| | ᠵᠠᠩ ᠸᠧᠨ ᠬᠤᠤ ᠠᠨᠤ ᠵᠧᠵᠢᠶᠠᠩ ᠮᠤᠵᠢ ᠶᠢᠨ ᠱᠤᠤᠰᠢᠩ ᠤᠨ ᠬᠦᠮᠦᠨ ᠂ ᠡᠷᠭᠦᠭᠰᠡᠨ ᠨᠡᠷ᠎ᠡ ᠨᠢ | ᠯᠠᠨ ᠹᠠᠩ ᠃ ᠰᠢᠶᠠᠨ ᠤ ᠨᠤᠶᠠᠨ ᠢᠶᠠᠷ ᠰᠢᠯᠭᠠᠵᠦ ᠡᠯᠰᠡᠭᠳᠡᠭᠡᠳ ᠂ ᠨᠤᠳᠤᠭ ᠨᠢᠭᠡᠳᠠᠢ ᠰᠠᠶᠢᠨ ᠨᠠᠶᠢᠵᠠ | ᠬᠠᠨ ᠠᠢ ᠡᠦ ᠵᠡᠷᠭᠡ ᠰᠢᠯᠭᠠᠯᠳᠠ ᠠᠴᠠ ᠭᠡᠭᠡᠭᠳᠡᠭᠰᠡᠳ ᠲᠠᠢ ᠪᠡᠭᠡᠵᠢᠩ ᠤᠨ ᠱᠤᠤᠰᠢᠩ ᠤᠷᠳᠦᠨ ᠳᠤ | ᠬᠤᠪᠢᠶᠠᠷᠯᠠᠯᠳᠠ ᠬᠦᠯᠢᠶᠡᠨ ᠂ ᠪᠠᠭᠠᠷᠢᠨ ᠤ ᠠᠳᠠᠷ ᠬᠠᠭᠠᠯᠪᠤᠶᠢᠯᠠᠯᠳᠠ ᠲᠤ ᠲᠤᠬᠢᠶᠠᠯᠳᠤᠨ ᠂ ᠴᠢᠩ ᠤᠨ | ᠵᠠᠰᠠᠭ ᠤᠨ ᠭᠠᠵᠠᠷ ᠲᠤ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠶᠡᠷᠦᠩᠬᠢ ᠮᠡᠳᠡᠭᠴᠢ ᠂ ᠯᠢᠨᠰᠢ | ᠰᠢᠶᠠᠨ ᠤ ᠮᠡᠳᠡᠭᠴᠢ ᠪᠠᠷ ᠲᠤᠮᠢᠯᠠᠭᠳᠠᠵᠠᠢ ᠃ | ᠲᠡᠭᠦᠨ ᠢᠶᠠᠷ᠂ ᠪᠠᠳᠠᠷᠠᠭᠤᠯᠳᠦ ᠲᠦᠷᠦ ᠶᠢᠨ 34 ︵1908︶ ᠤᠨ ᠠᠴᠠ ᠢᠷᠭᠡᠨ ᠤᠯᠤᠰ ᠤᠨ | ᠬᠤᠶᠠᠷ ᠤᠨ ︵1913︶ ᠤᠨ ᠪᠤᠯᠳᠠᠯ᠎ᠠ ᠯᠢᠨᠰᠢ ᠰᠢᠶᠠᠨ ᠤ ᠭᠡᠷᠡᠭ ᠮᠡᠳᠡᠭᠴᠢ ᠪᠠᠷ ᠬᠤᠶᠠᠷᠳᠠ | ᠲᠤᠮᠢᠯᠠᠭᠳᠠᠨ᠂ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠶᠡᠷᠦᠩᠬᠢ ᠮᠡᠳᠡᠭᠴᠢ ᠪᠠᠷ ᠭᠤᠷᠪᠠᠨᠳᠠ | ᠬᠡᠷᠡᠭᠯᠡᠩᠳᠡᠵᠠᠢ᠃ ᠰᠦᠩ ᠱᠤᠤ ᠴᠢᠦᠸᠠᠨ ᠤ ︿︿ᠯᠢᠨᠰᠢ ᠰᠢᠶᠠᠨ ᠤ ᠤᠶᠢᠯᠠᠯᠭ᠎ᠠ﹀﹀ ᠳᠤ ᠲᠡᠭᠦᠨ ᠢ ᠯᠢᠨᠰᠢ | ᠶᠢᠨ ᠠᠯᠳᠠᠷᠳᠦ ᠨᠤᠶᠠᠳ ᠲᠤ ᠪᠠᠭᠳᠠᠭᠠᠨ ᠄ ︿︿ ᠯᠢᠨᠰᠢ ᠰᠢᠶᠠᠨ ᠳᠤ ᠬᠤᠶᠠᠷᠳᠠᠨ ᠵᠤᠭᠠᠴᠠᠨ ᠨᠤᠶᠠᠯᠠᠨ | ᠂ ᠲᠦᠷᠦ ᠵᠠᠰᠠᠭ ᠲᠤ ᠠᠯᠳᠠᠷ ᠮᠠᠨᠳᠤᠨ ᠂ ᠦᠷᠦᠰᠢᠶᠡᠯᠳᠦ ᠵᠠᠰᠠᠭ ᠶᠠᠪᠤᠭᠤᠯᠠᠨ ᠂ ᠲᠠᠷᠢᠶᠠᠯᠠᠩ | ᠬᠤᠳᠠᠯᠳᠤᠭ᠎ᠠ ᠶᠢ ᠵᠡᠷᠭᠡᠪᠡᠷ ᠡᠷᠬᠢᠯᠡᠵᠠᠢ ﹀﹀ ᠭᠡᠵᠦ ᠦᠨᠡᠯᠡᠵᠠᠢ ᠃ ᠯᠢᠨᠰᠢ ᠰᠢᠶᠠᠨ ᠳᠤ ᠲᠠᠪᠤᠨ ᠵᠢᠯ | ᠨᠤᠶᠠᠨ ᠰᠠᠭᠤᠬᠤ ᠳᠠᠭᠠᠨ ᠂ ᠬᠡᠪᠳᠦ ᠶᠤᠰᠤᠳᠦ ᠶᠢᠨ ᠲᠡᠷᠢᠭᠦᠨ ︵1909︶ ᠤᠨ ᠳᠤ ᠠᠳᠠᠷ | ᠬᠠᠭᠠᠯᠪᠤᠷᠢᠯᠠᠯᠳᠠ ᠶᠢᠨ ᠶᠡᠷᠦᠩᠬᠢ ᠮᠡᠳᠡᠭᠴᠢ ᠶᠢ ᠬᠠᠷᠢᠭᠤᠴᠠᠬᠤ ᠶᠢᠨ ᠬᠠᠮᠳᠦ ᠪᠠᠰᠠ ᠪᠠᠭᠠᠷᠢᠨ ᠵᠡᠭᠦᠨ | ᠬᠤᠰᠢᠭᠤ ᠂ ᠬᠡᠰᠢᠭᠳᠡᠨ ᠵᠡᠷᠭᠡ ᠭᠤᠷᠪᠠᠨ ᠬᠤᠰᠢᠭᠤ ᠰᠢᠶᠠᠨ ᠤ ᠬᠢᠳᠡᠳ ᠮᠤᠩᠭᠤᠯ ᠤᠨ ᠶᠠᠪᠤᠳᠠᠯ ᠢ | ᠬᠠᠪᠰᠤᠷᠭᠠᠨ ᠬᠠᠷᠢᠭᠤᠴᠠᠵᠠᠢ ᠃ ᠬᠡᠪᠳᠦ ᠶᠤᠰᠤᠳᠦ ᠶᠢᠨ ᠬᠤᠶᠠᠳᠤᠭᠠᠷ ︵1910︶ ᠤᠨ ᠳᠤ | ᠭᠡᠰᠢᠭᠳᠡᠨ ᠬᠤᠰᠢᠭᠤ ᠶᠢ ᠰᠠᠯᠭᠠᠨ ᠭᠠᠷᠭᠠᠵᠦ ᠵᠢᠩ ᠫᠧᠩ ᠰᠢᠶᠠᠨ ᠢ ᠪᠠᠶᠢᠭᠤᠯᠤᠭᠰᠠᠨ ᠨᠢ ᠪᠠᠰᠠᠴᠦ | ᠵᠠᠩ ᠸᠧᠨ ᠬᠤᠤ ᠶᠢᠨ ᠰᠤᠶᠤᠷᠬᠠᠯ ᠮᠦᠨ ᠃ ᠲᠡᠭᠦᠨ ᠤ ᠯᠢᠨᠰᠢ ᠰᠢᠶᠠᠨ ᠳᠤ ᠦᠵᠡᠭᠦᠯᠦᠭᠰᠡᠨ | ᠵᠢᠳᠬᠦᠯ ᠢ ᠨᠢ ᠨᠠᠷᠢᠪᠴᠢᠯᠠᠨ ᠦᠵᠡᠪᠡᠯ ᠲᠤᠤᠷᠠᠬᠢ ᠮᠡᠳᠦ ᠃ | ᠨᠢᠭᠡ ᠳᠤ᠄ ᠯᠢᠨᠰᠢ ᠰᠢᠶᠠᠨ ᠤ ᠬᠢᠵᠠᠭᠠᠷ ᠢ ᠲᠤᠭᠳᠠᠭᠠᠵᠠᠢ ᠃ ᠵᠠᠩ ᠸᠧᠨ ᠬᠤᠤ ᠪᠠᠭᠠᠷᠢᠨ ᠤ | ᠠᠳᠠᠷ ᠬᠠᠭᠠᠯᠪᠤᠷᠢᠯᠠᠯᠳᠠ ᠶᠢᠨ ᠬᠤᠶᠠᠳᠤᠭᠠᠷ ᠤᠨ ᠂ ᠲᠠᠷᠤᠢ ᠪᠠᠳᠠᠷᠭᠤᠯᠳᠦ ᠲᠦᠷᠦ ᠶᠢᠨ 34 ᠤᠨ | ᠤ 3 ᠰᠠᠷ᠎ᠠ ᠶᠢᠨ ᠰᠡᠭᠦᠯᠴᠢ ᠪᠠᠷ ᠪᠠᠭᠠᠷᠢᠨ ᠤ ᠠᠳᠠᠷ ᠬᠠᠭᠠᠯᠪᠤᠷᠢᠯᠠᠬᠤ ᠲᠤᠪᠴᠢᠶ᠎ᠠ ᠶᠢᠨ ᠶᠡᠷᠦᠩᠭᠬᠢ | ᠬᠡᠷᠡᠭ ᠮᠡᠳᠡᠭᠴᠢ ᠪᠠᠷ ᠢᠷᠡᠭᠰᠡᠨ ᠠᠴᠠ ᠂ ᠪᠠᠳᠠᠷᠠᠭᠤᠯᠳᠦ ᠲᠦᠷᠦ ᠶᠢᠨ 33 ᠤᠨ ︵1907︶ | ᠪᠠᠭᠠᠷᠢᠨ ᠸᠠᠩ ᠠᠳᠠᠷ ᠭᠠᠵᠠᠷ ᠡᠷᠭᠦᠨ ᠪᠠᠷᠢᠭᠰᠠᠨ ᠠᠴᠠ ᠭᠠᠳᠠᠨ᠎ᠠ ᠂ ᠪᠠᠳᠠᠷᠭᠤᠯᠳᠤ ᠲᠦᠷᠦ ᠶᠢᠨ 34 | ᠤᠨ ᠠᠴᠠ ᠡᠬᠢᠯᠡᠵᠦ ᠢᠷᠭᠡᠨ ᠤᠯᠤᠰ ᠤᠨ ᠬᠤᠶᠠᠳᠤᠭᠠᠷ ᠤᠨ ᠪᠠᠭᠠᠷᠢᠨ ᠤ ᠠᠳᠠᠷ | ᠬᠠᠭᠠᠯᠪᠤᠷᠢᠯᠠᠯᠳᠠ ᠲᠡᠭᠦᠰᠳᠡᠯ᠎ᠡ ᠂ ᠿᠧ ᠾᠧ ᠶᠢᠨ ᠪᠦᠬᠦᠳᠡ ᠶᠢ ᠵᠠᠬᠢᠷᠤᠭᠴᠢ ᠲᠢᠩ ᠵᠢᠶᠧ ᠶᠢᠨ | ᠵᠢᠭᠠᠪᠦᠷᠢ ᠪᠠᠷ ᠪᠠᠭᠠᠷᠢᠨ ᠸᠠᠩ ᠳᠤ ︿︿ᠲᠠᠬᠢᠨ ᠲᠠᠬᠢᠨ ᠰᠡᠭᠡᠷᠡᠭᠦᠯᠦᠯᠳᠡ ﹀ ﹀ ᠬᠢᠵᠦ᠂ ᠪᠠᠭᠠᠷᠢᠨ ᠤ | ᠠᠳᠠᠷ ᠲᠦᠷᠪᠠᠨᠳᠡ ᠡᠷᠭᠦᠨ ᠪᠠᠷᠢᠭᠤᠯᠠᠨ ᠨᠡᠶᠢᠳᠡ 8250 ᠴᠢᠩ ᠂ ᠠᠭᠤᠯᠠ ᠂ ᠭᠤᠤᠯ ᠂ ᠡᠯᠡᠰᠦ | ᠵᠡᠷᠭᠡ ᠶᠢ ᠭᠠᠷᠭᠠᠪᠠᠯ ᠂ ᠬᠠᠭᠠᠯᠪᠤᠷᠢᠯᠠᠵᠤ ᠪᠤᠯᠬᠤ ᠭᠠᠵᠠᠷ ᠨᠡᠶᠢᠳᠡ 5000 ᠢᠯᠡᠭᠦᠦ ᠴᠢᠩ ᠪᠠᠶᠢᠪᠠ᠃ | ᠢᠩᠭᠢᠭᠡᠳ ᠪᠠᠭᠠᠷᠢᠨ ᠬᠦᠭᠦᠷᠭᠡ ᠠᠴᠠ ᠤᠮᠠᠷᠠᠰᠢ ᠦᠵᠦᠮᠦᠴᠢᠨ ᠤ ᠬᠢᠵᠠᠭᠠᠷ ᠬᠦᠷᠳᠡᠯ᠎ᠡ ᠪᠦᠬᠦ ᠤᠷᠳᠦ | ᠨᠢ ᠪᠠᠷᠤᠭ 230 ᠢᠯᠡᠭᠦᠦ ᠭᠠᠵᠠᠷ ᠂ ᠵᠡᠭᠦᠨᠰᠢ ᠴᠠᠭᠠᠨᠮᠦᠷᠦᠨ ᠭᠤᠤᠯ ᠠᠴᠠ ᠬᠡᠰᠢᠭᠳᠡᠨ ᠤ ᠯᠢᠦ ᠵᠢᠶᠠ | ᠢᠩᠽᠢ ᠬᠦᠷᠳᠡᠯ᠎ᠡ ᠂ ᠦᠷᠭᠡᠨ ᠨᠢ ᠪᠠᠷᠤᠭ 75ᠭᠠᠵᠠᠷ ᠤᠷᠳᠦ ᠭᠠᠵᠠᠷ ᠢ ᠲᠠᠳᠠᠪᠤᠷᠢᠯᠠᠨ ᠠᠪᠴᠦ ᠯᠢᠨᠰᠢ | ᠰᠢᠶᠠᠨ ᠤ ᠲᠦᠷᠪᠡᠨ ᠬᠢᠵᠠᠭᠠᠷ ᠶᠢᠨ ᠦᠨᠳᠦᠰᠦᠨ ᠳᠤᠨᠢ ᠲᠤᠭᠳᠠᠭᠠᠵᠠᠢ ᠃ 1912 ᠤᠨ ᠳᠤ ᠵᠠᠩ | ᠸᠧᠨ ᠬᠤᠤ ᠬᠦᠮᠦᠨ ᠲᠤᠮᠢᠯᠠᠨ ᠪᠠᠭᠠᠷᠢᠨ ᠪᠠᠷᠠᠭᠤᠨ ᠬᠤᠰᠢᠭᠤ ᠲᠠᠢ ᠬᠠᠮᠳᠦᠪᠡᠷ ᠬᠤᠰᠢᠭᠤ ᠰᠢᠶᠠᠨ ᠤ | ᠬᠢᠵᠠᠭᠠᠠᠷ ᠢ ᠬᠠᠶᠢᠨ ᠲᠤᠭᠳᠠᠭᠠᠨ ᠤᠪᠤᠭ᠎ᠠ ᠪᠤᠰᠬᠠᠨ ᠲᠡᠮᠳᠡᠭ ᠪᠤᠯᠭᠠᠵᠠᠢ ᠃ ᠪᠠᠭᠠᠷᠢᠨ ᠤ ᠠᠳᠠᠷ | ᠬᠠᠭᠠᠯᠪᠤᠷᠢᠯᠠᠯᠳᠠ ᠢᠩᠭᠢᠭᠡᠳ ᠲᠡᠭᠦᠰᠭᠡᠵᠠᠢ᠃ | 2 ᠂ ᠯᠢᠨᠰᠢ ᠪᠠᠯᠭᠠᠰᠤᠨ ᠤ ᠨᠤᠳᠤᠭ ᠢ ᠬᠠᠶᠢᠨ ᠲᠤᠭᠳᠠᠭᠠᠨ ᠰᠢᠶᠠᠨ ᠤ ᠬᠤᠳᠠ ᠶᠢ ᠪᠠᠶᠢᠭᠤᠯᠵᠠᠢ᠃ | ᠬᠠᠮᠤᠭ ᠠᠩᠬᠠᠨ ᠳᠤ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠬᠤᠶᠠᠳᠤᠭᠴᠢ ᠶᠡᠷᠦᠩᠬᠢ ᠬᠡᠷᠡᠭ | ᠮᠡᠳᠡᠭᠴᠢ ᠯᠢ ᠲᠠᠨ ᠰᠢᠶᠠᠨ ᠤ ᠬᠤᠳᠠ ᠶᠢᠨ ᠰᠠᠭᠤᠷᠢᠨ ᠢ ᠵᠤᠯᠠᠴᠢᠨ ᠰᠦᠮ᠎ᠡ ᠶᠢᠨ ᠤᠷᠴᠢᠮ | ᠲᠤᠭᠳᠠᠭᠠᠵᠠᠢ ︵ ᠤᠭ ᠤᠨ ᠯᠢᠨᠰᠢ ᠰᠢᠶᠠᠨ ᠤ ᠰᠢᠩ ᠯᠦᠩ ᠵᠤᠸᠠᠩ ᠲᠤᠰᠬᠤᠨ ᠤ ᠪᠠᠷᠠᠭᠤᠨ | ᠵᠠᠬ᠎ᠠ ︶᠃ ᠪᠠᠳᠠᠷᠭᠤᠯᠳᠦ ᠲᠦᠷᠦ ᠶᠢᠨ 34 ᠤᠨ ᠤ ᠬᠠᠪᠤᠷ ᠵᠠᠩ ᠸᠧᠡ ᠬᠤᠤ ᠢᠷᠡᠭᠡᠳ | ᠤᠯᠢᠶᠠᠰᠤᠳᠠᠢ ᠬᠦᠨᠳᠢ ᠶᠢᠨ ᠲᠤᠯᠤᠭᠠᠨ ᠬᠤᠱᠤᠤ ᠂ ᠪᠠᠶᠢᠬᠠᠳᠦ ᠂ ᠤᠪᠤᠭ᠎ᠠ ᠠᠭᠤᠯᠠ ᠶᠢᠨ | ᠬᠤᠭᠤᠷᠤᠨᠳᠦ ᠰᠢᠶᠠᠨ ᠤ ᠬᠤᠳᠠ ᠶᠢᠨ ᠰᠠᠭᠤᠷᠢᠨ ᠢ ᠲᠤᠭᠳᠠᠭᠠᠨ ᠂ ᠿᠧ ᠾᠧ ᠶᠢᠨ ᠪᠦᠬᠦᠳᠡ ᠶᠢ | ᠵᠠᠬᠢᠷᠤᠭᠴᠢ ᠲᠢᠩ ᠵᠢᠶᠧ ᠪᠠᠷ ᠵᠦᠪᠰᠢᠶᠡᠷᠡᠭᠦᠯᠵᠠᠢ᠃ ᠰᠢᠶᠠᠨ ᠤ ᠶᠠᠮᠤᠨ ᠨᠢ ᠬᠤᠳᠠ ᠶᠢᠨ ᠪᠠᠷᠠᠭᠤᠨ | ᠬᠤᠶᠢᠳᠦ ᠤᠷᠴᠢᠮ ︵ᠣᠳᠤᠬᠠᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠤᠷᠢᠶ᠎ᠠ︶ ᠪᠠᠶᠢᠵᠦ ᠂ | ᠪᠦᠬᠦ ᠬᠤᠳᠠ ᠶᠢᠨ ᠶᠡᠷᠦᠩᠬᠢ ᠲᠠᠯᠠᠪᠠᠢ ᠶᠢ 34.56 ᠴᠢᠩ ᠪᠠᠶᠢᠵᠦ᠂ ᠠᠷᠪᠠᠨ ᠨᠢᠭᠡᠨ ᠪᠠᠭ᠎ᠠ | ᠲᠤᠭᠤᠷᠢᠭ ᠪᠠᠶᠢᠭᠤᠯᠬᠤ ᠪᠠᠷ ᠲᠦᠯᠦᠪᠡᠯᠵᠠᠢ ᠃ ᠡᠭᠦᠨ ᠳᠤ ᠰᠢᠶᠠᠨ ᠤ ᠶᠠᠮᠤᠨ ᠤ ᠮᠠᠨᠳᠠᠯ ᠰᠦᠮ᠎ᠡ ᠶᠢᠨ | ᠲᠠᠯᠠᠪᠠᠢ ᠨᠢ 2.94 ᠴᠢᠩ ᠃ ᠵᠠᠩ ᠸᠧᠨ ᠬᠤᠤ ᠪᠠᠰᠠ ᠵᠠᠷ ᠪᠢᠴᠩ ᠨᠠᠭᠠᠨ ᠠᠷᠠᠯᠵᠢᠶᠠᠴᠢᠨ | ᠡᠯᠰᠡᠵᠦ ᠴᠤᠭᠯᠠᠭ᠎ᠠ ᠲᠡᠯᠭᠡᠭᠦᠷ ᠡᠷᠬᠢᠯᠠᠵᠢ ᠃ ᠬᠤᠳᠠ ᠪᠠᠨ ᠦᠨᠳᠦᠰᠦᠨ ᠲᠡᠭᠡᠨ ᠪᠠᠶᠢᠭᠤᠯᠵᠦ | ᠲᠠᠭᠤᠰᠦᠭ᠌ᠰᠠᠨ ᠤ ᠲᠠᠷᠠᠭ᠎ᠠ ᠬᠡᠷᠬᠡᠮᠳᠡᠨ ᠂ ᠲᠠᠷᠢᠶᠠᠴᠢᠨ᠂ ᠠᠷᠠᠯᠵᠢᠶᠠᠴᠢᠨ ᠤ ᠬᠤᠷᠠᠯ ᠬᠤᠷᠠᠯᠳᠤᠭᠤᠯᠵᠤ ᠂ | ᠮᠦᠩᠭᠦ ᠵᠤᠭᠤᠰ ᠬᠡᠳᠦᠨ ᠵᠠᠭᠤᠨ ᠯᠠᠩ ᠴᠤᠭᠯᠠᠭᠤᠯᠵᠤ ᠪᠠᠶᠢᠪᠠ ᠃ ᠬᠤᠳᠠ ᠶᠢᠨ ᠬᠡᠷᠡᠮ ᠨᠢ ᠲᠠᠪᠤᠨ | ᠵᠠᠩ ᠦᠨᠳᠦᠷ ᠂ ᠭᠤᠷᠪᠠᠨ ᠲᠤᠬᠤᠢ ᠵᠤᠵᠠᠭᠠᠨ ᠪᠠᠶᠢᠪᠠ ᠃ ᠲᠠᠷᠠᠭ᠎ᠠ ᠵᠢᠯ ᠨᠢ ᠮᠢ ᠵᠧᠨ ᠪᠢᠶᠤᠤ | ᠲᠠᠬᠢᠨᠳᠠ ᠴᠤᠭᠴᠠᠯᠠᠵᠤ ᠂ ᠡᠮᠦᠨ᠎ᠡ ᠂ ᠪᠠᠷᠠᠭᠤᠨ ᠂ ᠵᠡᠭᠦᠨ ᠂ ᠬᠤᠶᠢᠳᠦ ᠡᠭᠦᠳᠡ ᠳᠤ ᠭᠠᠪᠢᠶ᠎ᠠ ᠵᠢᠳᠬᠦᠯ ᠂ | ᠬᠡᠷᠬᠡᠮ ᠵᠡᠷᠭᠡ ᠶᠢ ᠲᠡᠮᠳᠡᠭᠡᠯᠵᠠᠢ ᠃ | 3. ᠭᠠᠶᠢᠯᠢ ᠭᠤᠪᠴᠢᠭᠤᠷ ᠢ ᠬᠦᠩᠭᠡᠷᠡᠭᠦᠯᠵᠠᠢ ᠃ ᠯᠢᠨᠰᠢ ᠰᠢᠶᠠᠨ ᠳᠤ ᠨᠡᠭᠦᠵᠦ ᠢᠷᠡᠭᠰᠡᠨ ᠬᠦᠮᠦᠨ ᠤ | ᠤᠯᠠᠩᠬᠢ ᠨᠢ ᠶᠠᠳᠠᠭᠤ ᠬᠦᠮᠦᠨ ᠪᠠᠶᠢᠵᠦ ᠠᠳᠠᠷ ᠤᠨ ᠮᠦᠩᠭᠦ ᠪᠠᠨ ᠲᠠᠷᠦᠶᠢᠬᠠᠨ ᠲᠤᠰᠢᠶᠠᠬᠤ | ᠬᠦᠴᠢᠷᠳᠠᠢ ᠪᠠᠶᠢᠪᠠ ᠃ ᠵᠠᠩ ᠸᠧᠨ ᠬᠤᠤ ᠠᠷᠠᠳ ᠤᠨ ᠪᠠᠶᠢᠳᠠᠯ ᠢ ᠨᠠᠷᠢᠨ ᠤᠶᠢᠯᠭᠠᠵᠦ ᠂ ᠿᠧ ᠾᠧ | ᠶᠢᠨ ᠪᠦᠬᠦᠳᠡ ᠶᠢ ᠵᠠᠬᠢᠷᠦᠭ᠌ᠴᠢ ᠲᠢᠩ ᠵᠢᠶᠧ ᠳᠤ ᠮᠡᠳᠡᠭᠦᠯᠦᠨ ᠠᠳᠠᠷ ᠤᠨ ᠮᠦᠩᠭᠦ ᠶᠢ ᠵᠢᠭᠠᠨᠬᠠᠨ | ᠬᠦᠩᠭᠷᠡᠭᠦᠯᠵᠦ ᠂ ᠬᠤᠭᠤᠴᠠᠭ᠎ᠠ ᠶᠢ ᠨᠢ ᠬᠤᠶᠢᠰᠢᠯᠠᠭᠤᠯᠵᠠᠢ ᠃ ᠡᠨᠡᠬᠦ ᠲᠦᠷᠢᠮ ᠨᠢ ᠤᠯᠠᠩᠬᠢ ᠠᠳᠠᠷ | ᠠᠪᠤᠭᠰᠠᠳ ᠲᠤ ᠬᠦᠨᠳᠦᠦᠳᠭᠡᠭᠳᠡᠨ ᠵᠤᠭᠤᠰ ᠮᠦᠩᠭᠦ ᠪᠠᠨ ᠲᠤᠷᠠᠳᠠᠶ᠎ᠠ ᠲᠤᠰᠢᠶᠠᠨ ᠠᠳᠠᠷ ᠬᠤᠳᠠᠯᠳᠤᠬᠤ | ᠠᠵᠢᠯ ᠢ ᠢᠯᠭᠤᠮ ᠶᠠᠪᠤᠳᠠᠭᠤᠯᠵᠠᠢ ᠃ | 4᠂ ᠠᠷᠠᠯᠵᠢᠶᠠᠴᠢᠨ ᠤᠷᠢᠵᠦ ᠲᠠᠷᠢᠶᠠᠴᠢᠨ ᠤ ᠡᠪᠯᠡᠯ ᠪᠠᠶᠢᠭᠤᠯᠵᠠᠢ᠃ ᠪᠠᠳᠠᠷᠭᠤᠯᠳᠦ ᠶᠢᠨ 33 ᠤᠨ | ︵1907︶ ᠂ ᠿᠧ ᠾᠧ ᠶᠢᠨ ᠪᠦᠬᠦᠳᠡ ᠶᠢ ᠵᠠᠬᠢᠷᠦᠭ᠌ᠴᠢ ᠲᠢᠩ ᠵᠢᠶᠧ ᠪᠠᠭᠠᠷᠢᠨ ᠤ ᠠᠳᠠᠷ | ᠬᠠᠭᠠᠯᠪᠤᠷᠢᠯᠠᠭᠰᠠᠳ ᠢ ᠡᠯᠰᠡᠨ᠂ ᠨᠤᠶᠠᠨ ᠲᠤᠮᠢᠯᠠᠵᠦ ᠭᠡᠷᠡᠭ ᠶᠠᠪᠤᠳᠠᠯ ᠢ ᠰᠡᠶᠢᠳᠪᠦᠷᠢᠯᠡᠨ ᠴᠦ | ᠠᠷᠠᠯᠵᠢᠠᠶᠠ ᠮᠠᠶᠢᠮᠠᠢ ᠬᠡᠳᠦᠭᠡᠨ ᠪᠠᠶᠢᠵᠦ ᠵᠡᠭᠡᠯᠡᠢ ᠵᠠᠭ᠎ᠠ ᠲᠡᠯᠭᠡᠭᠦᠷ ᠡᠵᠡᠭᠦᠢ ᠬᠠᠩᠭᠠᠢ ᠪᠠᠶᠢᠭᠰᠠᠭᠠᠷ ᠃ | ᠢᠷᠭᠡᠨ ᠤᠯᠤᠰ ᠤᠨ ᠬᠤᠶᠠᠳᠤᠭᠠᠷ ᠤᠨ ᠳᠤ ︵1913︶ ᠵᠠᠩ ᠸᠧᠨ ᠬᠤᠤ ᠠᠷᠠᠯᠵᠢᠶᠠᠴᠢᠨ ᠤ ᠡᠪᠯᠡᠯ | ᠢ ᠡᠷᠬᠢᠯᠡᠨ ᠪᠠᠶᠢᠭᠤᠯᠤᠭᠰᠠᠨ ᠠᠴᠠ ᠠᠷᠠᠯᠵᠢᠶ᠋ᠴᠢᠨ ᠴᠤᠭᠯᠠᠷᠠᠵᠠᠢ ᠃ ᠾᠧᠪᠧᠢ ᠂ ᠱᠠᠨᠳᠦ᠋ᠩ ᠂ | ᠤᠯᠠᠭᠠᠨᠬᠠᠳ᠋ᠨ ᠂ ᠪᠤᠷᠤᠬᠤᠳᠠᠨ ᠵᠡᠷᠭᠡ ᠭᠠᠵᠠᠷ ᠤᠨ ᠠᠷᠠᠯᠵᠢᠶᠠᠴᠢᠨ ᠪᠦᠯᠦᠭ ᠪᠦᠯᠦᠭ ᠢᠶᠠᠷ ᠯᠢᠨᠰᠢ ᠳᠤ | ᠢᠷᠡᠵᠦ ᠵᠠᠮ ᠤᠨ ᠬᠠᠵᠠᠭᠤ ᠪᠠᠷ ᠭᠡᠷ ᠪᠠᠶᠢᠰᠢᠩ ᠪᠠᠷᠢᠵᠦ ᠂ ᠲᠡᠯᠭᠡᠭᠦᠷ ᠡᠷᠬᠢᠯᠡᠵᠠᠢ᠃ ᠠᠩᠬᠠᠨ | ᠳᠠᠭᠠᠨ ᠭᠠᠭᠴᠠᠬᠠᠨ ᠾᠧᠩ ᠰᠢᠩ ᠴᠧᠩ ᠲᠡᠯᠭᠡᠭᠦᠷ ᠪᠠᠶᠢᠭᠰᠠᠨ ᠢᠶᠠᠨ ᠂ ᠬᠤᠵᠢᠮ ᠨᠢ ᠳ᠋ᠤᠤ ᠱᠧᠩ | ᠶᠦᠩ ᠂ ᠳ᠋ᠧ ᠿᠦᠨ ᠴᠧᠩ ᠵᠡᠷᠭᠡ ᠬᠤᠳᠠᠯᠳᠤᠭ᠎ᠠ ᠡᠷᠬᠢᠯᠡᠭᠳᠡᠵᠠᠢ ᠃ ᠭᠤᠴᠢᠭᠠᠳ ᠤᠨ ᠤ ᠲᠤᠮᠳᠠᠴᠢ | ᠪᠤᠯᠬᠤ ᠳᠤ 136 ᠲᠡᠯᠭᠡᠭᠦᠷ ᠲᠠᠢ ᠪᠤᠯᠵᠦ 24 ᠵᠦᠢᠯ ᠤᠨ ᠲᠠᠸᠠᠷ ᠡᠵᠡᠩᠨᠡᠵᠠᠢ ᠃ | 5᠂ ᠯᠢᠨᠰᠢ ᠰᠢᠶᠠᠨ ᠤ ᠰᠤᠷᠭᠠᠨ ᠬᠦᠮᠦᠵᠢᠯ ᠤᠨ ᠰᠠᠭᠤᠷᠢ ᠶᠢ ᠲᠠᠯᠪᠢᠵᠠᠢ ᠃ ᠵᠠᠩ ᠸᠧᠨ ᠬᠤᠤ ᠰᠢᠶᠠᠨ | ᠤ ᠬᠤᠳᠠ ᠶᠢ ᠲᠦᠯᠦᠪᠡᠯᠡᠵᠦ ᠪᠠᠶᠢᠭᠤᠯᠬᠤ ᠲᠠᠢ ᠵᠡᠷᠭᠡ ᠰᠤᠷᠭᠠᠨ ᠬᠦᠮᠦᠵᠢᠯ ᠤᠨ ᠦᠢᠯᠡᠰ ᠢ | ᠪᠤᠳᠤᠯᠬᠢᠨᠯᠵᠦ ᠡᠬᠢᠯᠡᠵᠦ ᠂ ᠰᠢᠶᠠᠨ ᠤ ᠶᠠᠮᠦᠨ ᠤ ᠨᠤᠳᠤᠭ ᠶᠢ ᠲᠤᠭᠳᠠᠭᠠᠮᠠᠭᠴᠠ ᠰᠦᠷᠭᠠᠭᠤᠯᠢ ᠶᠢᠨ | ᠲᠠᠩᠬᠢᠮ ᠡᠬᠢᠯᠡᠵᠦ ᠪᠠᠶᠢᠭᠤᠯᠵᠠᠢ ᠃ ᠢᠷᠭᠡᠨ ᠤᠯᠤᠰ ᠤᠨ ᠲᠦᠷᠪᠡᠳᠦᠭᠡᠷ ᠤᠨ ᠳᠤ ᠸᠠᠩ ᠱᠧᠩ ᠰᠠᠨ | ᠰᠢᠶᠠᠨ ᠤ ᠶᠠᠮᠦᠨ ᠤ ᠰᠠᠭᠤᠷᠢ ᠲᠡᠭᠡᠷ᠎ᠡ ᠠᠩᠬ᠎ᠠ ᠵᠡᠷᠭᠡ ᠶᠢᠨ ᠬᠤᠪᠢ ᠶᠢᠨ ᠰᠦᠷᠭᠠᠭᠤᠯᠢ ᠶᠢ | ᠪᠠᠶᠢᠭᠤᠯᠵᠠᠢ ᠃ ᠡᠭᠦᠨᠴᠨ ᠯᠢᠨᠰᠢ ᠦᠪᠡᠷᠳᠡᠭᠡᠨ ᠬᠦᠮᠦᠨ ᠬᠦᠮᠦᠵᠢᠭᠦᠯᠬᠦ ᠭᠠᠵᠠᠷ ᠲᠠᠢ ᠪᠤᠯᠪᠠ ᠃ ᠬᠤᠵᠢᠮ | ᠤᠨ ᠦᠶ᠎ᠡ ᠳᠤ ᠨᠡᠶᠢᠭᠡᠮ ᠨᠡᠶᠢᠳᠡ ᠳᠤ ᠲᠠᠰᠦᠷᠯᠠᠯᠳᠠ ᠦᠭᠡᠢ ᠬᠦᠮᠦᠨ ᠬᠦᠮᠦᠵᠢᠭᠦᠯᠵᠦ ᠭᠠᠷᠭᠠᠭᠰᠠᠨ | ᠮᠦᠷᠳᠡᠭᠡᠨ ᠲᠡᠳᠡᠭᠡᠷ ᠤᠨ ᠤᠯᠠᠩᠬᠢ ᠨᠢ ᠠᠳᠠᠯᠢ ᠪᠤᠰᠦ ᠲᠡᠦᠬᠡᠨ ᠬᠤᠭᠤᠴᠠᠭ᠎ᠠ ᠶᠢᠨ ᠭᠤᠤᠯ ᠬᠦᠴᠦᠨ | ᠪᠤᠯᠵᠠᠢ᠃ | ᠵᠠᠩ ᠸᠧᠨ ᠬᠤᠤ ᠯᠢᠨᠰᠢ ᠰᠢᠶᠠᠨ ᠢ ᠪᠠᠶᠢᠭᠤᠯᠬᠤ ᠳᠤ ᠭᠠᠷᠭᠠᠭᠰᠠᠨ ᠵᠢᠳᠬᠦᠯ ᠢ ᠢᠷᠭᠡᠨ ᠤᠯᠤᠰ ᠤᠨ | 20 ︵1931︶ ᠣᠨ ᠳᠤ ᠰᠤ᠋ ᠱᠤᠤ ᠴᠢᠦᠸᠠᠨ ᠯᠢᠨᠰᠢ ᠰᠢᠶᠠᠨ ᠤ ᠤᠶᠢᠯᠠᠯᠭ᠎ᠠ ᠶᠢ ᠨᠠᠶᠢᠷᠠᠭᠤᠯᠬᠤ | ᠳᠠᠭᠠᠨ ᠄ ︿︿ ᠲᠠᠷᠢᠶᠠᠴᠢᠳ ᠬᠠᠳᠠᠭᠠᠯᠠᠮᠵᠢ ᠲᠠᠢ ᠪᠤᠯᠵᠦ ᠤᠳᠤᠬᠠᠨ ᠪᠤᠯᠳᠠᠯ᠎ᠠ ᠦᠯᠦᠰᠴᠦ ᠲᠠᠭᠠᠷᠠᠬᠤ | ᠶᠢᠨ ᠵᠤᠪᠠᠯᠠᠩ ᠳᠤ ᠤᠴᠠᠷᠠᠭᠰᠠᠨ ᠦᠭᠡᠢ ᠂ ᠵᠠᠩ ᠭᠦᠩ ᠤᠨ ᠢᠪᠡᠭᠡᠯ ᠮᠦᠨ ﹀﹀ ᠭᠡᠵᠠᠢ ᠃ | ᠵᠠᠩ ᠸᠧᠨ ᠬᠤᠤ ᠢᠷᠭᠡᠨ ᠤᠯᠤᠰ ᠤᠨ ᠭᠤᠷᠪᠠᠨ ᠣᠨ ︵1914︶ ᠣᠨ ᠳᠤ ᠬᠠᠯᠢᠭᠤᠳᠦ ᠶᠢᠨ ᠵᠤᠤ ︵ | ᠺᠠᠶᠢᠯᠦ︶ ᠳᠤ ᠠᠵᠢᠯ ᠰᠢᠯᠵᠢᠬᠦ ᠶᠢᠨ ᠬᠠᠮᠳᠦ᠂ ᠪᠡᠶ᠎ᠡ ᠨᠢ ᠴᠦ ᠮᠠᠭᠤᠳᠠᠭᠰᠠᠨ ᠠᠴᠠ ᠵᠧᠵᠢᠶᠠᠩ | ᠳᠠᠭᠠᠨ ᠪᠤᠴᠠᠵᠦ ᠰᠤᠪᠢᠯᠠᠨ ᠂ ᠲᠤᠰ ᠵᠢᠯ ᠲᠡᠭᠡᠨ ᠱᠤᠤᠰᠢᠩ ᠳᠤ ᠡᠪᠡᠳᠴᠢᠨ ᠢᠶᠠᠷ ᠬᠠᠯᠢᠵᠠᠢ ᠃ | | |