ᠶᠡᠭᠡ  ᠴᠠᠷᠢᠩᠳᠤᠨᠳᠤᠪ  ᠎ ᠤᠨ  ᠲᠤᠬᠠᠢ  ᠴᠤᠬᠤᠯᠠᠨ  ᠲᠡᠮᠳᠡᠭᠯᠡᠵᠦ   ᠤᠩᠰᠢᠭᠴᠢ  ᠲᠠᠨᠠᠷ  ᠎ ᠲᠤ  ᠲᠤᠯᠢᠯᠠᠭᠤᠯᠬᠤ  ᠎ ᠶᠢ  ᠬᠦᠰᠡᠯ᠎ᠡ  ᠃   ᠶᠡᠭᠡ  ᠴᠢᠷᠠᠩᠳᠤᠨᠳᠤᠪ  ᠎ ᠨᠢ  ᠵᠤᠷᠢᠭ  ᠤᠬᠠᠭᠠᠨ  ᠬᠤᠤᠰᠯᠠᠭᠰᠠᠨ  ᠬᠦᠮᠦᠨ  ᠮᠦᠷᠳᠡᠭᠡᠨ  ᠪᠠᠭ᠎ᠠ  ᠎ ᠳᠠᠭᠠᠨ   ᠵᠠᠰᠢᠯᠤᠩᠪᠤ  ᠭᠡᠶᠢᠳ  ᠎ ᠲᠤ   ᠱᠠᠪᠢᠯᠠᠨ  ᠰᠠᠭᠤᠵᠦ᠂  ᠲᠦᠪᠡᠳ  ᠎ ᠤᠨ  ᠪᠠᠶᠢᠳᠠᠯ  ᠎ ᠢ  ᠰᠠᠶᠢᠨ  ᠤᠶᠢᠯᠭᠠᠳᠠᠭ  ᠃  ᠲᠠᠷᠡᠪᠡᠷ  ᠵᠦᠩᠭᠠᠷ  ᠎ ᠤᠨ  ᠬᠤᠶᠠᠷ  ᠦᠶ᠎ᠡ  ᠎ ᠶᠢᠨ  ᠬᠠᠭᠠᠨ  ᠎ ᠳᠤ  ᠬᠦᠴᠦᠨ  ᠎ ᠢᠶᠠᠨ ᠡᠷᠭᠦᠵᠦ  ᠡᠮᠦᠨᠡᠰᠢ  ᠲᠦᠪᠡᠳ  ᠎ ᠢ  ᠲᠠᠶᠢᠯᠠᠨ  ᠂  ᠪᠠᠷᠠᠭᠤᠨᠰᠢ  ᠬᠠᠰᠠᠭ  ᠎ ᠢ  ᠰᠡᠷᠭᠡᠶᠢᠯᠡᠨ  ᠂   ᠤᠮᠠᠷᠠᠰᠢ  ᠤᠷᠤᠰ  ᠎ ᠢ  ᠬᠤᠷᠢᠭᠯᠠᠨ  ᠂  ᠵᠡᠭᠦᠨᠰᠢ  ᠲᠠᠶᠢᠴᠩ  ᠭᠦᠷᠦᠨ  ᠎ ᠲᠠᠢ  ᠲᠠᠶᠢᠳᠦᠨ  ᠂ ᠲᠤᠳᠤᠭᠠᠳᠦ  ᠎ ᠲᠠᠭᠠᠨ  ᠬᠠᠭᠠᠨ ᠤ  ᠲᠦᠪ ᠡᠷᠬᠡ  ᠎ ᠶᠢ  ᠬᠠᠮᠠᠭᠠᠯᠵᠤ  ᠪᠠᠶᠢᠵᠠᠢ  ᠃     ᠠᠷᠪᠠᠨ  ᠨᠠᠶᠢᠮᠠᠳᠤᠭᠠᠷ  ᠵᠠᠭᠤᠨ  ᠎ ᠤ  ᠡᠬᠢᠨ  ᠎ ᠳᠤ  ᠬᠤᠱᠤᠳ    ᠮᠤᠩᠭᠤᠯ  ᠎ ᠤᠨ  ᠬᠠᠷᠢᠶᠠᠨ  ᠎ ᠳᠤ  ᠪᠠᠶᠢᠭᠰᠠᠨ  ᠬᠦᠬᠡᠨᠨᠠᠭᠤᠷ  ᠲᠦᠪᠡᠳ  ᠎ ᠤᠨ   ᠵᠢᠩᠬᠢᠨᠠᠢ  ᠬᠠᠭᠤᠷᠮᠠᠭ  ᠲᠠᠯᠠᠢ  ᠯᠠᠮᠠ  ᠎ ᠶᠢᠨ  ᠲᠤᠬᠠᠢ  ᠮᠠᠷᠭᠤᠭᠠᠨ ᠡᠭᠦᠰᠴᠦ᠂  1706 ᠤᠨ  ᠎ ᠳᠤ   ᠳ᠋ᠢᠪᠠ ᠰᠠᠭᠵᠠᠶᠢᠵᠠᠮᠰᠦ  ᠎ ᠶᠢᠨ   ᠲᠤᠳᠤᠯᠠᠭᠰᠠᠨ  ᠽᠠᠶᠠᠩᠵᠠᠮᠰᠦ  ᠎ ᠶᠢ  ᠯᠠᠽᠠᠩ  ᠬᠠᠭᠠᠨ  ᠪᠡᠭᠡᠵᠢᠩ  ᠵᠦᠭ  ᠴᠢᠷᠡᠭ  ᠎ ᠢᠶᠠᠷ  ᠬᠦᠷᠭᠡᠬᠦ  ᠵᠠᠮ  ᠲᠤᠮᠳᠠ  ᠲᠡᠭᠷᠢ ᠳᠤ    ᠬᠠᠯᠢᠭᠰᠠᠨ ᠤ ᠲᠠᠷᠠᠭ᠎ᠠ   ᠯᠠᠽᠠᠩ  ᠬᠠᠭᠠᠨ  ᠢᠯᠡᠷᠡᠭᠦᠯᠵᠦ   ᠴᠢᠩ  ᠎ ᠤᠨ  ᠲᠦᠷᠦ  ᠮᠡᠳᠡᠷᠡᠭᠰᠡᠨ  ᠢᠰᠢᠵᠠᠮᠰᠦ   ᠲᠠᠯᠠᠢ  ᠯᠠᠮᠠ  ᠰᠠᠭᠤᠷᠢᠨ   ᠎ ᠳᠤ  ᠵᠠᠯᠠᠷᠠᠭᠰᠠᠨ  ᠎ ᠢ  ᠲᠦᠪᠡᠳ  ᠎ ᠤᠨ  ᠬᠠᠷ᠎ᠠ ᠰᠢᠷ᠎ᠠ  ᠎ ᠶᠢᠨ  ᠡᠳᠡᠭᠡᠳ  ᠎ ᠤᠨ  ᠬᠢᠨᠢ  ᠪᠦᠬᠦᠨ  ᠎ ᠢᠶᠠᠷ  ᠎ ᠢᠶᠠᠨ  ᠬᠠᠭᠤᠷᠮᠠᠭ ᠭᠡᠵᠦ ᠦᠵᠡᠵᠠᠢ  ᠃ 1708 ᠤᠨ  ᠎ ᠳᠤ  ᠯᠢᠳᠠᠩ  ᠭᠠᠵᠠᠷ  ᠰᠤᠨᠤᠮᠳᠤᠷᠵᠢ  ᠭᠡᠭᠴᠢ   ᠬᠦᠮᠦᠨ ᠠᠴᠠ  ᠭᠠᠶᠢᠬᠠᠮᠰᠢᠭᠳᠦ  ᠬᠦᠪᠡᠭᠦᠨ  ᠮᠡᠨᠳᠦᠯᠡᠭᠰᠡᠨ  ᠎ ᠢ  ᠬᠠᠮ   ᠤᠷᠤᠨ  ᠎ ᠤ  ᠠᠰᠤᠷᠤ  ᠨᠦᠯᠦᠭᠡ ᠲᠠᠢ  ᠹᠯᠠᠮ᠎ᠠ  ᠲᠡᠭᠦᠨ  ᠎ ᠳᠤ  ᠭᠠᠯᠰᠠᠩᠵᠠᠮᠰᠦ  ᠭᠡᠭᠴᠢ ᠨᠡᠷ᠎ᠡ  ᠬᠠᠶᠢᠷᠯᠠᠵᠠᠢ  ᠃ 1714  ᠤᠨ  ᠎ ᠳᠤ  ᠬᠦᠬᠡᠨᠨᠠᠭᠤᠷ  ᠎ ᠤᠨ  ᠤᠯᠠᠨ ᠲᠠᠶᠢᠵᠢ  ᠨᠠᠷ   ᠴᠠᠭᠠᠨ  ᠲᠤᠯᠤᠭᠠᠢ  ᠭᠡᠬᠦ ᠭᠠᠵᠠᠷ ᠴᠤᠭᠯᠠᠭᠠᠨ ᠪᠤᠯᠵᠦ  ᠭᠠᠯᠰᠠᠩᠵᠠᠮᠰᠦ  ᠎ ᠶᠢ  ᠽᠠᠶᠠᠩᠵᠠᠮᠰᠦ  ᠎ ᠶᠢᠨ  ᠬᠤᠪᠢᠯᠭᠠᠨ   ᠬᠡᠮᠡᠨ  ᠮᠡᠳᠡᠷᠡᠨ  ᠲᠡᠳᠬᠦᠵᠦ  ᠪᠡᠭᠡᠵᠢᠩ ᠵᠦᠭ  ᠬᠠᠮᠳᠦᠷᠠᠭᠰᠠᠨ  ᠠᠶᠢᠯᠠᠳᠬᠠᠯ   ᠡᠷᠭᠦᠭᠡᠳ ᠴᠢᠩ  ᠎ ᠤᠨ  ᠲᠦᠷᠦ  ᠎ ᠶᠢᠨ  ᠲᠡᠮᠵᠢᠯᠭᠡ ᠶᠢ  ᠤᠯᠤᠭᠰᠠᠨ ᠦᠭᠡᠢ  ᠎ ᠳᠤ  ᠵᠦᠩᠭᠠᠷ    ᠎ ᠲᠤ   ᠬᠦᠰᠡᠯ  ᠨᠠᠶᠢᠳᠠᠯ  ᠎ ᠢᠶᠠᠨ  ᠲᠠᠯᠪᠢᠵᠠᠢ  ᠃1715 ᠤᠨ  ᠎ ᠤ ᠬᠠᠪᠤᠷ  ᠲᠦᠪᠡᠳ  ᠎ ᠤᠨ  ᠰᠢᠷ᠎ᠠ  ᠎ ᠶᠢᠨ  ᠭᠤᠷᠪᠠᠨ  ᠬᠡᠶᠢᠳ  ᠪᠤᠯᠤᠨ  ᠬᠦᠬᠡᠨᠡᠭᠤᠷ  ᠎ ᠤᠨ  ᠲᠠᠶᠢᠵᠢ  ᠨᠠᠷ   ᠵᠦᠩᠭᠠᠷ  ᠎ ᠲᠤ  ᠤᠳᠠᠭ᠎ᠠ ᠲᠠᠷᠠᠭᠠᠨᠯᠠᠨ  ᠬᠦᠮᠦᠨ ᠢᠯᠭᠡᠵᠦ  ᠭᠠᠯᠰᠠᠩᠵᠠᠮᠰᠦ  ᠎ ᠶᠢ  ᠲᠡᠳᠬᠦᠨ  ᠰᠢᠷᠡᠭᠡᠨ  ᠎ ᠳᠤ  ᠰᠠᠭᠤᠯᠭᠠᠬᠤ  ᠎ ᠶᠢ  ᠴᠠᠸᠠᠩᠷᠠᠪᠳᠠᠨ  ᠎ ᠳᠤ  ᠭᠤᠶᠤᠴᠢᠯᠠᠵᠠᠢ  ᠃  ᠰᠢᠷ᠎ᠠ  ᠎ ᠶᠢᠨ  ᠱᠠᠰᠢᠨ  ᠎ ᠢ  ᠲᠡᠳᠬᠦᠨ  ᠵᠢᠩᠨᠠᠢ ᠲᠠᠯᠠᠢ  ᠯᠠᠮᠠ  ᠎ ᠶᠢ ᠰᠢᠷᠡᠭᠡᠨ ᠳᠤ  ᠰᠠᠭᠤᠯᠭᠠᠬᠤ  ᠎ ᠨᠢ  ᠲᠦᠢᠯ  ᠎ ᠤᠨ  ᠴᠢᠬᠤᠯᠠ  ᠭᠡᠵᠦ  ᠦᠵᠡᠭᠰᠡᠨ  ᠴᠠᠸᠠᠩᠷᠠᠪᠳᠠᠨ  ᠬᠠᠭᠠᠨ  ᠪᠤᠯᠭᠤᠮᠵᠢᠳᠠᠢ  ᠤᠪᠤᠷ  ᠎ ᠢᠶᠠᠷ ᠬᠦᠯᠢᠶᠡᠵᠦ ᠠᠪᠴᠠᠢ  ᠃1715 ᠣᠨ  ᠎ ᠤ ᠪᠢᠯᠢᠩ  ᠎ ᠤᠨ  ᠤᠯᠠᠷᠢᠯ  ᠎ ᠤᠨ 3 ᠰᠠᠷ᠎ᠠ ᠳᠤ ᠲᠦᠪᠡᠳ  ᠵᠦᠭ ᠴᠢᠷᠭ  ᠤᠷᠤᠬᠤ  ᠵᠠᠮ  ᠎ ᠢ   ᠲᠤᠷᠰᠢᠨ  ᠴᠢᠩ  ᠎ ᠤᠨ  ᠬᠦᠴᠦᠨ  ᠎ ᠢ  ᠲᠡᠩᠰᠡᠬᠦ  ᠎ ᠶᠢᠨ   ᠲᠦᠯᠦᠭᠡ  ᠶᠡᠭᠡ ᠴᠠᠷᠢᠩᠳᠤᠨᠳᠤᠪ    ᠵᠠᠷᠯᠢᠭ  ᠎ ᠢᠶᠠᠷ  ᠬᠤᠶᠠᠷ  ᠮᠢᠩᠭᠠᠨ ᠴᠢᠷᠡᠭ  ᠲᠠᠶᠢᠴᠢᠯᠠᠨ  ᠬᠠᠮᠢ  ᠎ ᠶᠢᠨ  ᠠᠷᠦ  ᠬᠢᠯᠢ  ᠎ ᠳᠠᠬᠢ ᠲᠠᠪᠤᠨ   ᠵᠢᠵᠢᠭ ᠪᠠᠯᠭᠠᠰᠤ  ᠎ ᠶᠢ  ᠪᠠᠶᠢᠯᠳᠤᠨ  ᠡᠵᠡᠯᠡᠪᠡ  ᠃ ᠴᠢᠨᠠᠭᠰᠢᠳᠠᠨ  ᠬᠠᠮᠢ  ᠬᠤᠳᠠ  ᠎ ᠶᠢ  ᠪᠦᠰᠡᠯᠡᠨ  ᠲᠠᠶᠢᠴᠢᠩ  ᠤᠯᠤᠰ  ᠎ ᠤᠨ  ᠴᠢᠷᠡᠭ  ᠎ ᠤᠨ  ᠬᠦᠴᠦ  ᠎ ᠶᠢ  ᠠᠵᠢᠭᠯᠠᠵᠠᠢ  ᠃     ᠲᠡᠭᠡᠭᠡᠳ   ᠴᠢᠩ  ᠎ ᠤᠨ  ᠴᠢᠷᠡᠭ  ᠨᠢᠭᠡᠨᠳᠡ  ᠬᠦᠬᠡᠨᠡᠭᠤᠷ  ᠵᠦᠭ  ᠨᠡᠪᠳᠡᠷᠡᠬᠦ  ᠵᠠᠮ  ᠎ ᠢ   ᠬᠠᠭᠠᠭᠰᠠᠨ  ᠎ ᠢ  ᠤᠶᠢᠯᠭᠠᠵᠠᠢ    ᠃1716 ᠤᠨ  ᠎ ᠤ  ᠪᠢᠯᠢᠭ  ᠎ ᠤᠨ  ᠤᠯᠠᠷᠢᠯ  ᠎ ᠤᠨ 10 ᠰᠠᠷ᠎ᠠ  ᠎ ᠳᠤ  ᠂   ᠶᠡᠭᠡ  ᠴᠠᠷᠢᠩᠳᠤᠨᠳᠤᠪ ᠤᠷᠢᠶᠠᠩᠬᠠᠢ  ᠡᠷᠡᠰ  ᠎ ᠢᠶᠠᠷ ᠭᠤᠤᠯᠯᠠᠭᠰᠠᠨ 6000 ᠮᠢᠩᠭᠠᠨ  ᠴᠢᠷᠡᠭ  ᠎ ᠢ ᠠᠵᠢᠷᠭ᠎ᠠ ᠤᠨᠤᠭᠤᠯᠵᠤ    ᠂ ᠬᠠᠰᠠᠭ  ᠎ ᠢ   ᠲᠠᠶᠢᠯᠠᠬᠤ  ᠬᠡᠮᠡᠨ  ᠠᠯᠳᠠᠷᠰᠢᠭᠤᠯᠠᠨ  ᠪᠤᠷᠦ ᠲᠠᠯ᠎ᠠ ᠠᠴᠠ   ᠮᠤᠷᠳᠠᠨ   ᠭᠠᠷᠴᠦ  ᠲᠡᠭᠷᠢ  ᠠᠭᠤᠯᠠ  ᠂  ᠲᠠᠷᠢᠮ ᠎ ᠤᠨ  ᠬᠤᠳᠤᠭᠤᠷ  ᠎ ᠢ  ᠲᠤᠭᠤᠯᠵᠤ  ᠂   ᠴᠠᠰᠤ  ᠮᠦᠰᠦᠨ  ᠎ ᠳᠤ  ᠬᠤᠴᠢᠭᠳᠠᠭᠰᠠᠨ ᠺᠦᠨᠯᠦᠨ  ᠠᠭᠤᠯᠠ    ᠎ ᠶᠢ   ᠠᠮᠢ ᠲᠡᠮᠡᠴᠡᠨ ᠬᠦᠨᠳᠡᠯᠡᠨ   ᠲᠤᠭᠤᠯᠠᠵᠤ  ᠲᠦᠪᠡᠳ  ᠎ ᠲᠤ  ᠤᠷᠤᠵᠠᠢ  ᠃ ᠶᠡᠭᠡ  ᠴᠠᠷᠢᠩᠳᠤᠨᠳᠤᠪ  ᠲᠦᠪᠡᠳ   ᠤᠷᠤᠭᠰᠠᠨ  ᠎ ᠤ  ᠲᠠᠷᠠᠭ᠎ᠠ  ᠴᠢᠷᠡᠭ  ᠎ ᠤᠨ  ᠲᠠᠭᠠᠷᠢᠯᠳᠠ  ᠬᠢᠬᠦ  ᠎ ᠶᠢ  ᠶᠠᠭᠠᠷᠠᠭᠰᠠᠨ  ᠦᠭᠡᠢ  ᠃  ᠬᠠᠷᠢᠨ  ᠳ᠋ᠠᠮ   ᠤᠷᠤᠨ  ᠎ ᠳᠤ  ᠴᠡᠷᠢᠭ  ᠲᠦᠪᠯᠡᠷᠡᠭᠦᠯᠦᠨ  ᠤᠯᠤᠰ  ᠲᠦᠷᠦ  ᠎ ᠶᠢᠨ  ᠤᠪ ᠮᠡᠭᠡ ᠪᠠ ᠱᠠᠰᠢᠨ  ᠎ ᠤ  ᠬᠦᠴᠦᠨ ᠢ  ᠤᠷᠠᠨ  ᠎ ᠢᠶᠠᠷ  ᠠᠰᠢᠭᠯᠠᠵᠦ  ᠂ ᠲᠦᠪᠡᠳ  ᠎ ᠤᠨ  ᠰᠢᠷ᠎ᠠ  ᠎ ᠶᠢᠨ  ᠱᠠᠰᠢᠨ  ᠎ ᠤ ᠲᠠᠯ᠎ᠠ ᠶᠢᠨ  ᠬᠢᠨᠢ  ᠭᠤᠷᠪᠠᠨ ᠭᠡᠶᠢᠳ  ᠎ ᠤᠨ  ᠬᠦᠴᠦᠳᠠᠢ   ᠲᠡᠮᠵᠢᠯᠭᠡ  ᠎ ᠶᠢ  ᠤᠯᠵᠠᠢ  ᠃ ᠲᠦᠪᠡᠳ ᠎ ᠤᠨ  ᠲᠠᠯ᠎ᠠ  ᠎ ᠶᠢᠨ  ᠬᠢᠨᠢ ᠵᠠᠩᠵᠤᠨ  ᠹᠤᠯᠤᠨᠢ  ᠎ ᠶᠢ ᠲᠤᠮᠢᠯᠠᠨ  ᠳ᠋ᠠᠩ ᠰᠢᠶᠦᠩ  ᠬᠡᠮᠡᠬᠦ ᠭᠠᠵᠠᠷ   ᠵᠦᠩᠭᠠᠷ ᠴᠢᠷᠡᠭ ᠎ ᠲᠠᠢ  ᠪᠠᠶᠢᠯᠳᠤᠭᠠᠳ   ᠢᠯᠠᠭᠳᠠᠭᠰᠠᠨ  ᠎ ᠳᠤ    ᠯᠠᠽᠠᠩ  ᠬᠠᠭᠠᠨ  ᠮᠡᠩᠳᠡᠵᠦ  ᠵᠠᠰᠢᠯᠤᠩᠪᠤ  ᠭᠡᠶᠢᠳ  ᠎ ᠤᠨ  ᠪᠠᠨᠴᠢᠨ ᠡᠷᠳᠡᠨᠢ ᠶᠢ  ᠵᠠᠯᠠᠵᠦ  ᠲᠡᠭᠦᠨ ᠤ   ᠱᠠᠪᠢ  ᠪᠤᠯᠬᠤ ᠶᠡᠭᠡ  ᠴᠠᠷᠢᠩᠳᠤᠨᠳᠤᠪ  ᠎ ᠢ  ᠢᠳᠬᠠᠨ  ᠬᠤᠷᠢᠭᠯᠠᠭᠤᠯᠵᠠᠢ  ᠃  ᠭᠡᠬᠦ  ᠎ ᠳᠤ ᠶᠡᠭᠡ ᠴᠠᠷᠢᠩᠳᠤᠨᠳᠤᠪ  ᠡᠵᠡᠨ ᠤ  ᠬᠠᠭᠠᠨ ᠤ ᠵᠠᠷᠯᠢᠭ  ᠎ ᠢ  ᠲᠡᠷᠢᠭᠦᠨ  ᠎ ᠳᠤ  ᠲᠠᠯᠪᠢᠵᠦ᠂ ᠱᠠᠰᠢᠨ  ᠎ ᠤ ᠪᠠᠭᠰᠠᠢ  ᠎ ᠶᠢᠨ  ᠎ ᠢᠶᠠᠨ  ᠢᠳᠬᠠᠯ  ᠎ ᠢ  ᠦᠢᠰᠢᠶᠠᠯ  ᠦᠭᠡᠢ  ᠦᠷᠭᠦᠯᠵᠢᠯᠡᠨ  ᠪᠠᠶᠢᠯᠳᠦᠵᠠᠢ  ᠃10 ᠰᠠᠷ᠎ᠠ  ᠎ ᠳᠤ   ᠴᠠᠷᠢᠩᠳᠤᠨᠳᠤᠪ  ᠲᠠᠨ   ᠯᠾᠰᠠ   ᠬᠤᠳᠠ  ᠎ ᠳᠤ  ᠲᠭᠠᠷᠢᠨ  ᠤᠷᠤᠵᠦ  ᠪᠤᠳᠠᠯᠩ  ᠤᠷᠳᠤᠨ  ᠎ ᠢ    ᠪᠦᠰᠡᠯᠡᠵᠦ  ᠂ 10 ᠰᠠᠷ᠎ᠠ  ᠎ ᠶᠢᠨ 30᠎ ᠤ ᠰᠦᠨᠢ  ᠪᠤᠳᠠᠯᠩ  ᠤᠷᠳᠤᠨ  ᠎ ᠢ  ᠲᠠᠭᠠᠷᠢᠨ  ᠡᠵᠡᠯᠠᠵᠠᠢ᠃ ᠯᠠᠽᠠᠩ ᠬᠠᠭᠠᠨ   ᠵᠦᠩᠭᠠᠷ ᠴᠢᠷᠡᠭ ᠲᠤ  ᠲᠠᠭᠠᠷᠢᠬᠳᠠᠬᠤ  ᠎ ᠲᠠᠢ ᠵᠡᠷᠭᠡ  ᠴᠢᠩ  ᠤᠯᠤᠰ  ᠎ ᠠᠴᠠ  ᠲᠤᠰᠠᠯᠠᠮᠵᠢ ᠭᠤᠶᠤᠭᠰᠠᠨ  ᠎ ᠳᠤ  ᠂ 1718 ᠤᠨ  ᠎ ᠤ 3 ᠰᠠᠷ᠎ᠠ ᠳᠤ ᠴᠢᠩ  ᠤᠯᠤᠰ ᠤᠨ  ᠵᠠᠰᠠᠭ ᠤᠨ  ᠭᠠᠵᠠᠷ  ᠲᠤᠰᠠᠯᠬᠤ ᠴᠢᠷᠡᠭ  ᠭᠠᠷᠭᠠᠵᠠᠢ  ᠃  ᠶᠡᠭᠡ  ᠴᠠᠷᠢᠩᠳᠤᠨᠳᠤᠪ   ᠬᠦᠬᠡᠨᠡᠭᠤᠷ  ᠪᠠ   ᠲᠦᠪᠡᠳ ᠤᠨ   ᠬᠤᠭᠤᠷᠤᠨᠳᠤᠬᠢ  ᠬᠠᠷ᠎ᠠ  ᠤᠰᠤᠨ  ᠬᠡᠮᠡᠬᠦ  ᠭᠠᠵᠠᠷ   ᠬᠡᠳᠦᠨ  ᠲᠦᠮᠡᠨ ᠴᠢᠷᠡᠭ  ᠴᠤᠭᠯᠠᠭᠤᠯᠯᠠᠨ  ᠂   ᠲᠠᠶᠢᠴᠢᠩ ᠤᠨ  ᠵᠢᠷᠭᠤᠭᠠᠨ  ᠮᠢᠩᠭᠠᠨ  ᠴᠢᠷᠡᠭ  ᠎ ᠢ  ᠬᠠᠷᠠᠰᠠᠯᠳᠠᠢ  ᠬᠢᠳᠦᠵᠠᠢ᠃ ᠬᠤᠵᠢᠮ ᠨᠢ  ᠲᠠᠶᠢᠴᠢᠩ  ᠭᠦᠷᠦᠨ   ᠲᠠᠪᠠᠭᠤ  ᠴᠢᠷᠡᠭ  ᠎ ᠤᠨ  ᠬᠦᠴᠦᠨ  ᠲᠤᠮᠢᠯᠠᠬᠤ  ᠎ ᠶᠢᠨ   ᠬᠠᠮᠳᠦ  ᠭᠠᠯᠰᠠᠩᠵᠠᠮᠰᠦ  ᠎ ᠶᠢᠨ  ᠬᠠᠤᠯᠠᠢ  ᠶᠤᠰᠦᠨ ᠤ ᠪᠠᠶᠢᠷᠢ ᠰᠠᠭᠤᠷᠢ  ᠎ ᠶᠢ ᠮᠡᠳᠡᠷᠡᠨ  ᠰᠢᠷᠡᠭᠡᠨ  ᠎ ᠳᠤ ᠵᠠᠯᠠᠵᠦ  ᠲᠦᠪᠡᠳ  ᠎ ᠤᠨ  ᠤᠯᠠᠨ ᠤ  ᠡᠰᠡᠷᠭᠦᠴᠡᠯ  ᠎ ᠢ  ᠨᠠᠮᠳᠠᠭᠠᠵᠠᠢ  ᠃ ᠡᠭᠦᠨ  ᠎ ᠳᠤ  ᠶᠡᠭᠡ ᠴᠠᠷᠢᠩᠳᠦᠨᠳᠤᠪ   ᠤᠯᠠᠨ ᠤ  ᠲᠡᠮᠵᠢᠯᠭᠡ  ᠎ ᠪᠠᠨ  ᠠᠯᠳᠠᠬᠤ  ᠎ ᠶᠢᠨ  ᠬᠠᠮᠳᠦ  ᠴᠢᠷᠡᠭ  ᠎ ᠤᠨ  ᠬᠦᠴᠦ  ᠬᠠᠷᠢᠴᠢᠯᠠᠰᠢ  ᠦᠭᠡᠢ  ᠪᠠᠭᠤᠷᠠᠢ  ᠪᠠᠶᠢᠷᠢᠨ  ᠎ ᠳᠤ  ᠤᠷᠤᠭᠰᠠᠨ  ᠎ ᠢᠶᠠᠨ ᠤᠶᠢᠯᠠᠭᠠᠵᠦ  ᠂ 1720  ᠤᠨ  ᠎ ᠤ 9 ᠰᠠᠷ᠎ᠠ  ᠎ ᠳᠤ  ᠦᠯᠡᠳᠡᠭᠰᠡᠨ ᠲᠦᠷᠪᠡᠨ ᠮᠢᠩᠭᠠᠨ ᠵᠦᠩᠭᠠᠷ  ᠴᠢᠷᠡᠭ  ᠎ ᠢᠶᠠᠨ  ᠲᠠᠭᠠᠭᠤᠯᠠᠨ  ᠨᠠᠭᠠᠴᠠᠨ  ᠰᠦᠪᠡ  ᠂ ᠭᠡᠷᠡᠶᠢᠯᠡᠨ  ᠲᠠᠪᠠᠭ᠎ᠠ  ᠎ ᠪᠠᠷ  ᠤᠯᠤᠰ ᠲᠠᠭᠠᠨ  ᠪᠤᠴᠠᠵᠠᠢ  ᠃  ᠮᠦᠨ  ᠤᠨ ᠤ 10 ᠰᠠᠷ᠎ᠠ  ᠎ ᠳᠤ  ᠭᠠᠯᠰᠠᠩᠵᠠᠮᠰᠦ  ᠪᠤᠳᠠᠯᠠ  ᠤᠷᠳᠤᠨ  ᠎ ᠳᠤ  ᠤᠷᠤᠭᠠᠳ  ᠢᠰᠢᠵᠠᠮᠰᠦ ᠪᠡᠭᠡᠵᠢᠩ  ᠎ ᠲᠤ  ᠬᠦᠷᠭᠡᠭᠳᠡᠵᠠᠢ  ᠃ ᠲᠡᠷᠡ  ᠲᠤᠬᠠᠢ  ᠬᠠᠭᠠᠨᠳᠦ  ᠤᠷᠤᠰ  ᠂ ᠵᠦᠩᠭᠠᠷ  ᠎ ᠤᠨ  ᠤᠮᠠᠷ᠎ᠠ  ᠲᠠᠯ᠎ᠠ ᠠᠴᠠ  ᠎ ᠨᠢ   ᠮᠡᠷᠡᠵᠦ ᠡᠬᠢᠯᠡᠵᠠᠢ  ᠃  1716 ᠤᠨ  ᠎ ᠤ 2 ᠰᠠᠷ᠎ᠠ  ᠎ ᠳᠤ  ᠂ ᠶᠡᠭᠡ ᠴᠠᠷᠢᠩᠳᠤᠨᠳᠤᠪ ᠲᠦᠮᠡ  ᠭᠠᠷᠦᠢ ᠴᠢᠷᠡᠭ   ᠲᠠᠶᠢᠴᠢᠯᠠᠨ  ᠶᠠᠮᠤᠰᠢ ᠨᠠᠭᠤᠷ  ᠎ ᠤᠨ  ᠬᠦᠪᠡᠭᠡᠨ ᠳᠤ  ᠤᠷᠤᠰ  ᠎ ᠤᠨ  ᠲᠦᠷᠢᠮᠬᠡᠢ  ᠴᠢᠷᠡᠭ  ᠎ ᠢ  ᠲᠠᠪᠬᠤᠷ  ᠲᠠᠪᠬᠤᠷ  ᠪᠦᠰᠡᠯᠡᠨ ᠠᠪᠴᠢ  ᠃  ᠪᠦᠬᠦᠳᠡ  ᠎ ᠶᠢ  ᠵᠠᠬᠢᠷᠤᠭᠴᠢ  ᠲᠦᠪᠧᠷᠰᠺᠧᠨ  ᠬᠤᠳᠠᠨ  ᠎ ᠠᠴᠠ  ᠨᠢᠭᠡᠨ  ᠰᠠᠯᠠᠭ᠎ᠠ  ᠲᠤᠰᠠᠯᠠᠬᠤ  ᠴᠢᠷᠡᠭ  ᠢᠯᠭᠡᠭᠰᠡᠨ  ᠪᠤᠯᠪᠠᠴᠦ   ᠵᠦᠩᠭᠭᠠᠷ ᠴᠢᠷᠡᠭ  ᠎ ᠲᠤ  ᠤᠰᠠᠳᠬᠠᠭᠳᠠᠵᠠᠢ  ᠃ 1717 ᠤᠨ  ᠎ ᠤ 2 ᠰᠠᠷ᠎ᠠ  ᠎ ᠳᠤ  ᠺᠠᠺᠠᠷᠢᠨ ᠨᠤᠶᠠᠨ  ᠴᠧᠷᠢᠳᠤᠪ ᠬᠡᠬᠦ   ᠡᠯᠴᠢ  ᠎ ᠶᠢ  ᠵᠦᠩᠭᠭᠠᠷ  ᠎ ᠲᠤ  ᠵᠠᠷᠤᠵᠦ  ᠬᠤᠶᠠᠷ  ᠡᠳᠡᠬᠡᠳ  ᠎ ᠢᠶᠠᠷ  ᠎ ᠢᠶᠠᠨ ᠡᠪᠰᠡᠬᠦ  ᠎ ᠶᠢ  ᠬᠦᠰᠡᠭᠰᠨ  ᠪᠤᠯᠪᠠᠴᠦ  ᠴᠠᠸᠠᠩᠷᠠᠪᠳᠠᠨ ᠬᠠᠭᠠᠨ ᠦᠯᠦ ᠤᠶᠢᠰᠢᠶ᠋ᠶᠠᠵᠦ  ᠴᠧᠷᠢᠳᠤᠪ   ᠡᠯᠴᠢ ᠶᠢ  ᠪᠠᠷᠢᠵᠦ ᠬᠤᠷᠢᠵᠦ  ᠲᠠᠯᠪᠢᠵᠠᠢ  ᠃  ᠬᠠᠭᠠᠨᠳᠦ  ᠤᠷᠤᠰ ᠤᠨ  ᠴᠢᠷᠡᠭ  ᠵᠢᠯ ᠭᠠᠷᠦᠢ  ᠪᠦᠰᠡᠯᠡᠭᠳᠡᠭᠡᠳ  ᠦᠯᠦᠰᠦᠭᠦᠯᠡᠩ  ᠪᠠ ᠬᠢᠵᠢᠭ  ᠡᠪᠡᠳᠴᠢᠨ  ᠎ ᠳᠤ  ᠬᠤᠶᠠᠷ  ᠮᠢᠩᠭ᠎ᠠ  ᠭᠠᠷᠤᠢ  ᠬᠦᠮᠦᠨ  ᠦᠬᠦᠵᠦ    ᠃1717 ᠤᠨ  ᠎ ᠤ  ᠲᠦᠷᠪᠡᠨ ᠰᠠᠷ᠎ᠠ ᠳᠤ  ᠬᠠᠭᠠᠨᠳᠦ  ᠤᠷᠤᠰ ᠤᠨ  ᠠᠮᠢᠳᠦ  ᠦᠯᠡᠳᠡᠭᠰᠡᠨ  ᠲᠤᠯᠤᠭᠠᠨ  ᠵᠠᠭᠤᠨ  ᠴᠢᠷᠡᠭ  ᠎ ᠨᠢ  ᠪᠦᠭᠡᠺᠡᠯᠢᠽᠢ  ᠎ ᠶᠢᠨ  ᠲᠠᠭᠠᠭᠤᠯᠯᠭ᠎ᠠ  ᠎ ᠪᠠᠷ  ᠵᠢᠭᠤᠳᠠᠨ ᠶᠠᠪᠤᠵᠠᠢ᠃1722 ᠤᠨ  ᠎ ᠳᠤ  ᠲᠠᠶᠢᠴᠢᠩ  ᠤᠯᠤᠰ  ᠬᠢᠭᠡᠳ  ᠮᠠᠨᠵᠦ ᠬᠤᠶᠠᠷ ᠶᠡᠭᠡ  ᠭᠦᠷᠦᠨ ᠤ  ᠬᠠᠪᠴᠢᠯᠳᠠ  ᠲᠦᠷᠢᠯᠳᠠ ᠳᠤ  ᠤᠴᠠᠷᠠᠭᠰᠠᠨ  ᠵᠦᠩᠭᠠᠷ  ᠬᠠᠭᠠᠨᠳᠦ  ᠤᠯᠤᠰ  ᠎ ᠨᠢ  ︿︿ᠵᠠᠷᠭᠤ  ﹀﹀  ᠎ ᠶᠢᠨ  ᠵᠦᠪᠯᠡᠯᠭᠡᠨ   ᠬᠢᠵᠠᠢ  ᠃  ᠲᠡᠷᠡ  ᠵᠦᠪᠯᠡᠯᠭᠡᠨ  ᠎ ᠳᠤ  ᠶᠡᠭᠡ  ᠴᠠᠷᠢᠩᠳᠤᠨᠳᠤᠪ  ᠤᠷᠤᠯᠴᠠᠵᠦ  ᠂  ᠤᠷᠤᠰ  ᠎ ᠤᠨ  ᠬᠠᠷᠢᠶᠠᠳᠦ  ᠪᠤᠯᠬᠤ  ᠎ ᠶᠢ ᠡᠷᠡᠰ ᠡᠰᠡᠷᠭᠦᠴᠡᠨ  ᠂ ᠴᠢᠩ  ᠤᠯᠤᠰ  ᠎ ᠲᠠᠢ  ᠬᠡᠯᠡᠯᠴᠡᠭᠡᠷ  ᠎ ᠤᠨ  ᠬᠦᠴᠦᠨ  ᠎ ᠢᠶᠠᠷ  ᠲᠤᠰᠭᠠᠷ  ᠲᠤᠭᠳᠠᠨᠢᠯ  ᠎ ᠢᠶᠠᠨ ᠬᠠᠮᠠᠭᠠᠯᠬᠤ  ᠎ ᠶᠢ ᠵᠤᠷᠢᠵᠦ ᠪᠠᠶᠢᠪᠠ  ᠃  ᠬᠡᠳᠦᠷᠬᠡᠢ  ᠠᠭᠤᠷᠯᠠᠭᠰᠠᠨ  ᠴᠠᠷᠢᠩᠳᠤᠨᠳᠤᠪ  ᠰᠠᠨᠵᠢ ᠵᠠᠶᠢᠰᠠᠩ  ᠎ ᠶᠢ  ᠬᠤᠷᠤᠭᠤ ᠪᠠᠷ  ᠎ ᠢᠶᠠᠨ ᠵᠢᠭᠠᠵᠦ  ︿︿ ᠠᠯᠢ ᠨᠢᠭᠡᠨ ᠡᠳᠦᠷ  ᠪᠢ  ᠴᠢᠮ᠎ᠠ ᠶᠢ ᠠᠯᠠᠮᠤᠢ  ﹀﹀ ᠭᠡᠵᠦ ᠶᠠᠷᠢᠵᠦ ᠪᠠᠶᠢᠵᠠᠢ  ᠃1723 ᠤᠨ  ᠎ ᠳᠤ  ᠭᠠᠯᠳᠠᠨᠴᠠᠷᠢᠩ  ᠬᠠᠭᠠᠨ  ᠲᠠᠶᠢᠴᠢᠩ ᠬᠢᠭᠡᠳ  ᠤᠷᠤᠰ ᠲᠠᠢ  ᠨᠠᠶᠢᠷᠠᠮᠳᠠᠭᠰᠠᠨ  ᠲᠤᠬᠢᠶᠠᠯ  ᠎ ᠢᠶᠠᠨ ᠠᠰᠢᠭᠯᠠᠨ  ᠂ ᠴᠢᠷᠡᠭ  ᠲᠤᠮᠢᠯᠠᠨ  ᠪᠠᠷᠠᠭᠤᠨ ᠲᠠᠯ᠎ᠠ  ᠎ ᠠᠴᠠ  ᠎ ᠨᠢ  ᠲᠦᠢᠪᠡᠭᠡᠵᠦ  ᠪᠠᠶᠢᠭᠰᠠᠨ   ᠬᠠᠰᠠᠭ  ᠎ ᠢ  ᠪᠤᠳᠠᠷᠠᠳᠠᠯ᠎ᠠ  ᠴᠤᠬᠢᠵᠠᠢ  ᠂ ᠡᠨᠡ  ᠲᠠᠶᠢᠨ  ᠎ ᠳᠤ  ᠶᠡᠭᠡ ᠴᠢᠷᠢᠩᠳᠤᠨᠳᠤᠪ  ᠰᠢᠭᠤᠳ ᠤᠷᠤᠯᠴᠠᠭᠰᠠᠨ  ᠦᠭᠡᠢ ᠴᠦ  ᠪᠤᠰᠤᠳ ᠲᠠᠯ᠎ᠠ  ᠎ ᠶᠢᠨ  ᠲᠠᠶᠢᠰᠣᠨ ᠲᠠᠷᠦᠵᠦ ᠲᠠᠮ  ᠎ ᠤᠨ  ᠬᠦᠴᠦᠨ  ᠎ ᠢᠶᠠᠨ ᠡᠷᠭᠦᠵᠠᠢ  ᠃   ᠶᠡᠭᠡ  ᠪᠠᠭ᠎ᠠ  ᠴᠠᠷᠢᠩᠳᠤᠨᠳᠤᠪ   ᠵᠦᠩᠭᠠᠷ  ᠎ ᠤᠨ  ᠭᠤᠤᠯ  ᠬᠦᠴᠦᠨ  ᠎ ᠢ  ᠲᠠᠶᠢᠴᠢᠯᠠᠨ    1731 ᠤᠨ  ᠎ ᠤ ᠬᠠᠪᠤᠷ  ᠂ ᠡᠷᠴᠢᠰ  ᠂ ᠦᠷᠦᠩᠭᠦ  ᠂  ᠬᠤᠪᠤᠭᠰᠠᠶᠢᠷ  ᠎ ᠲᠤ  ᠬᠦᠴᠦᠨ  ᠎ ᠢᠶᠠᠨ   ᠲᠦᠪᠯᠡᠷᠡᠭᠦᠯᠦᠭᠰᠡᠨ   ᠶᠡᠭᠡ  ᠪᠠᠭ᠎ᠠ  ᠬᠤᠶᠠᠷ  ᠴᠠᠷᠢᠩᠳᠤᠨᠳᠤᠪ  ᠨᠠᠷ  ᠲᠠᠶᠢᠴᠢᠩ ᠤᠯᠤᠰ ᠤᠨ  ᠤᠮᠠᠷᠠᠳᠦ  ᠵᠠᠮ  ᠎ ᠶᠢᠨ  ᠲᠠᠶᠢᠯᠠᠬᠤ  ᠎ ᠪᠠᠷ ᠪᠡᠯᠡᠳᠬᠡᠵᠠᠢ  ᠃     ᠴᠡᠷᠢᠭ  ᠎ ᠤᠨ  ᠪᠡᠯᠡᠳᠬᠡᠯ   ᠪᠦᠬᠦ  ᠲᠠᠯ᠎ᠠ  ᠎ ᠪᠠᠷ ᠬᠢᠭᠰᠡᠨ  ᠶᠡᠭᠡ  ᠪᠠᠬ᠎ᠠ  ᠬᠤᠶᠠᠷ  ᠴᠠᠷᠢᠩᠳᠤᠨᠳᠤᠪ  ᠪᠠ   ᠲᠤᠷᠵᠢᠳᠠᠮᠪᠠ ᠨᠠᠷ  ᠵᠦᠩᠭᠠᠷ ᠤᠨ  ᠬᠠᠮᠤᠭ  ᠎ ᠤᠨ  ᠰᠢᠯᠢᠳᠡᠭ ᠴᠢᠷᠡᠭ  ᠭᠤᠷᠪᠠᠨ ᠲᠦᠮᠡ  ᠭᠠᠷᠦᠢ  ᠎ ᠶᠢ  ᠵᠠᠬᠢᠷᠦᠨ  ᠵᠡᠭᠦᠨᠰᠢ  ᠡᠷᠴᠢᠰ  ᠮᠦᠷᠡᠨ  ᠎ ᠢ  ᠭᠠᠳᠤᠯᠤᠨ  ᠂  ᠠᠯᠳᠠᠢ  ᠎ ᠶᠢᠨ  ᠬᠢᠷ᠎ᠠ ᠠᠭᠤᠯᠠᠨ ᠤ  ᠡᠩᠭᠡᠷ  ᠎ ᠲᠤ  ᠢᠷᠡᠵᠦ ᠲᠦᠪᠯᠡᠷᠡᠵᠠᠢ  ᠃  ᠲᠡᠷᠡ  ᠬᠢᠷᠢ  ᠪᠦᠷᠳᠠᠨ ᠤ  ᠶᠡᠭᠡ ᠴᠢᠷᠡᠭ  ᠬᠤᠪᠳᠤ  ᠎ ᠳᠤ  ᠬᠦᠷᠢᠶ᠎ᠡ  ᠪᠠᠭᠤᠭᠰᠠᠨ  ᠲᠡᠳᠡᠨᠡᠷ  ᠲᠠᠩᠨᠠᠨ  ᠮᠡᠳᠡᠵᠠᠢ  ᠃  ᠲᠡᠭᠡᠭᠡᠳ  ᠭᠤᠷᠪᠠᠨ  ᠲᠦᠮᠡᠨ  ᠴᠢᠷᠡᠭ  ᠪᠦᠭᠭᠦᠭᠦᠯᠵᠦ    ᠲᠠᠰᠤᠷᠬᠠᠢ   ᠪᠠᠭᠠᠳᠤᠷ  ᠎ ᠢ  ᠵᠤᠷᠢᠭᠤᠳᠠ ᠪᠠᠷᠢᠭᠳᠠᠭᠤᠯᠵᠦ   ᠵᠦᠩᠭᠠᠷ  ᠎ ᠤᠨ  ᠴᠢᠷᠡᠭ  ᠰᠠᠶ᠋ᠢᠬᠠᠨ ᠬᠦᠷᠴᠦ ᠢᠷᠡᠵᠠᠢ  ᠭᠡᠵᠦ  ᠦᠴᠢᠭᠯᠡᠭᠦᠯᠵᠠᠢ  ᠃  ᠵᠠᠩᠵᠦᠨ  ᠪᠦᠷᠳᠠᠨ   ᠴᠠᠷᠢᠩᠳᠤᠨᠳᠤᠪ ᠲᠠᠨ ᠤ  ᠠᠷᠭ᠎ᠠ  ᠎ ᠳᠤ  ᠤᠷᠤᠵᠦ  ᠵᠦᠩᠭᠠᠷ  ᠎ ᠤᠨ  ᠬᠢᠯᠢ  ᠎ ᠳᠤ  ᠶᠡᠭᠡ ᠴᠢᠷᠡᠭ  ᠎ ᠢᠶᠠᠷ  ᠲᠠᠷᠤᠨ   ᠬᠤᠳᠤᠩ ᠨᠠᠭᠤᠷ  ᠎ ᠲᠤ  ᠬᠦᠷᠢᠶ᠎ᠠ  ᠪᠠᠭᠤᠵᠠᠢ  ᠃ ᠪᠢᠯᠢᠭ  ᠎ ᠤᠨ  ᠤᠯᠠᠷᠢᠯ  ᠎ ᠤᠨ 6 ᠰᠠᠷ᠎ᠠ  ᠎ ᠶᠢᠨ 21  ᠎ ᠳᠤ  ᠭᠤᠷᠪᠠᠨ  ᠲᠦᠮᠡᠨ  ᠵᠦᠩᠭᠠᠷ ᠴᠢᠷᠡᠭ  ᠭᠡᠨᠡᠳᠳᠡ  ᠲᠦᠯᠬᠢᠯᠡᠨ  ᠬᠤᠳᠤᠩ  ᠨᠠᠭᠤᠷ  ᠎ ᠲᠤ  ᠬᠤᠨᠤᠭᠰᠠᠨ  ᠪᠦᠷᠳᠠᠨ  ᠎ ᠤ ᠴᠢᠷᠡᠭ  ᠎ ᠢ  ᠪᠠᠰᠠ  ᠪᠦᠰᠡᠯᠡᠨ ᠠᠪᠴᠦ  ᠬᠢᠳᠦᠵᠠᠢ  ᠃  ᠬᠤᠳᠤᠩ  ᠨᠠᠭᠤᠷ ᠤᠨ  ᠲᠠᠶᠢᠨ  ᠎ ᠳᠤ  ᠵᠦᠩᠭᠠᠷ ᠴᠢᠷᠡᠭ  ᠲᠠᠶᠢᠴᠢᠩ ᠤᠯᠤᠰ  ᠎ ᠤᠨ  ᠴᠢᠷᠡᠭ  ᠎ ᠢ  ᠲᠦᠷᠪᠡᠨ  ᠮᠢᠩᠭ᠎ᠠ ᠰᠢᠬᠠᠮ  ᠰᠦᠨᠦᠭᠡᠵᠦ  ᠂  ᠲᠠᠪᠤᠨ  ᠮᠢᠩᠭ᠎ᠠ ᠰᠢᠬᠠᠮ  ᠤᠯᠵᠠᠯᠠᠵᠠᠢ  ᠃1731 ᠤᠨ  ᠎ ᠤ  ᠪᠢᠯᠢᠭ  ᠎ ᠤᠨ  ᠤᠯᠠᠷᠢᠯ  ᠎ ᠤᠨ 8 ᠰᠠᠷ᠎ᠠ  ᠎ ᠶᠢᠨ 11᠎ ᠤ ᠡᠳᠤᠷ  ᠶᠡᠭᠡ  ᠪᠠᠭ᠎ᠠ  ᠴᠠᠷᠢᠩᠳᠤᠨᠳᠤᠪ   ᠭᠤᠷᠪᠠᠨ  ᠲᠦᠮᠡᠨ ᠴᠢᠷᠡᠭ  ᠲᠠᠶᠢᠴᠢᠯᠠᠨ  ᠠᠯᠳᠠᠢ  ᠎ ᠶᠢ ᠲᠠᠪᠠᠭᠠᠳ  ᠴᠠᠭᠠᠨ  ᠪᠤᠷᠭᠠᠰᠦ  ᠎ ᠳᠤ  ᠪᠠᠭᠤᠳᠠᠯᠯᠠᠵᠠᠢ  ᠃    ᠡᠨᠡ  ᠦᠶ᠎ᠡ  ᠎ ᠳᠤ  ᠪᠦᠷᠳᠠᠨ  ᠬᠡᠳᠦᠶᠢᠪᠡᠷ  ᠬᠤᠪᠳᠤ  ᠎ ᠳᠤ 159000  ᠴᠢᠷᠡᠭ  ᠎ ᠲᠠᠢ  ᠪᠠᠶᠢᠭᠰᠠᠨ ᠴᠦ  ᠵᠦᠩᠭᠠᠷ ᠴᠢᠷᠡᠭ ᠲᠠᠢ   ᠡᠮᠢᠶᠡᠵᠦ  ᠦᠯᠦ ᠬᠠᠯᠳᠠᠪᠠ  ᠃   ᠴᠠᠷᠢᠩᠳᠤᠨᠳᠤᠪ ᠲᠠᠨ  ᠪᠦᠷᠳᠠᠨ ᠢ  ᠰᠡᠷᠬᠡᠶᠢᠯᠡᠬᠦ  ᠎ ᠶᠢᠨ  ᠲᠦᠯᠦᠭᠡ  ᠰᠤᠷᠪᠢ  ᠤᠯᠠᠭᠠᠭᠴᠢᠨ  ᠭᠡᠳᠡᠭ ᠭᠠᠵᠠ᠊ ᠲᠠᠷᠤᠩᠭᠤᠢ ᠴᠢᠷᠡᠭ ᠬᠡᠮᠡᠨ  4000 ᠴᠢᠷᠡᠭ  ᠦᠯᠡᠳᠡᠭᠡᠵᠠᠢ  ᠃   ᠲᠡᠭᠡᠭᠡᠳ 26000 ᠴᠢᠷᠡᠭ  ᠎ ᠢᠶᠠᠷ  ᠵᠡᠭᠦᠨᠰᠢ ᠲᠠᠪᠰᠢᠨ  ᠲᠡᠷᠪᠢ  ᠂  ᠬᠦᠪᠦᠭᠡᠷ   ᠎ ᠢᠶᠠᠷ  ᠦᠩᠭᠡᠷᠡᠨ  ᠨᠠᠮᠠᠬᠤ ᠲᠠᠪᠠᠭ᠎ᠠ ᠶᠢ ᠲᠠᠪᠠᠵᠠᠢ  ᠃   ᠶᠡᠭ᠊ ᠴᠠᠷᠢᠩᠳᠤᠨᠳᠤᠪ 20000 ᠴᠢᠷᠡᠭ  ᠵᠠᠬᠢᠷᠴᠦ  ᠰᠦᠬᠡ ᠠᠯᠳᠠᠬᠤ ᠭᠡᠳᠡᠭ ᠭᠠᠵᠠᠷ  ᠬᠦᠷᠢᠶ᠎ᠠ  ᠪᠠᠭᠤᠵᠠᠢ  ᠃ ᠪᠠᠭ᠎ᠠ ᠴᠠᠷᠢᠩᠳᠤᠨᠳᠤᠪ  ᠵᠢᠷᠭᠤᠭᠠᠨ ᠮᠢᠩᠭᠠᠨ ᠴᠢᠷᠡᠭ  ᠎ ᠢᠶᠠᠷ  ᠵᠠᠰᠠᠭᠳᠦ  ᠬᠠᠨ  ᠠᠶᠢᠮᠠᠭ ᠤᠨ  ᠤᠷᠪᠠᠨ ᠲᠠᠭᠠᠬᠤ  ᠲᠠᠶᠢᠵᠢ  ᠢᠷᠭᠡᠳ  ᠎ ᠶᠢ  ᠦᠮᠦᠭᠡᠯᠡᠨ  ᠭᠠᠷᠭᠠᠬᠤ  ᠡᠭᠦᠷᠭᠡ ᠶᠢ ᠬᠦᠢᠴᠡᠳᠬᠡᠵᠠᠢ  ᠃  ᠪᠠᠭ᠎ᠠ ᠴᠠᠷᠢᠩᠳᠤᠨᠳᠤᠪ  ᠎ ᠤᠨ  ᠡᠭᠦᠷᠭᠡ  ᠪᠡᠶᠡᠯᠡᠭᠦᠯᠦᠭᠰᠨ᠎ᠡ ᠤ  ᠰᠡᠬᠦᠯᠡᠷ   ᠶᠡᠭᠡ  ᠴᠠᠷᠢᠩᠳᠤᠨᠳᠤᠪ  ᠴᠦ  ᠬᠡᠳᠤᠨ  ᠪᠠᠶᠢᠯᠳᠤᠭᠠᠨ  ᠎ ᠢ  ᠦᠩᠭᠡᠷᠭᠡᠨ  ᠵᠦᠩᠭᠠᠷ ᠲᠠᠭᠠᠨ  ᠪᠤᠴᠠᠵᠠᠢ  ᠃ 1739 ᠤᠨ  ᠎ ᠳᠤ  ᠵᠦᠩᠭᠠᠷ ᠬᠢᠭᠡᠳ  ᠲᠠᠶᠢᠴᠢᠩ ᠤᠯᠤᠰ  ᠎ ᠨᠢ ᠬᠡᠯᠡᠯᠴᠡᠭᠡᠷ ᠢᠶᠠᠷ  ᠬᠢᠯᠢ ᠶᠢᠨ  ᠱᠤᠭᠤᠮ  ᠎ ᠢᠶᠠᠨ  ᠵᠢᠷᠤᠭᠯᠠᠭᠰᠠᠨ ᠤ ᠲᠠᠷᠠᠭ᠎ᠠ   ᠭᠠᠯᠳᠠᠨᠴᠠᠷᠢᠩ ᠬᠠᠭᠠᠨ   ᠦᠭᠡᠷᠴᠢᠯᠡᠳᠡ  ᠬᠢᠵᠦ   ᠲᠤᠰᠭᠠᠷ   ᠲᠤᠭᠳᠠᠨᠢᠯ  ᠎ ᠢᠶᠠᠨ  ᠪᠠᠬᠢᠵᠢᠭᠦᠯᠵᠠᠢ  ᠃    ᠲᠡᠭᠦᠨ ᠤ  ᠦᠭᠡᠷᠴᠢᠯᠡᠯᠳᠡ ᠨᠢ  ᠶᠡᠭᠡ  ᠴᠠᠷᠢᠩᠳᠤᠨᠳᠤᠪ  ᠎ ᠤᠨ   ᠬᠤᠪᠢᠨ ᠤ  ᠠᠰᠢᠭ ᠲᠤᠰᠠ ᠶᠢ ᠬᠦᠨᠳᠡᠭᠰᠡᠨ ᠴᠦ  ᠲᠡᠷᠡ   ᠶᠡᠭᠡ ᠲᠠᠯ᠎ᠠ  ᠎ ᠠᠴᠠ  ᠡᠭᠦᠰᠴᠦ  ᠦᠭᠡᠷᠴᠢᠯᠠᠯᠳᠡ  ᠎ ᠶᠢ ᠬᠦᠴᠦᠳᠠᠢ  ᠲᠡᠮᠵᠢᠵᠦ   ᠢᠯᠭᠤᠮ  ᠶᠠᠪᠤᠭᠳᠠᠬᠤ ᠶᠢ  ᠪᠠᠳᠤᠯᠠᠵᠠᠢ  ᠃   ᠬᠤᠵᠢᠮ  ᠎ ᠤ ᠲᠡᠭᠦᠨ  ᠎ ᠤ  ᠤᠮᠪᠤᠯ  ᠬᠦᠪᠡᠭᠦᠨ  ᠲᠦᠷᠦ  ᠎ ᠶᠢᠨ  ᠡᠷᠭᠡ ᠶᠢ ᠪᠤᠯᠢᠶ᠋ᠶᠠᠵᠦ  ᠵᠦᠩᠭᠠᠷ ᠬᠠᠭᠠᠨᠳᠤ  ᠤᠯᠤᠰ ᠤᠨ  ᠮᠦᠬᠦᠯ  ᠎ ᠢ  ᠲᠦᠷᠭᠡᠳᠬᠡᠵᠠᠢ  ᠃ ᠨᠠᠮᠰᠠᠷᠠᠢ  ᠎ ᠶᠢᠨ  ︽ᠵᠦᠩᠭᠠᠷ  ᠬᠠᠭᠠᠨᠳᠤ ᠤᠯᠤᠰ ᠤᠨ  ᠲᠡᠦᠬᠡ  ︾  ᠎ ᠠᠴᠠ  ᠱᠦᠭᠦᠪᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号