ᠴᠣᠭᠲᠣ ᠬᠤᠩ ᠲᠠᠶᠢᠵᠢ ᠶᠢᠨ ᠴᠠᠭᠠᠨ ᠪᠠᠯᠭᠠᠰᠤ ᠶᠢᠨ ᠭᠡᠷᠡᠯᠲᠦ ᠬᠦᠰᠢᠶᠡᠨ ᠤ ᠪᠢᠴᠢᠭ
ᠨᠡᠶᠢᠲᠡᠯᠡᠭᠰᠡᠨ ᠴᠠᠭ᠄
2020-06-23
ᠵᠠᠧᠠ ᠳᠠᠮᠳᠢᠨ᠄ ᠴᠣᠭᠲᠣ ᠬᠤᠩ ᠲᠠᠶᠢᠵᠢ ᠶᠢᠨ ᠴᠠᠭᠠᠨ ᠪᠠᠯᠭᠠᠰᠤ ᠶᠢᠨ ᠭᠡᠷᠡᠯᠲᠦ ᠬᠦᠰᠢᠶᠡᠨ ᠤ ᠪᠢᠴᠢᠭ   ᠲᠡᠭᠡᠳᠦ ᠲᠡᠭᠷᠢ ᠬᠠᠨ ᠤ ᠠᠬᠤᠢ ᠬᠢᠭᠡᠳ ᠳᠡᠯᠡᠬᠡᠢ ᠳᠠᠬᠢ ᠬᠠᠨ ᠪᠤᠭᠳᠠᠰ ᠤᠨ ᠠᠬᠤ ᠭᠠᠵᠠᠷ ᠲᠡᠭᠡᠷ᠎ᠡ ᠳᠤᠣᠷ᠎ᠠ ᠶᠢᠨ ᠢᠯᠭᠠᠯ ᠪᠣᠯᠪᠠᠰᠦ ᠪᠠᠷ ᠵᠢᠷᠭᠠᠯ ᠬᠠᠶᠢᠷᠠᠯᠠᠨ ᠬᠤᠶᠠᠷ ᠤᠨ ᠠᠭᠠᠷ ᠨᠢᠭᠡᠨ ᠪᠤᠢ                     —  ᠴᠣᠭᠲᠣ ᠬᠤᠩ ᠲᠠᠶᠢᠵᠢ ︵1581 — 1637︶           ᠮᠡᠭᠦᠰ ᠬᠦᠮᠦᠨ ᠪᠢ ᠪᠠᠭ᠎ᠠ ᠪᠠᠯᠴᠢᠷ ᠠᠬᠤᠢ ᠳᠠᠭᠠᠨ ᠴᠣᠭᠲᠣ ᠲᠠᠶᠢᠵᠢ ᠺᠢᠨᠣ᠋ ᠶᠢᠨ ᠲᠡᠭᠡᠷ᠎ᠡ ᠭᠠᠷᠬᠤ ᠲᠡᠷᠡᠬᠦ ᠪᠠᠭᠠᠲᠤᠷᠯᠢᠭ ᠰᠡᠴᠡᠨ ᠬᠤᠩ ᠲᠠᠶᠢᠵᠢ ᠡᠬᠡᠯ ᠠᠷᠠᠳ ᠤᠨ ᠳᠤᠮᠳᠠ ᠨᠢᠭᠤᠷ ᠲᠠᠭᠠᠨ ᠮᠦᠰᠢᠶᠡᠯ ᠲᠣᠳᠣᠷᠠᠭᠤᠯᠣᠨ ᠠᠭᠤᠯᠵᠠᠵᠦ ᠣᠴᠠᠷᠠᠬᠤ ᠪᠠ ᠴᠤᠭ ᠤᠨ ᠳᠠᠪᠬᠢᠬᠤ ᠬᠤᠶᠠᠭᠳᠤ ᠮᠤᠷᠢᠨ ᠳᠡᠯ ᠲᠡᠭᠡᠷ᠎ᠡ ᠬᠦ᠋ ᠬᠤᠶᠠᠭ᠂ ᠵᠢᠷᠦᠬᠡᠨ ᠲᠤᠯᠲᠤ  ᠂ ᠭᠠᠩ ᠳᠤᠭᠤᠯᠭ᠎ᠠ᠂ ᠬᠤᠷᠤᠮᠰᠠᠭ᠎ᠠ ᠰᠠᠭᠠᠳᠠᠭ᠂ ᠮᠠᠬᠢᠷ ᠰᠡᠯᠡᠮ᠎ᠡ᠂ ᠰᠠᠷᠠᠨ ᠲᠦᠭᠦᠷᠢᠭ ᠪᠠᠮᠪᠠᠢ ᠪᠦᠭᠦᠳᠡ ᠶᠢ ᠵᠢᠮᠪᠡᠶᠢᠲᠡᠯ᠎ᠡ ᠠᠭᠰᠠᠵᠦ᠂ ᠳᠣᠭᠰᠢᠨ ᠪᠦᠷᠭᠦᠳ ᠤᠨ ᠳᠡᠪᠢᠬᠦ ᠮᠡᠳᠦ ᠳᠡᠷᠪᠡᠭᠦᠯᠦᠭᠰᠡᠨ ᠨᠦᠮᠦᠷᠭᠡ ᠲᠠᠢ᠂ ᠬᠠᠷ᠎ᠠ ᠨᠢᠳᠦ ᠬᠠᠯᠲᠤᠷᠢᠬᠤ ᠦᠭᠡᠢ ᠵᠣᠷᠢᠭᠲᠣ ᠪᠠᠭᠠᠲᠤᠷ ᠤᠳ᠂ ᠣᠷᠳᠤᠨ ᠰᠣᠷᠭᠠᠭᠤᠯᠢ ᠳᠤ ᠨᠣᠮᠲᠦ ᠬᠤᠪᠴᠠᠳ ᠰᠤᠶᠤᠷᠬᠠᠭᠰᠠᠨ ᠪᠢᠴᠢᠭ ᠤᠨ ᠮᠡᠷᠭᠡᠳ ᠪᠢᠷ᠂ ᠶᠠᠨᠲᠠᠢ ᠪᠠᠷᠢᠵᠦ᠂ ᠦᠵᠡᠰᠭᠦᠯᠡᠩᠲᠤ ᠨᠣᠮ ᠰᠣᠳᠣᠷ ᠲᠡᠯᠭᠡᠨ ᠡᠷᠳᠡᠮ ᠎ ᠳᠤ ᠰᠢᠮᠳᠠᠬᠤ ᠱᠠᠪᠢ ᠰᠤᠷᠤᠭᠴᠢᠳ ᠳᠤ ᠨᠡᠩ ᠭᠠᠶᠢᠬᠠᠮᠰᠢᠭᠳᠦ ᠰᠣᠷᠭᠠᠯ ᠠᠶᠢᠯᠠᠳᠬᠤ᠂ ᠰᠠᠶᠢᠬᠠᠨ ᠰᠡᠳᠬᠢᠯᠲᠤ ᠴᠡᠴᠡᠭᠴᠢᠨ ᠡᠪᠦᠭᠡᠨ ᠣᠷᠳᠤᠨ ᠤ ᠴᠡᠴᠡᠭᠡᠰ ᠢ ᠠᠷᠴᠢᠯᠠᠨ ᠡᠷᠲᠡᠨ ᠤ ᠰᠢᠯᠦᠭ᠂ ᠲᠠᠭᠤᠯᠠᠯ ᠣᠩᠰᠢᠨ ᠭᠠᠩ ᠪᠣᠯᠣᠳ ᠮᠡᠳᠦ ᠪᠠᠭᠠᠳᠤᠷ ᠬᠦᠮᠤᠨ ᠤ ᠰᠡᠳᠭᠢᠯ ᠢ ᠴᠦ ᠣᠶᠠᠷᠠᠭᠠᠨ ᠬᠠᠶᠢᠯᠤᠭᠤᠯᠬᠤ᠂ ᠬᠠᠲᠠᠨ ᠵᠣᠷᠢᠭᠲᠣ ᠴᠢᠩ ᠲᠠᠶᠢᠬᠡᠣ ᠬᠠᠲᠤᠨ ᠪᠠᠷ ᠡᠬᠡ ᠶᠢᠨ ᠬᠠᠶᠢᠷ᠎ᠠ  ᠂ ᠲᠦᠷᠦ ᠶᠢᠨ ᠶᠤᠰᠤ᠂ ᠡᠷᠳᠡᠮ ᠰᠤᠶᠤᠯ ᠢ ᠠᠮᠢ ᠲᠠᠢ ᠪᠠᠨ ᠬᠠᠲᠠᠩᠭᠠᠳ᠋ᠭᠠᠨ ᠰᠡᠭᠦᠯᠴᠢ ᠶᠢᠨ ᠠᠮᠢᠰᠬᠤᠯ ᠬᠦᠷᠳᠡᠯ᠎ᠡ ᠯᠠᠭᠱᠢᠨ ᠪᠡᠶ᠎ᠡ ᠨᠢ ᠨᠣᠭᠤᠷᠠᠯ ᠦᠭᠡᠢ ᠵᠤᠭᠰᠤᠬᠤ᠂ ᠬᠦᠭᠵᠢᠮ ᠤᠨ ᠴᠢᠭᠤᠯᠭ᠎ᠠ ᠎ ᠪᠠᠷ ᠦᠯᠢᠭᠡᠷ ᠳᠤᠮᠤᠭ ᠤᠨ ᠢᠷᠠᠭᠤ ᠰᠠᠶᠢᠬᠠᠨ ᠠᠶᠠᠯᠭᠤ ᠶᠢ ᠡᠭᠡᠰᠢᠭᠯᠡᠭᠦᠯᠬᠦ ᠲᠡᠷᠢᠭᠦᠲᠡᠢ ᠭᠠᠶᠢᠬᠠᠮᠰᠢᠭᠳᠦ ᠦᠵᠡᠭᠳᠡᠯ ᠎ ᠢ ᠵᠢᠷᠦᠬᠡᠨ ᠤ ᠣᠭ ᠠᠴᠠ ᠪᠢᠰᠢᠷᠡᠨ ᠪᠢᠰᠢᠷᠡᠨ ᠦᠵᠡᠵᠦ ᠪᠠᠶᠢᠭᠰᠠᠨ ᠢᠶᠠᠨ ᠰᠠᠨᠠᠵᠣ ᠦᠶ᠎ᠡ ᠦᠶ᠎ᠡ ᠰᠡᠳᠭᠢᠯ ᠤᠨ ᠭᠦᠨ ᠳᠤ ᠬᠠᠶᠢᠷ᠎ᠠ ᠡᠨᠡᠷᠢᠯ᠂ ᠬᠠᠷᠭᠤᠰᠤᠯ ᠭᠤᠨᠢᠭ᠂ ᠬᠠᠲᠠᠨ ᠵᠤᠷᠢᠭ ᠤᠨ ᠮᠡᠳᠡᠷᠡᠮᠵᠢ ᠪᠤᠯᠤᠨ ᠲᠦᠷᠦᠳᠡᠭ ᠶᠤᠮ  ᠃          ᠨᠢᠭᠡᠨ ᠴᠠᠭ ᠲᠤ ᠮᠢᠨᠦ ᠡᠴᠢᠭᠡ ᠨᠠᠳᠠ ᠲᠤᠷ ᠮᠢᠨᠦ ᠬᠦᠦ ᠪᠢᠴᠢᠭ ᠰᠣᠶᠣᠯ ᠳᠤ ᠰᠣᠷᠴᠦ ᠡᠷᠳᠡᠮ ᠨᠣᠮ ᠎ ᠳᠤ ᠪᠤᠯᠪᠠᠰᠤᠷᠠᠭᠠᠳ ᠴᠣᠭᠲᠣ ᠬᠤᠩ ᠲᠠᠶᠢᠵᠢ ᠶᠢᠨ ᠳᠤᠷᠠᠰᠬᠠᠯᠲᠤ ᠭᠠᠵᠠᠷ ᠢᠶᠠᠷ ᠵᠤᠯᠭᠠᠵᠤ ᠭᠡᠷᠡᠯᠲᠦ ᠬᠦᠰᠢᠶᠡᠨ ᠤ ᠪᠢᠴᠢᠭ ᠢ ᠣᠩᠰᠢᠭᠠᠷᠠᠢ︕ ᠪᠠᠰᠠ ᠲᠠᠭᠤᠳᠤ ᠶᠢᠨ ᠬᠠᠳᠠᠨ ᠤ ᠪᠢᠴᠢᠭ ᠲᠤ ᠮᠦᠷᠭᠦᠨ ᠠᠳᠢᠰ ᠠᠪᠴᠣ ᠣᠩᠰᠢᠪᠠᠰᠣ ᠬᠡᠯᠡ᠂ ᠪᠢᠴᠢᠭ ᠤᠨ ᠡᠷᠳᠡᠮ ᠲᠤᠷ ᠮᠡᠷᠭᠡᠨ ᠪᠤᠯᠳᠠᠭ ᠭᠡᠨ᠎ᠡ ᠯᠠᠢ ᠰᠢᠣ ᠭᠡᠵᠦ ᠰᠠᠶᠢᠴᠤᠣᠯ ᠬᠡᠯᠡᠳᠡᠭ ᠶᠤᠮ ᠭᠡᠮᠡᠨ ᠵᠠᠬᠢᠭᠰᠠᠨ ᠶᠤᠮ᠃ ᠣᠴᠢᠷ ᠲᠡᠶᠢᠮᠦ ᠠᠴᠠ ᠬᠤᠩ ᠲᠠᠶᠢᠵᠢ ᠶᠢᠨ ᠲᠤᠬᠠᠢ ᠲᠡᠣᠬᠡ ᠨᠣᠮ ᠱᠠᠰᠲᠢᠷ ᠲᠤ ᠲᠡᠭᠦᠨ ᠤ ᠠᠯᠳᠠᠭ᠎ᠠ᠂ ᠣᠨᠤᠭ᠎ᠠ ᠲᠡᠷᠢᠭᠦᠲᠡᠨ ᠭᠠᠷᠬᠤ ᠪᠦᠷᠢ ᠳᠤ ᠢᠯᠡᠭᠦᠦ ᠲᠠᠢ ᠠᠩᠬᠠᠷᠣᠨ ᠣᠩᠰᠢᠵᠦ᠂ ᠪᠠᠰᠠ ᠴᠦ ᠲᠡᠭᠦᠨ ᠎ ᠲᠠᠢ ᠬᠤᠯᠪᠤᠭ᠎ᠠ ᠲᠠᠢ ᠨᠢᠭᠡᠨ ᠪᠢᠴᠢᠬᠠᠨ ᠪᠤᠯᠤᠭᠠᠳ ᠨᠢᠭᠤᠴᠠᠯᠢᠭ ᠲᠡᠣᠬᠡ ᠬᠠᠷᠠᠵᠤ ᠪᠠᠶᠢᠭᠰᠠᠨ ᠠᠭᠠᠳ ᠦᠶ᠎ᠡ ᠦᠶ᠎ᠡ ᠲᠠᠭᠤᠳᠤ ᠶᠢᠨ ᠬᠠᠳᠠᠨ ᠤ ᠰᠢᠯᠦᠭ ᠢᠶᠠᠷ ᠰᠡᠳᠬᠢᠯ ᠢᠶᠠᠨ ᠲᠡᠵᠢᠭᠡᠵᠤ ᠪᠠᠶᠢᠳᠠᠭ ᠪᠢᠯᠡ᠃          ᠲᠡᠶᠢᠨ ᠪᠠᠶᠢᠳᠠᠯ᠎ᠠ ᠨᠢᠭᠡᠨ ᠡᠳᠦᠷ ᠡᠨᠡ ᠴᠠᠭ ᠤᠨ  ︽ᠳᠠᠭᠤᠨ ᠬᠦᠷᠪᠡᠭᠦᠯᠦᠭᠴᠢ  ︾ ᠶᠡᠭᠡ ᠪᠢᠴᠢᠭ ᠤᠨ ᠬᠦᠮᠦᠨ ᠭᠣ  ᠂  ᠠᠺᠢᠮ ᠪᠠᠭᠰᠢ ᠪᠠᠷ ᠮᠡᠭᠦᠰ ᠨᠠᠳᠠ ᠲᠤᠷ ᠣᠳᠠᠰᠤ ᠴᠤᠬᠢᠵᠤ ᠡᠶᠢᠨ  ᠄ ᠷᠢᠮᠪᠣᠴᠢ ᠬᠦᠦ︕ ᠡᠪᠦᠭᠡᠨ ᠪᠠᠭᠰᠢ ᠳᠠᠭᠠᠨ ᠴᠤᠭᠳᠤ ᠶᠢᠨ ᠴᠠᠭᠠᠨ ᠪᠠᠯᠭᠠᠰᠤ ᠳᠤ ᠪᠠᠶᠢᠭ᠎ᠠ ᠭᠡᠷᠡᠯᠲᠦ ᠬᠦᠰᠢᠶᠡᠨ ᠤ ᠲᠦᠪᠡᠳ ᠰᠢᠯᠦᠭ ᠢ ᠣᠷᠴᠢᠭᠤᠯᠵᠤ ᠦᠭ︕ ᠪᠠᠰᠠ ᠮᠣᠩᠭᠤᠯ ᠰᠢᠯᠦᠭ ᠲᠠᠢ ᠪᠠᠨ ᠠᠳᠠᠯᠢ ᠪᠤᠢ ᠡᠰᠡᠬᠦ ᠶᠢ ᠨᠢᠭᠲᠠᠯᠠᠭᠠᠳ ᠢᠷ᠎ᠡ  ︕ ᠭᠡᠮᠡᠨ ᠵᠠᠷᠯᠢᠭ ᠪᠠᠭᠤᠯᠭᠠᠭᠰᠠᠨ ᠳᠤ ᠮᠡᠭᠦᠰ ᠪᠢ ᠡᠨᠡ ᠪᠤᠯ  ︽ᠴᠠᠭ ᠤᠨ ᠳᠠᠭᠤᠳᠠᠯᠭ᠎ᠠ  ︾ ᠪᠤᠢ ᠢ ᠎ᠡ ᠭᠡᠮᠡᠨ ᠶᠡᠬᠡᠳᠠ ᠪᠠᠶᠠᠰᠤᠭᠠᠳ ᠬᠡᠳᠦᠨ ᠱᠠᠪᠢ ᠨᠠᠷ ᠤᠨ ᠬᠠᠮᠳᠤ 2015 ᠣᠨ ᠤ ᠵᠢᠷᠭᠤᠭᠠᠳᠤᠭᠠᠷ ᠰᠠᠷ᠎ᠠ ᠶᠢᠨ ᠪᠢᠯᠢᠭᠲᠦ ᠰᠠᠶᠢᠨ ᠡᠳᠦᠷ ᠣᠲᠤᠭ ᠪᠤᠯᠵᠤ ᠶᠠᠪᠣᠬᠤ ᠪᠡᠯᠡᠳᠭᠡᠯ ᠢᠶᠠᠨ ᠨᠡᠩ ᠲᠦᠷᠭᠡᠨ ᠪᠠᠵᠠᠭᠠᠭᠠᠳ ᠵᠣᠷᠢᠭᠰᠠᠨ ᠭᠠᠵᠠᠷ ᠢᠶᠠᠨ ᠬᠦᠯᠦᠭ ᠎ ᠤᠨ ᠵᠢᠯᠤᠭᠤ ᠵᠠᠯᠠᠵᠤ ᠰᠠᠭᠠᠳ ᠦᠭᠡᠢ ᠶᠠᠪᠣᠭᠰᠠᠭᠠᠷ ᠸᠠᠴᠢᠷᠲᠤ ᠬᠠᠩᠭᠠᠢ ᠶᠢᠨ ᠮᠠᠨᠢᠲᠤ ᠶᠢᠨ ᠬᠦᠲᠦᠯ ᠢᠶᠠᠷ ᠳᠠᠪᠠᠵᠤ ᠣᠴᠢᠬᠤ ᠳᠤ ᠨᠢᠳᠦᠨ ᠤ ᠡᠮᠦᠨ᠎ᠡ ᠬᠡᠨᠡᠳᠳᠠ ᠭᠠᠷᠴᠤ ᠢᠷᠡᠭᠰᠡᠨ ᠦᠵᠡᠭᠳᠡᠯ ᠳᠤ ᠵᠤᠭ ᠲᠣᠰᠣᠨ ᠵᠢᠯᠤᠭᠤ ᠪᠠᠨ ᠲᠠᠳᠠᠵᠤ ᠪᠠᠭᠤᠭᠠᠳ ᠲᠡᠷᠡᠬᠦ ᠦᠯᠢᠭᠡᠷ ᠳᠤᠮᠤᠭ ᠤᠨ ᠮᠡᠳᠦ ᠦᠵᠡᠰᠬᠦᠯᠡᠩᠲᠡᠢ ᠪᠦᠭᠡᠳ ᠬᠤᠭᠤᠷ ᠲᠠᠳᠠᠨ ᠲᠤᠣᠯᠢ ᠬᠠᠶᠢᠯᠬᠤ ᠮᠡᠳᠦ ᠠᠭᠤᠯᠠᠰ ᠬᠠᠩᠭᠠᠢ ᠶᠢᠨ ᠡᠩᠭᠡᠷ᠂ ᠣᠷᠤᠰᠬᠠᠯ ᠭᠤᠣᠯ ᠤᠨ ᠬᠠᠵᠠᠭᠤ ᠳᠤ ᠪᠠᠶᠢᠬᠤ ᠮᠣᠩᠭᠤᠯ ᠤᠨ ᠠᠯᠳᠠᠨ ᠣᠷᠤᠭ ᠤᠨ ᠡᠷᠲᠡᠨ ᠤ ᠡᠷᠳᠡᠮᠲᠡᠨ ᠪᠠᠭᠠᠳᠤᠷ ᠴᠣᠭᠲᠣ ᠬᠤᠩ ᠲᠠᠶᠢᠵᠢ ᠶᠢᠨ ᠴᠠᠭᠠᠨ ᠪᠠᠯᠭᠠᠰᠤ ᠶᠢᠨ ᠲᠤᠭᠤᠷᠢ ᠣᠷᠢᠨ ᠳᠠᠭᠤᠳᠠᠵᠤ ᠠᠭᠤᠯᠵᠠᠬᠤ ᠶᠢ ᠬᠦᠰᠡᠨ ᠬᠡᠳᠦᠨ ᠵᠠᠭᠤᠨ ᠵᠢᠯ ᠭᠤᠨᠢᠭ ᠬᠠᠷᠭᠤᠰᠤᠯ᠂ ᠦᠦᠬᠡ ᠲᠡᠣᠬᠡ ᠶᠢ ᠲᠡᠭᠡᠭᠡᠨ ᠰᠠᠭᠤᠵᠤ ᠪᠤᠢ ᠡᠪᠦᠭᠡᠨ ᠪᠣᠭᠤᠷᠣᠯ ᠮᠡᠳᠦ ᠰᠠᠨᠠᠭᠳᠠᠵᠤ ᠦᠪᠡᠷ ᠤᠨ ᠡᠷᠬᠡ ᠦᠭᠡᠢ ᠡᠯᠢᠭᠡ ᠲᠠᠲᠠᠯᠵᠠᠵᠤ ᠬᠤᠶᠠᠷ ᠨᠢᠳᠦᠨ ᠤ ᠨᠢᠯᠪᠤᠰᠣ ᠰᠣᠯᠠ ᠠᠰᠬᠠᠷᠠᠭᠰᠠᠨ ᠢ ᠨᠢᠭᠤᠬᠤ ᠶᠠᠭᠤᠨ᠃           ᠲᠡᠨᠳᠡ ᠠᠴᠠ ᠬᠤᠩ ᠲᠠᠶᠢᠵᠢ ᠶᠢᠨ ᠪᠠᠯᠭᠠᠰᠤᠨ ᠳᠤ ᠪᠠᠷᠠᠯᠠᠬᠠᠵᠤ ᠮᠦᠷᠭᠦᠯ ᠡᠷᠭᠢᠯ ᠬᠢᠵᠦ᠂ ᠢᠳᠡᠭᠡ ᠳᠡᠭᠡᠵᠢ ᠡᠷᠭᠦᠵᠦ᠂ ᠠᠳᠢᠰ ᠠᠪᠤᠭᠠᠳ ᠰᠢᠭᠤᠳ ᠯᠠ ᠡᠴᠢᠭᠡ ᠶᠢᠨ ᠵᠠᠬᠢᠶᠠᠰᠣ᠂ ᠪᠠᠭᠰᠢ ᠶᠢᠨ ᠵᠠᠷᠯᠢᠭ ᠢ ᠳᠠᠭᠠᠵᠣ ᠪᠠᠷᠠᠭᠤᠬᠠᠨ ᠲᠠᠯ᠎ᠠ ᠳᠤ ᠪᠠᠶᠢᠬᠤ ᠪᠢᠴᠢᠬᠠᠨ ᠦᠨᠳᠦᠷᠯᠢᠭ ᠲᠡᠭᠡᠷ᠎ᠡ ᠨᠠᠷᠠᠨ ᠮᠠᠨᠳᠣᠬᠤ ᠵᠦᠭ ᠲᠤ ᠬᠠᠨᠳᠤᠭᠤᠯᠤᠨ ᠪᠣᠰᠬᠠᠭᠰᠠᠨ ᠭᠡᠷᠡᠯᠲᠦ ᠬᠦᠰᠢᠶᠡᠨ ᠳᠤ ᠮᠦᠷᠭᠦᠵᠤ ᠠᠳᠢᠰ ᠠᠪᠴᠣ ᠵᠠᠬᠢᠶ᠎ᠠ᠂ ᠵᠠᠷᠯᠢᠭ ᠬᠤᠶᠠᠷ ᠢ ᠪᠡᠶᠡᠯᠡᠭᠦᠯᠵᠣ ᠴᠢᠳᠠᠬᠤᠢ ᠳᠤ ᠬᠦᠴᠦᠨ ᠮᠡᠬᠦᠰᠳᠡᠵᠦ ᠮᠠᠭᠠᠳ ᠦᠭᠡᠢ ᠭᠡᠮᠡᠨ ᠠᠶᠤᠵᠤ ᠯᠠᠮᠠ ᠪᠠᠭᠰᠢ ᠨᠠᠷ ᠪᠤᠯᠤᠨ ᠣᠶᠣᠨ ᠪᠢᠯᠢᠭ ᠎ ᠤᠨ ᠪᠣᠷᠬᠠᠨ ᠮᠠᠨᠽᠣᠰᠢᠷᠢ ᠬᠢᠭᠡᠳ ᠬᠡᠯᠡ ᠰᠤᠶᠤᠯ ᠤᠨ ᠪᠣᠷᠬᠠᠨ ᠰᠠᠷᠠᠰᠸᠠᠳᠢ ᠡᠬᠡ ᠲᠤᠷ ᠵᠠᠯᠪᠠᠷᠢᠨ ᠮᠠᠭᠲᠠᠭᠠᠯ ᠢ ᠨᠢ ᠣᠩᠰᠢᠵᠦ ᠵᠠᠯᠪᠢᠷᠠᠭᠠᠳ ᠡᠷᠳᠡᠮ ᠳᠤ ᠰᠢᠮᠳᠠᠩᠭᠤᠢ ᠨᠢᠭᠡ ᠱᠠᠪᠢ ᠪᠠᠨ ᠠᠪᠴᠣ ᠪᠤᠰᠤᠳ ᠳᠠᠭᠠᠨ ᠬᠤᠶᠢᠳᠤᠬᠠᠨ ᠣᠷᠣᠰᠢᠬᠤ ᠵᠢᠷᠦᠬᠡᠨ ᠬᠠᠯᠳᠤᠨ ᠤ ᠡᠩᠬᠡᠷ ᠲᠤ ᠨᠢ ᠣᠲᠤᠭ ᠢᠶᠠᠨ ᠪᠠᠭᠤᠯᠭᠠᠵᠣ ᠮᠠᠩᠵᠠ  ᠂ ᠴᠠᠪ ᠢᠶᠠᠨ ᠪᠡᠯᠡᠳᠬᠡ ᠭᠡᠵᠦ ᠲᠣᠰᠢᠶᠠᠭᠠᠳ ᠬᠠᠨᠴᠤᠢ ᠰᠢᠮᠠᠯᠠᠵᠤ ᠭᠡᠷᠡᠯᠲᠦ ᠬᠦᠰᠢᠶᠡᠨ ᠤ ᠲᠦᠪᠡᠳ ᠪᠢᠴᠢᠭ ᠲᠤ ᠴᠠᠭᠠᠨ ᠭᠤᠯᠢᠷ ᠦᠷᠡᠵᠤ ᠳᠦᠷᠬᠢᠵᠦ ᠦᠵᠡᠲᠡᠯ᠎ᠡ ᠰᠠᠶᠢᠬᠠᠨ ᠳᠤᠷᠠᠶᠢᠲᠠᠯ᠎ᠠ ᠣᠩᠰᠢᠭᠳᠠᠵᠤ ᠪᠠᠶᠢᠨ᠎ᠠ᠃ ᠡᠭᠦᠨ ᠳᠤ ᠰᠡᠳᠭᠢᠯ ᠠᠭᠤᠵᠢᠷᠠᠵᠤ ᠦᠵᠦᠭ᠂ ᠴᠠᠭᠠᠰᠦ ᠠᠪᠤᠭᠠᠳ ᠰᠠᠭᠤᠵᠤ ᠪᠠᠶᠢᠳᠠᠯ᠎ᠠ ᠬᠤᠶᠠᠷ ᠮᠣᠷᠢᠲᠠᠨ ᠢᠷᠡᠭᠡᠳ ᠮᠡᠨᠳᠦ‌ᠮᠡᠳᠡᠭᠡᠳ᠂ ᠯᠠᠮᠠ ᠪᠠᠭᠰᠢ ᠡ  ᠪᠢᠳᠡ ᠬᠤᠶᠠᠷ ᠬᠡᠳᠦᠨ ᠠᠳᠣᠭᠤ ᠬᠠᠶᠢᠵᠦ ᠶᠠᠪᠣᠨ᠎ᠠ ᠦᠵᠡᠵᠦ ᠦᠭᠭᠦᠨ᠎ᠡ ᠤᠤ︖ ᠭᠡᠨ᠎ᠡ᠃ ᠲᠡᠷᠡ ᠬᠤᠶᠠᠷ ᠎ ᠠᠴᠠ ᠨᠣᠲᠤᠭ ᠣᠰᠤ᠂ ᠨᠡᠷᠡᠰ ᠢ ᠨᠢ ᠠᠰᠠᠭᠤᠬᠤ ᠳᠤ ᠪᠠᠷᠠᠭᠤᠨ ᠠᠶᠢᠮᠠᠭ ᠠᠴᠠ ᠪᠣᠯᠠᠭᠠᠨ ᠤ ᠪᠠᠶᠠᠨ ᠨᠠᠭᠤᠷ ᠰᠣᠮᠣᠨ ᠳᠤ ᠨᠡᠭᠦᠵᠦ ᠢᠷᠡᠭᠰᠡᠨ ᠳᠦᠷᠪᠡᠳ ᠬᠦᠮᠦᠰ᠂ ᠨᠢᠭᠡ ᠶᠢ ᠨᠢ ᠳᠠᠧᠠ  ᠂ ᠨᠦᠭᠦᠭᠡ ᠶᠢ ᠨᠢ ᠬᠤᠷᠣᠬᠠᠢ ᠭᠡᠨ᠎ᠡ ᠃ ᠦᠯᠦ ᠶᠠᠯᠢᠬᠤ ᠭᠠᠶᠢᠬᠠᠵᠦ ᠨᠦᠭᠦᠭᠡ ᠡᠷ᠎ᠡ ᠶᠢ ᠲᠠᠨ ᠤ ᠨᠡᠷ᠎ᠡ ᠬᠤᠷᠣᠬᠠᠢ ᠪᠢᠰᠢ ᠬᠤᠷᠭᠤᠢ ᠪᠠᠶᠢᠯᠭᠦᠢ ᠳ᠋ᠧ ᠭᠡᠬᠦ ᠎ ᠳᠤ ᠦᠭᠡᠢ ᠡ ᠭᠡᠳ ᠭᠠᠵᠠᠷ ᠲᠤ ᠶᠠᠪᠣᠬᠤ ᠬᠤᠷᠤᠬᠠᠢ ᠶᠢ ᠵᠢᠭᠠᠵᠤ ᠬᠤᠷᠣᠬᠠᠢ ᠭᠡᠳ ᠢᠨᠢᠶᠡᠵᠤ ᠪᠠᠶᠢᠨ᠎ᠠ᠃ ᠲᠡᠭᠦᠨ ᠎ ᠳᠤ ᠡᠭᠦᠨ ᠠᠴᠠ ᠬᠤᠶᠢᠰᠢ ᠦᠪᠡᠷ ᠤᠨ ᠢᠶᠠᠨ ᠨᠡᠷ᠎ᠡ ᠶᠢ ᠮᠢᠨᠦ ᠭᠡᠯᠡᠭᠰᠡᠨ ᠢᠶᠠᠷ ᠬᠤᠷᠭᠤᠢ ᠲᠤᠷᠭᠠᠨ ᠤ ᠬᠤᠷᠭᠤᠢ ᠎ ᠪᠠᠷ ᠬᠤᠷᠭᠤᠢ ᠭᠡᠵᠦ ᠨᠡᠷᠡᠯᠡᠵᠤ ᠶᠠᠪᠤ ᠭᠡᠳ ᠲᠤᠳᠤᠷ᠎ᠠ ᠪᠤᠳᠤᠯ ᠳᠤ ᠡᠷᠲᠠ ᠡᠨᠡ ᠭᠠᠵᠠᠷ ᠨᠢᠭᠡᠨᠲᠡ ᠡᠷᠳᠡᠮ ᠰᠣᠶᠣᠯ ᠨᠠᠷᠠᠨ ᠮᠡᠳᠦ ᠮᠠᠨᠳᠤᠵᠤ ᠪᠠᠶᠢᠭᠰᠠᠨ ᠪᠤᠯᠪᠠᠴᠤ ᠡᠳᠦᠭᠡ ᠳᠠᠧᠠ ᠭᠡᠬᠦ ᠡᠨᠡ ᠬᠦᠮᠦᠨ ᠤ ᠨᠡᠷ᠎ᠡ ᠨᠢ ᠮᠣᠩᠭᠤᠯᠴᠢᠯᠠᠪᠠᠯ ᠰᠠᠷᠠᠨ ᠭᠡᠬᠦ ᠲᠣᠯᠠ ᠡᠷᠳᠡᠮ ᠰᠣᠶᠣᠯ ᠬᠠᠪ ᠬᠠᠷᠠᠩᠭᠤᠢ ᠪᠤᠯᠴᠢᠬᠠᠭ᠎ᠠ ᠦᠭᠡᠢ ᠪᠠᠯᠭᠠᠰᠤ ᠪᠤᠯᠤᠨ ᠭᠡᠷᠡᠯᠲᠦ ᠬᠦᠰᠢᠶ᠎ᠠ᠂ ᠠᠳᠡ ᠰᠠᠭᠤᠬᠤ ᠮᠠᠯᠴᠢᠨ ᠠᠷᠠᠳ ᠤᠨ ᠬᠦᠦᠷᠨᠢᠬᠦ ᠲᠡᠣᠬᠡ  ᠂ ᠳᠤᠮᠤᠭ ᠲᠡᠷᠢᠭᠦᠲᠡᠨ ᠪᠦᠭᠦᠳᠡ ᠰᠠᠷᠠᠨ ᠤ ᠭᠡᠷᠡᠯ ᠮᠡᠳᠦ ᠪᠤᠢ᠃ ᠡ  ᠂ ᠪᠠᠰᠠ ᠡᠨᠡᠬᠦ ᠭᠠᠶᠢᠬᠠᠮᠰᠢᠭᠳᠦ ᠡᠷᠳᠡᠮ ᠰᠤᠶᠤᠯ ᠤᠨ ᠪᠠᠯᠭᠠᠳ ᠢ ᠰᠦᠢᠳᠭᠡᠨ ᠨᠣᠷᠠᠭᠠᠵᠤ ᠰᠢᠲᠠᠭᠠᠭᠰᠠᠨ ᠬᠦᠮᠦᠰ ᠨᠢ ᠲᠡᠷᠡ ᠴᠠᠭ ᠤᠨ ᠣᠶᠢᠷᠠᠳ ᠤᠳ᠂ ᠲᠡᠶᠢᠮᠤ ᠶᠢᠨ ᠲᠣᠯᠠ ᠡᠨᠡ ᠬᠤᠷᠣᠬᠠᠢ ᠭᠡᠬᠦ ᠨᠡᠷ᠎ᠡ ᠎ ᠶᠢᠨ ᠣᠳᠬ᠎ᠠ ᠮᠡᠳᠦ ᠳᠣᠷᠣᠢ ᠠᠪᠠᠴᠦ ᠡᠯ᠎ᠡ ᠭᠠᠵᠠᠷ ᠲᠤ ᠪᠤᠢ ᠭᠠᠵᠠᠷ ᠣᠷᠣᠨ ᠤ ᠰᠠᠬᠢᠭᠤᠯᠰᠦᠳ ᠪᠤᠯᠤᠨ ᠪᠠᠯᠭᠠᠳ ᠎ ᠲᠠᠢ ᠪᠠᠨ ᠬᠠᠮᠳᠤ ᠶᠡᠭᠦᠳᠦᠨ ᠲᠦᠷᠦᠯ ᠠᠪᠤᠯ ᠦᠭᠡᠢ ᠠᠳᠡ ᠪᠠᠨ ᠭᠤᠨᠢᠭ ᠬᠠᠷᠭᠤᠰᠤᠯ ᠲᠡᠭᠡᠭᠡᠬᠦ ᠣᠯᠠᠨ ᠲᠦᠷᠦᠯᠬᠢᠳᠠᠨ ᠠᠮᠤᠷᠯᠠᠬᠤᠢ ᠳᠤ ᠰᠢᠯᠲᠠᠭᠠᠨ ᠪᠤᠯᠵᠤ ᠬᠤᠷᠭᠤᠢ ᠲᠤᠷᠭ᠎ᠠ ᠮᠡᠳᠦ ᠰᠦᠨᠡᠰᠤ ᠰᠡᠳᠭᠢᠯ ᠨᠢ ᠠᠭᠤᠵᠢᠷᠠᠭᠠᠰᠠᠢ ᠭᠡᠮᠡᠨ ᠪᠣᠳᠣᠨ ᠰᠠᠭᠤᠵᠤ ᠪᠠᠶᠢᠳᠠᠯ᠎ᠠ ᠪᠠᠯᠭᠠᠰᠤ ᠶᠢᠨ ᠵᠡᠭᠦᠨ ᠣᠷᠳᠤᠬᠠᠨ ᠪᠠᠶᠢᠬᠤ ᠭᠡᠷ ᠤᠨ ᠭᠠᠳᠠᠭ᠎ᠠ ᠮᠠᠨᠠᠭᠠᠴᠢ ᠪᠤᠯᠤᠯᠲᠠᠢ ᠨᠢᠭᠡᠨ ᠬᠦᠮᠦᠨ ᠪᠢᠳᠡᠨ ᠢ ᠢᠷᠡᠬᠦ ᠠᠴᠠ ᠠᠪᠤᠭᠠᠳ ᠳᠤᠷᠠᠨᠳᠠᠵᠤ ᠠᠵᠢᠭᠯᠠᠵᠤ ᠪᠠᠶᠢᠭᠰᠠᠨ ᠢᠶᠠᠨ ᠮᠤᠷᠢᠨ ᠳᠠᠭᠠᠨ ᠮᠣᠷᠳᠠᠵᠣ ᠵᠢᠭᠠᠯ ᠬᠦᠦ ᠪᠠᠨ ᠡᠮᠡᠭᠡᠯ ᠳᠡᠭᠡᠷ᠎ᠡ ᠪᠠᠨ ᠰᠠᠭᠤᠯᠭᠠᠵᠤ ᠦᠪᠡᠷ ‍ᠶᠢᠡᠨ‌ᠠᠷᠤ ᠳᠤ ᠨᠢ ᠰᠤᠨᠳᠠᠯᠠᠭᠠᠳ ᠢᠷᠡᠵᠦ ᠪᠠᠭᠤᠨ ᠮᠡᠨᠳᠦ ᠠᠶᠢᠯᠠᠳᠬᠠᠨ ᠲᠠᠨᠢᠯᠴᠠᠪᠠ᠃ ᠲᠡᠷᠡ ᠬᠦᠮᠦᠨ ᠬᠦᠦ ᠲᠠᠢ ᠪᠠᠨ ᠨᠠᠷᠠ ᠰᠠᠯᠬᠢᠨ ᠎ ᠳᠤ ᠪᠤᠷᠤᠯᠠᠭᠰᠠᠨ᠂ ᠪᠦᠬᠡ ᠭᠡᠮᠡᠷ ᠪᠤᠯᠴᠢᠩ ᠰᠢᠷᠪᠦᠰᠦᠲᠠᠢ ᠪᠠ ᠦᠭᠡ ᠴᠦᠬᠡᠨᠲᠠᠢ ᠲᠤᠩ ᠬᠢᠨᠠᠭᠤᠷ᠂ ᠬᠠᠰᠢᠷ ᠬᠦᠮᠦᠨ ᠬᠠᠷᠠᠭᠳᠠᠵᠤ ᠪᠠᠶᠢᠪᠠ᠃ ᠠᠩᠬᠠᠨ ᠳᠠᠭᠠᠨ ᠪᠢᠳᠡᠨ ᠳᠤ ᠲᠠᠯ᠎ᠠ ᠦᠭᠡᠢ ᠮᠡᠳᠦ ᠪᠠᠶᠢᠪᠠᠴᠤ ᠨᠠᠮᠠᠢᠢ ᠭᠡᠷᠡᠯᠲᠦ ᠬᠦᠰᠢᠶᠡᠨ ᠤ ᠪᠢᠴᠢᠭ ᠢ ᠣᠩᠰᠢᠵᠦ ᠦᠭᠬᠦ ᠳᠤ ᠨᠢᠳᠦᠨ ᠳᠤ ᠨᠢ ᠪᠠᠶᠠᠷ ᠲᠤᠳᠤᠷᠠᠵᠤ ᠶᠡᠬᠡᠳᠠ ᠳᠣᠲᠣᠨᠣᠰᠣᠨ ᠴᠢᠬᠢ ᠲᠠᠯᠪᠢᠨ ᠰᠤᠨᠣᠰᠴᠤ ᠪᠠᠶᠢᠨ᠎ᠠ᠃          ᠬᠤᠩ ᠲᠠᠶᠢᠵᠢ ᠶᠢᠨ ᠪᠠᠭᠠᠲᠤᠷᠯᠢᠭ ᠴᠡᠷᠢᠭ ᠡᠷᠡᠰ ᠤᠨ ᠬᠤᠶᠢᠴᠢᠰ ᠪᠤᠯᠬᠤ ᠡᠯ᠎ᠡ ᠬᠠᠷᠠᠭᠤᠯ ᠤᠨ ᠴᠡᠷᠢᠭ ᠎ ᠤᠨ ᠡᠴᠢᠬᠡ ᠶᠢ ᠲᠠᠮᠳᠢᠨ ᠤ ᠴᠤᠶᠢᠳᠠᠷ ︵1914 — 2012︶ ᠭᠤᠸᠠᠢ ᠬᠡᠮᠡᠮᠤᠢ᠃ ᠲᠡᠷᠡ ᠪᠠᠷ ᠪᠠᠭ᠎ᠠ ᠵᠠᠯᠠᠭᠤ ᠎ ᠳᠠᠭᠠᠨ ᠪᠠᠯᠭᠠᠰᠤ ᠶᠢᠨ ᠣᠷᠳᠤᠬᠠᠨ ᠪᠢᠴᠢᠬᠠᠨ ᠰᠦᠮ᠎ᠡ ᠲᠠᠢ ᠪᠠᠶᠢᠭᠰᠠᠨ ᠡᠷᠳᠡᠨᠢ ᠬᠠᠮᠪᠤ ᠬᠡᠮᠡᠬᠦ ᠡᠷᠳᠡᠮᠲᠤ ᠪᠠᠭᠰᠢ ᠶᠢᠨ ᠯᠠᠮᠠ ᠱᠠᠪᠢ ᠪᠠᠶᠢᠭᠠᠳ ᠬᠤᠷᠠᠯ ᠬᠠᠭᠠᠭᠳᠠᠵᠤ ᠴᠡᠷᠢᠭ ᠲᠤ ᠶᠠᠪᠣᠭᠠᠳ 1945 ᠣᠨ ᠳᠤ ᠴᠢᠯᠦᠭᠡᠯᠡᠬᠦ ᠳᠠᠶᠢᠨ ᠳᠤ ᠲᠤᠯᠤᠯᠳᠤᠵᠤ ᠪᠠᠶᠢᠭᠰᠠᠨ ᠪᠦᠭᠡᠳ ᠴᠡᠷᠢᠭ ᠤᠨ ᠭᠠᠪᠢᠶᠠᠨ ᠤ ᠣᠯᠠᠭᠠᠨ ᠲᠤᠭ ᠤᠨ ᠣᠳᠤᠨ ᠲᠡᠷᠢᠭᠦᠲᠡᠢ ᠣᠯᠠᠨ ᠮᠧᠲ᠋ᠠᠯ ᠢᠶᠠᠷ ᠱᠠᠩᠨᠠᠭᠤᠯᠵᠤ ᠪᠠᠶᠢᠵᠠᠢ  ᠃ ᠴᠡᠷᠢᠭ ᠠᠴᠠ ᠬᠠᠯᠠᠭᠳᠠᠵᠤ ᠢᠷᠡᠭᠡᠳ ᠮᠦᠨ ᠯᠠ ᠡᠪᠦᠭᠡ ᠲᠡᠭᠡᠳᠤᠰ ᠤᠨ ᠎ ᠢᠶᠠᠨ ᠶᠤᠰᠤᠭᠠᠷ ᠪᠦᠬᠦᠢ ᠯᠠ ᠠᠮᠢᠳᠤᠷᠠᠯ ᠤᠨ ᠢᠶᠠᠨ ᠲᠣᠷᠰᠢᠳᠠ ᠪᠠᠯᠭᠠᠰᠤ ᠪᠠᠨ ᠮᠠᠨᠠᠭᠰᠠᠨ ᠪᠦᠭᠡᠳ ᠳᠣᠮᠣᠭᠲᠦ ᠪᠠ᠊᠂ ᠷᠢᠨᠴᠢᠨ ᠭᠤᠸᠠᠢ ᠠᠯᠳᠠᠷᠲᠣ  ︽ᠴᠣᠭᠲᠣ ᠲᠠᠶᠢᠵᠢ  ︾ ᠺᠢᠨᠣ᠋ ᠵᠤᠬᠢᠶᠠᠯ ᠢᠶᠠᠨ ᠲᠡᠨᠳᠡ ᠮᠤᠷᠢᠯᠠᠵᠤ ᠴᠤᠶᠢᠳᠠᠷ ᠭᠤᠸᠠᠢ ᠎ ᠲᠠᠢ ᠨᠦᠬᠦᠷᠯᠡᠨ ᠲᠤᠬᠠᠢ ᠶᠢᠨ ᠣᠷᠤᠨ ᠨᠣᠲᠤᠭ ᠤᠨ ᠮᠡᠷᠭᠡᠨ ᠠᠷᠠᠳ ᠤᠳ ᠤᠨ ᠲᠡᠣᠬᠡ ᠳᠤᠮᠤᠭ᠂ ᠠᠮᠠᠨ ᠬᠠᠭᠤᠴᠢ ᠂ ᠭᠠᠵᠠᠷ ᠣᠷᠣᠨ ᠤ ᠳᠣᠷᠠᠰᠬᠠᠯ ᠲᠠᠢ ᠲᠠᠨᠢᠯᠴᠠᠨ᠂ ᠪᠠᠰᠠ ᠮᠡᠳᠡᠷᠡᠵᠤ ᠪᠠᠶᠢᠵᠤ ᠪᠢᠴᠢᠨ ᠰᠤᠶᠤᠷᠬᠠᠭᠰᠠᠨ ᠬᠡᠮᠡᠳᠡᠭ᠃          ᠴᠤᠶᠢᠳᠠᠷ ᠭᠤᠸᠠᠢ ᠲᠤᠬᠠᠢ ᠶᠢᠨ ᠦᠶ᠎ᠡ ᠶᠢᠨ ᠭᠠᠳᠠᠭᠠᠳᠤ ᠶᠠᠪᠣᠳᠠᠯ ᠤᠨ ᠶᠠᠮᠤᠨ ᠤ ᠬᠢᠨ ᠲᠠᠢ ᠨᠦᠬᠦᠷᠯᠡᠵᠦ ᠶᠠᠮᠣᠨ ᠤ ᠵᠤᠭᠤᠭ ᠲᠤ ᠬᠡᠷᠡᠭᠯᠡᠳᠡᠭ ᠮᠠᠯ ᠰᠦᠷᠦᠭ ᠢ ᠮᠠᠯᠯᠠᠳᠠᠭ ᠪᠠᠶᠢᠵᠠᠢ᠃ 1990 ᠣᠨ ᠳᠤ ᠴᠤᠶᠢᠳᠠᠷ ᠭᠤᠸᠠᠢ ᠯᠠᠮᠠ ᠲᠡᠪᠡᠯ ᠢᠶᠠᠨ ᠡᠮᠦᠰᠴᠤ ᠣᠷᠬᠢᠮᠵᠢ ᠪᠠᠨ ᠣᠷᠬᠢᠭᠠᠳ ᠪᠠᠯᠭᠠᠰᠤᠨ ᠳᠠᠭᠠᠨ ᠦᠪᠡᠷ ᠤᠨ ᠮᠡᠳᠡᠬᠦ ᠨᠣᠮ ᠰᠤᠳᠤᠷ ᠢᠶᠠᠨ ᠣᠩᠰᠢᠭᠰᠠᠭᠠᠷ ᠲᠠᠭᠠᠯᠠᠯ ᠪᠣᠯᠬᠤ ᠶᠢᠨ ᠣᠷᠢᠳᠤ ᠬᠦᠪᠡᠭᠦᠳ ᠠᠴᠠ ᠪᠠᠨ ᠨᠢᠭᠡ ᠶᠢ ᠰᠤᠩᠭᠤᠵᠤ ᠪᠠᠯᠭᠠᠰᠤ ᠶᠢᠨ ᠮᠠᠨᠠᠭᠠᠴᠢ ᠪᠣᠯᠬᠤ ᠶᠢ ᠬᠡᠷᠢᠶᠡᠰᠦᠯᠡᠭᠰᠡᠨ ᠨᠢ ᠡᠳᠦᠭᠡ ᠲᠦᠪᠳᠡᠨᠳᠠᠮᠪᠠ ᠬᠡᠮᠡᠬᠦ ᠡᠨᠡ ᠡᠷ᠎ᠡ ᠪᠦᠯᠦᠭᠡ᠃ ᠲᠡᠭᠦᠨ ᠤ ᠮᠤᠷᠢᠨ ᠳᠠᠭᠠᠨ ᠰᠣᠨᠳᠠᠯᠠᠵᠦ ᠢᠷᠡᠭᠰᠡᠨ  ︽ ᠭᠤᠷᠪᠠᠨ ᠨᠠᠰᠤᠲᠠᠢ ᠭᠤᠨᠠᠨ ᠣᠯᠠᠭᠠᠨ ᠪᠠᠭᠠᠲᠤᠷ ᠢ  ︾ ᠲᠦᠪᠳᠡᠨᠳᠣᠷᠵᠢ ᠬᠡᠮᠡᠮᠤᠢ᠃ ᠲᠡᠳᠡᠨ ᠢ ᠲᠦᠷᠦ ᠵᠠᠰᠠᠭᠴᠢ ᠶᠤᠮ ᠤᠤ ᠬᠡᠨ ᠨᠢᠭᠡᠨ ᠪᠠᠷ ᠮᠠᠨᠠ ᠭᠡᠵᠦ ᠲᠤᠰᠢᠶᠠᠭᠰᠠᠨ ᠦᠭᠡᠢ᠂ ᠭᠤᠶᠣᠭᠰᠠᠨ ᠦᠭᠡᠢ ᠪᠠ ᠪᠠᠰᠠ ᠬᠠᠷᠠᠭᠤᠯ ᠮᠠᠨᠠᠭ᠎ᠠ ᠬᠢᠯ᠎ᠡ ᠭᠡᠵᠦ ᠱᠠᠩ ᠬᠠᠷᠠᠮᠵᠢ᠂ ᠴᠠᠯᠢᠩ ᠫᠦᠩᠯᠤ ᠴᠦ ᠦᠭᠭᠦᠭᠰᠡᠨ ᠦᠭᠡᠢ᠃ ᠲᠡᠳᠡ ᠴᠦ ᠬᠡᠨ ᠠᠴᠠ ᠴᠦ ᠱᠠᠩ ᠬᠠᠷᠠᠮᠵᠢ᠂ ᠭᠠᠪᠢᠶ᠎ᠠ ᠱᠠᠩᠨᠠᠯ ᠲᠣᠭᠤᠰᠣᠨ ᠤ ᠲᠡᠳᠦᠢ ᠴᠦ ᠰᠠᠨᠠᠵᠣ ᠶᠠᠪᠤᠭᠰᠠᠨ ᠦᠭᠡᠢ᠃ ᠲᠡᠳᠡ ᠬᠤᠩ ᠲᠠᠶᠢᠵᠢ ᠶᠢᠨ ᠵᠠᠷᠯᠢᠭ ᠵᠠᠬᠢᠶᠠᠰᠤ ᠪᠠᠷ ᠴᠦ ᠶᠤᠮ ᠤᠤ ᠡᠰᠡᠪᠡᠯ ᠠᠯᠢ ᠨᠢᠭᠡᠨ ᠭᠠᠶᠢᠬᠠᠮᠰᠢᠭᠳᠦ ᠬᠦᠴᠦᠨ ᠵᠦᠢᠯ ᠢᠶᠠᠷ ᠬᠡᠳᠦᠨ ᠵᠠᠭᠤᠨ ᠵᠢᠯ ᠪᠤᠶᠤ ᠴᠠᠭᠠᠨ ᠪᠠᠯᠭᠠᠳ 1601 — 1617 ᠣᠨ ᠳᠤ ᠪᠠᠷᠢᠭᠳᠠᠭᠠᠳ ᠲᠡᠭᠦᠨ ᠠᠴᠠ ᠬᠤᠶᠢᠰᠢ ᠡᠳᠦᠭᠡ 2018 ᠣᠨ ᠪᠣᠯᠲᠠᠯ᠎ᠠ 401 ᠵᠢᠯ ᠤᠨ ᠲᠤᠷᠰᠢ ᠣᠯᠠᠨ ᠦᠶ᠎ᠡ ᠪᠠᠷ ᠮᠠᠨᠳᠣᠬᠤ᠂ ᠪᠠᠭᠤᠷᠠᠬᠤ ᠳᠤ ᠮᠠᠨᠠᠭᠰᠠᠭᠠᠷ ᠢᠷᠡᠵᠡᠢ᠃          ᠪᠠᠰᠠ ᠲᠡᠨᠳᠡ ᠨᠢᠭᠡᠨ ᠡᠪᠦᠭᠡᠨ ᠠᠴᠢ ᠬᠦᠦ ᠲᠠᠢ ᠪᠠᠨ ᠮᠤᠷᠢ ᠲᠠᠢ ᠢᠷᠡᠵᠦ ᠪᠠᠭᠤᠭᠰᠠᠨ ᠢ ᠠᠵᠢᠪᠠᠰᠦ ᠬᠦᠦ ᠶᠢᠨ ᠮᠣᠷᠢ ᠪᠠᠷᠰ ᠮᠡᠳᠦ ᠡᠷᠢᠶᠡᠨ ᠬᠦᠯ ᠲᠠᠢ ᠪᠤᠶᠤ ᠪᠠᠷᠰ ᠤᠨ ᠰᠢᠨᠵᠢᠳᠠᠢ ᠬᠦᠯᠦᠭ  ᠬᠦᠯᠦᠭᠯᠡᠭᠰᠡᠨ᠂ ᠠᠬᠠᠮᠠᠳ ᠢ ᠴᠡᠳᠡᠪ ᠪᠤᠶᠤ ᠣᠷᠴᠢᠭᠤᠯᠪᠠᠰᠤ ᠨᠠᠰᠣᠨ ᠤ ᠪᠦᠲᠦᠭᠡᠯ᠂ ᠨᠢᠳᠤ ᠪᠠᠨ ᠴᠠᠪᠴᠢᠬᠤ ᠦᠭᠡᠢ ᠪᠢᠳᠡᠨ ᠢ ᠰᠢᠷᠲᠡᠬᠦ ᠲᠡᠷᠡ ᠬᠦᠦ ᠶᠢ ᠰᠦᠬᠡᠪᠠᠲᠦ ᠭᠡᠮᠡᠳᠡᠭ᠃ ᠵᠠᠮ ᠳᠤ ᠲᠠᠭᠠᠷᠠᠭᠰᠠᠨ ᠴᠢᠯᠠᠭᠤᠨᠴᠡᠴᠩ ᠡᠭᠡᠴᠢ ᠬᠤᠶᠠᠷ ᠠᠴᠢ ᠎ ᠲᠠᠢ ᠪᠠᠨ᠂ ᠰᠣᠮᠣᠨ ᠲᠡᠭᠡᠷ᠎ᠡ ᠮᠢᠨᠦ ᠮᠠᠰᠢᠨ ᠠᠴᠠ ᠠᠳᠢᠰ ᠠᠪᠤᠨ ᠵᠤᠯᠭᠠᠭᠰᠠᠨ ᠰᠤᠮᠤ ᠶᠢᠨ ᠶᠡᠭᠡ ᠡᠮᠴᠢ ᠰᠤᠶᠤᠯᠮ᠎ᠠ ᠡᠭᠡᠴᠢ᠂ ᠰᠤᠪᠢᠯᠠᠭᠴᠢ ᠠᠯᠳᠠᠠᠭᠡᠷᠡᠯ ᠭᠡᠳ ᠶᠠᠭᠠᠬᠢᠭᠠᠳ ᠴᠦ ᠶᠤᠮ ᠲᠡᠨᠳᠡ ᠣᠴᠠᠷᠠᠭᠰᠠᠨ ᠪᠦᠬᠦᠢ ᠯᠠ ᠬᠦᠮᠦᠰ ᠪᠤᠯᠤᠨ ᠠᠭᠤᠯᠠ᠂ ᠣᠰᠤᠨ ᠠᠴᠠ ᠠᠪᠤᠭᠠᠳ ᠲᠤᠭᠤᠷ ᠤᠨ ᠴᠢᠯᠠᠭᠤ᠂ ᠡᠪᠳᠡᠷᠬᠡᠢ ᠲᠤᠭᠤᠰᠬ᠎ᠠ ᠬᠦᠷᠳᠡᠯ᠎ᠡ ᠰᠡᠳᠭᠢᠯ ᠎ ᠳᠤ ᠭᠦᠨ ᠮᠡᠳᠡᠷᠡᠮᠵᠢ ᠲᠦᠷᠦᠭᠦᠯᠵᠦ ᠦᠪᠡᠷ ᠤᠨ ᠡᠷᠬᠡ ᠦᠭᠡᠢ ᠣᠯᠠᠨ ᠵᠦᠢᠯ ᠪᠤᠳᠤᠭᠳᠠᠭᠤᠯᠵᠤ ᠪᠠᠶᠢᠪᠠ᠃          ᠢᠩᠭᠢᠭᠡᠳ ᠭᠡᠷᠡᠯᠲᠦ ᠬᠦᠰᠢᠶᠡᠨ ᠤ ᠲᠦᠪᠡᠳ ᠰᠢᠯᠦᠭ ᠢ ᠣᠷᠴᠢᠭᠤᠯᠤᠭᠰᠠᠨ ᠢᠶᠠᠨ ᠦᠴᠦᠬᠡᠨ ᠲᠠᠶᠢᠯᠪᠣᠷᠢ ᠰᠡᠯᠲᠡ ᠶᠢᠨ ᠬᠠᠮᠳᠤ ᠲᠤᠯᠯᠢᠭᠤᠯᠪᠠᠰᠤ ᠡᠶᠢᠨ  ᠄ ᠠᠷᠭ᠎ᠠ ᠲᠤᠷ ᠮᠡᠷᠭᠡᠨ ᠨᠢᠭᠦᠯᠡᠰᠦᠯᠡᠯ ᠢᠶᠠᠷ ᠱᠠᠭᠵᠠ ᠶᠢᠨ ᠢᠵᠠᠭᠤᠷ ᠲᠤᠷ ᠮᠡᠨᠳᠦᠯᠡᠭᠡᠳ ᠠᠯᠢᠪᠠ ᠪᠤᠰᠤᠳ ᠪᠠᠷ ᠦᠯᠦ ᠴᠢᠳᠠᠬᠤ ᠵᠡᠳᠬᠡᠷ ᠤᠨ ᠦᠮᠦᠭ ᠢ ᠳᠠᠷᠤᠭᠰᠠᠨ ᠠᠯᠳᠠᠨ ᠰᠦᠮᠪᠦᠷ ᠠᠭᠤᠯᠠ ᠠᠳᠠᠯᠢ ᠰᠦᠷ ᠵᠢᠪᠬᠤᠯᠠᠩᠲᠤ ᠯᠠᠭᠱᠢᠨᠲᠣ ᠠᠭᠤᠣ ᠱᠠᠭᠵᠠ ᠶᠢᠨ ᠬᠠᠭᠠᠨ ᠤ ᠦᠯᠮᠡᠢ ᠲᠤᠷ ᠪᠢᠰᠢᠷᠡᠨ ᠮᠦᠷᠭᠦᠮᠦᠢ  ︕ ᠲᠠᠶᠢᠯᠪᠣᠷᠢ 1. ᠡᠬᠢᠨ ᠤ ᠲᠦᠷᠪᠡᠨ ᠱᠠᠳ ᠨᠢ ᠡᠯ᠎ᠡ ᠰᠢᠯᠦᠭ ᠤᠨ ᠮᠦᠷᠭᠦᠯ ᠤᠨ ᠰᠢᠯᠦᠭ ᠪᠦᠭᠡᠳ ᠨᠢᠭᠡᠳᠦᠭᠡᠷ ᠱᠠᠳ ᠨᠢ ᠪᠤᠳ᠋ᠳ᠋ᠾ‌‍ᠠ ᠶᠢ ᠮᠠᠨ ᠤ ᠽᠠᠮᠪᠣᠲ᠋ᠢᠪ ᠤᠨ ᠠᠩᠬᠠᠨ ᠤ ᠬᠠᠭᠠᠨ ᠮᠠᠩᠪᠣᠶᠢᠭᠦ᠋ᠷᠪᠠ ᠪᠤᠶᠤ ᠣᠯᠠᠨ᠎ᠠ ᠡᠷᠭᠦᠭᠳᠡᠭᠰᠡᠨ ᠬᠠᠭᠠᠨ ᠤ ᠢᠵᠠᠭᠤᠷ ᠪᠤᠯᠬᠤ ᠱᠠᠭᠵᠠ ᠶᠢᠨ ᠢᠵᠠᠭᠤᠷᠲᠤ ᠣᠷᠴᠢᠯᠠᠩ ᠤᠨ ᠠᠮᠢᠳᠠᠨ ᠳᠤ ᠳᠡᠭᠡᠳᠣ ᠎ ᠶᠢᠨ ᠨᠣᠮ ᠢᠶᠠᠷ ᠲᠤᠰᠠᠯᠠᠬᠤᠢ ᠶᠢᠨ ᠠᠷᠭ᠎ᠠ ᠳᠤ ᠮᠡᠷᠭᠡᠨ ᠪᠦᠭᠡᠳ ᠨᠢᠭᠦᠯᠰᠦᠬᠦᠢ ᠰᠡᠳᠬᠢᠯ ᠢᠶᠠᠷ ᠮᠤᠷᠢᠯᠠᠵᠤ ᠮᠡᠨᠳᠣᠯᠡᠭᠰᠡᠨ ᠬᠡᠮᠡᠬᠦ ᠣᠳᠬ᠎ᠠ ᠶᠢ ᠢᠯᠡᠷᠬᠡᠶᠢᠯᠡᠭᠰᠡᠨ᠃ ᠬᠤᠶᠠᠳᠣᠭᠠᠷ ᠱᠠᠲᠤᠨ ᠳᠤ ᠪᠤᠰᠤᠳ ᠱᠠᠰᠢᠨ ᠨᠣᠮᠠᠯᠠᠯᠠᠲᠠᠨ ᠎ ᠪᠠᠷ ᠦᠯᠦ ᠴᠢᠳᠠᠬᠤ ᠰᠡᠳᠭᠢᠯ ᠤᠨ ᠳᠠᠶᠢᠨ ᠪᠤᠶᠤ ᠨᠢᠰᠸᠠᠨᠢᠰ ᠤᠨ ᠲᠦᠢᠳᠬᠡᠷ ᠪᠤᠯᠤᠨ ᠣᠬᠠᠭᠠᠨ ᠤ ᠲᠦᠢᠳᠬᠡᠷ ᠬᠤᠶᠠᠷ ᠢ ᠳᠠᠷᠤᠭᠰᠠᠨ ᠲᠤᠬᠠᠢ᠃ ᠭᠤᠲᠠᠭᠠᠷ ᠱᠠᠲᠤᠨ ᠳᠤ ᠪᠣᠷᠬᠠᠨ ᠪᠠᠭᠰᠢ ᠶᠢᠨ ᠭᠤᠴᠢᠨ ᠬᠤᠶᠠᠷ ᠯᠠᠭᠱᠢᠨ᠂ ᠨᠠᠶᠠᠨ ᠨᠠᠶᠢᠷᠠᠭ ᠪᠦᠷᠢᠳᠦᠭᠰᠡᠨ  ︽ᠲᠡᠭᠡᠳᠦ ᠬᠤᠪᠢᠯᠭᠠᠨ ᠯᠠᠭᠱᠢᠨ  ︾᠎ ᠢ ᠮᠠᠭᠳᠠᠭᠰᠠᠨ᠃ ᠳᠦᠲᠦᠭᠡᠷ ᠱᠠᠲᠤᠨ ᠳᠤ ᠪᠣᠷᠬᠠᠨ ᠪᠠᠭᠰᠢ ᠶᠢᠨ ᠦᠯᠮᠡᠢ ᠳᠤ ᠰᠦᠰᠦᠭ ᠪᠢᠰᠢᠷᠡᠯ ᠢᠶᠠᠷ ᠮᠦᠷᠭᠦᠨ ᠪᠤᠢ ᠶᠢ ᠳᠦᠷᠰᠦᠯᠡᠵᠠᠢ᠃ ᠢᠵᠠᠭᠤᠷ ᠤᠨ ᠣᠷᠣᠨ ᠤ ᠨᠣᠮ ᠪᠦᠬᠦᠨ ᠢ ᠲᠤᠯᠢᠳᠠᠬᠤᠢ ᠶᠢᠨ ᠠᠭᠤᠵᠢᠮ ᠮᠡᠯᠮᠡᠶᠢᠲᠦ ᠢᠮᠠᠭᠳᠠ ᠴᠢᠳᠠᠭᠴᠢ ᠶᠢᠨ ᠱᠠᠰᠢᠨ ᠢ ᠲᠣᠳᠣᠷᠬᠠᠶᠢᠯᠠᠨ ᠵᠤᠬᠢᠶᠠᠬᠤᠢ ᠶᠢᠨ ᠨᠢᠭᠦᠯᠰᠡᠬᠦᠶᠢᠲᠦ ᠢᠯᠭᠤᠨ ᠴᠠᠰᠤᠲᠤ ᠶᠢᠨ ᠣᠷᠣᠨ ᠤ ᠮᠡᠷᠭᠡᠳ ᠬᠢᠭᠡᠳ ᠪᠦᠲᠦᠭᠡᠯᠴᠢᠳ ᠤᠨ ᠭᠠᠭᠴᠠ ᠴᠢᠮᠡᠭ ᠢᠯᠭᠠᠮᠵᠢ ᠭᠠᠶᠢᠬᠠᠮᠰᠢᠭᠳᠦ ᠬᠤᠪᠢᠯᠭᠠᠨ ᠳᠦᠷᠢ ᠲᠤᠷ ᠵᠠᠯᠪᠢᠷᠠᠮᠤᠢ ᠲᠠᠶᠢᠯᠪᠣᠷᠢ 2. ᠡᠨᠡ ᠵᠠᠯᠪᠢᠷᠠᠯ ᠤᠨ ᠰᠢᠯᠦᠭ ᠲᠤ ᠬᠤᠩ ᠲᠠᠶᠢᠵᠢ ᠶᠢᠨ ᠨᠣᠮ ᠤᠨ ᠪᠠᠭᠰᠢ ᠪᠠᠷ ᠭᠠᠷᠮᠠᠪᠠ ᠣᠷᠤᠰᠬᠠᠯ ᠎ ᠤᠨ ᠯᠠᠮᠠ ᠠᠭᠠᠳ ᠲᠡᠷᠡᠬᠦ ᠱᠠᠰᠢᠨ ᠤ ᠡᠵᠡᠨ ᠶᠡᠭᠡ ᠳᠠᠭᠤᠨ ᠬᠦᠷᠪᠡᠭᠦᠯᠦᠭᠴᠢ ᠮᠠᠷᠪᠠ ᠯᠤᠽᠠᠪᠠ ︵1012 — 1097︶ ᠪᠤᠯᠤᠨ ᠦᠪᠡᠷ ᠤᠨ ᠨᠣᠮ ᠤᠨ ᠪᠠᠭᠰᠢ ᠲᠡᠷᠢᠭᠦᠲᠡᠨ ᠢ ᠮᠠᠭᠲᠠᠨ ᠵᠠᠯᠪᠠᠷᠢᠭᠰᠠᠨ ᠮᠡᠳᠦ ᠪᠦᠭᠡᠳ ᠡᠭᠦᠨ ᠎ ᠳᠤ ᠡᠬᠢᠨ ᠤ ᠱᠠᠲᠤᠨ ᠳᠤ ᠶᠠᠭᠤᠮᠠᠰ ᠦᠵᠡᠭᠳᠡᠯ ᠪᠦᠬᠦᠨ ᠤ ᠮᠦᠨ ᠴᠢᠨᠠᠷ ᠢ ᠬᠠᠷᠠᠵᠤ ᠴᠢᠳᠠᠬᠤ ᠪᠢᠯᠢᠭ ᠣᠶᠤᠨᠲᠤ᠃ ᠬᠤᠶᠠᠷᠳᠠᠬᠢ ᠱᠠᠲᠤᠨ ᠳᠤ ᠪᠤᠷᠬᠠᠨ ᠤ ᠱᠠᠰᠢᠨ ᠢ ᠭᠡᠷᠡᠯ ᠮᠡᠳᠦ ᠲᠤᠳᠤᠷᠬᠠᠢ ᠪᠤᠯᠭᠠᠭᠴᠢ ᠠᠭᠠᠳ ᠶᠡᠭᠡ ᠨᠢᠭᠦᠯᠡᠰᠦᠩᠭᠦᠢ ᠰᠡᠳᠬᠢᠯᠲᠤ᠃ ᠭᠤᠲᠠᠭᠠᠷ ᠲᠤ ᠴᠠᠰᠤᠲᠤ ᠠᠭᠤᠯᠠᠰ ᠢᠶᠠᠷ ᠬᠦᠷᠢᠶᠡᠯᠡᠭᠰᠡᠨ ᠲᠦᠪᠡᠳ ᠤᠨ ᠣᠷᠤᠨ ᠎ ᠳᠤ ᠰᠣᠳᠣᠷ᠂ ᠲᠠᠷᠨᠢ ᠶᠢ ᠰᠣᠨᠣᠰᠬᠤ᠂ ᠰᠠᠨᠠᠬᠤ᠂ ᠪᠢᠰᠢᠯᠭᠠᠬᠤ ᠭᠤᠷᠪᠠ ᠪᠤᠯᠤᠨ ᠨᠣᠮᠯᠠᠬᠤ᠂ ᠵᠤᠬᠢᠶᠠᠬᠤ᠂ ᠲᠡᠮᠡᠴᠡᠬᠦ ᠭᠤᠷᠪᠠ ᠪᠠᠷ ᠪᠦᠲᠦᠭᠡᠭᠴᠢ ᠪᠠ ᠪᠢᠰᠢᠯᠭᠠᠯ ᠢᠶᠠᠷ ᠰᠡᠳᠬᠢᠯ ᠳᠡᠭᠡᠨ ᠨᠣᠮ ᠪᠦᠳᠦᠭᠡᠭᠴᠢᠳ ᠤᠨ ᠣᠷᠤᠢ ᠶᠢᠨ ᠲᠡᠭᠡᠳᠦ ᠴᠢᠮᠡᠭ ᠪᠣᠯᠣᠭᠰᠠᠨ᠃ ᠲᠦᠳᠦᠭᠡᠷ ᠲᠤ ᠡᠬᠡᠯ ᠪᠣᠰᠣᠳ ᠠᠴᠠ ᠨᠡᠩ ᠢᠯᠭᠠᠮᠵᠢᠲᠠᠢ ᠬᠤᠪᠢᠯᠭᠠᠨ ᠳᠦᠷᠢ ᠲᠠᠢ ᠲᠡᠭᠦᠨ ᠎ ᠳᠤ ᠠᠯᠠᠭ᠎ᠠ ᠪᠠᠨ ᠬᠠᠪᠰᠣᠷᠣᠨ ᠵᠠᠯᠪᠢᠷᠠᠮᠤᠢ ᠬᠡᠮᠡᠵᠠᠢ᠃ ᠲᠦᠷᠪᠡᠨ ᠳᠦᠷᠢ ᠳᠠᠨᠳᠠᠷ ᠤᠨ ᠠᠶᠢᠮᠠᠭ ᠤᠨ ᠦᠨᠳᠦᠰᠦᠨ ᠰᠠᠶᠢᠲᠣᠷ ᠪᠤᠯᠤᠭᠠᠳ ᠲᠦᠷᠪᠡᠨ ᠳᠦᠷᠢ ᠴᠠᠭᠯᠠᠰᠢ ᠦᠭᠡᠢ ᠶᠢᠨ ᠨᠠᠪᠴᠢ ᠳᠡᠯᠪᠡᠭᠡ ᠠᠷᠪᠠᠨ ᠵᠦᠭ ᠲᠤ ᠪᠠᠨ ᠳᠡᠯᠭᠡᠷᠡᠨ ᠲᠦᠷᠪᠡᠨ ᠳᠦᠷᠢ ᠦᠢᠯᠡᠰ ᠤᠨ ᠦᠷ᠎ᠠ ᠵᠢᠮᠢᠰ ᠰᠦᠨᠳᠡᠷᠯᠡᠨ ᠪᠦᠳᠦᠭᠰᠡᠨ ᠢᠶᠠᠷ ᠲᠦᠷᠪᠡᠨ ᠲᠢᠪ ᠤᠨ ᠲᠡᠭᠡᠳᠦ ᠣᠳᠤᠷᠢᠳᠤᠭᠴᠢ ᠶᠡᠭᠡ ᠰᠢᠳᠢᠳᠡᠨ ᠪᠠᠭᠰᠢ ᠢᠯᠠᠭᠤᠭᠰᠠᠨ ᠲᠠᠶᠢᠯᠪᠣᠷᠢ 3. ᠡᠨᠡᠬᠦ ᠲᠦᠷᠪᠡᠨ ᠱᠠᠳ ᠮᠠᠭᠳᠠᠭᠠᠯ ᠤᠨ ᠰᠢᠯᠦᠭ ᠲᠤ ᠴᠠᠰᠤᠲᠤ ᠲᠦᠪᠡᠳ ᠤᠨ ᠣᠷᠤᠨ᠎ᠠ ᠮᠠᠾ‌‍ᠠᠮᠤᠲ᠋ᠠᠷ ᠤᠨ ᠰᠢᠳᠢ ᠶᠢ ᠣᠯᠤᠭᠰᠠᠨ ᠪᠤᠶᠤ ᠨᠢᠭᠡᠨ ᠨᠠᠰᠤ᠂ ᠨᠢᠭᠡᠨ ᠪᠡᠶ᠎ᠡ ᠪᠠᠷ ᠢᠶᠠᠨ ᠪᠤᠷᠬᠠᠨ ᠤ ᠬᠤᠲᠤᠬ ᠶᠢ ᠣᠯᠤᠭᠰᠠᠨ ᠬᠤᠲᠤᠭᠲᠤ ᠮᠢᠯᠠᠷᠠᠶᠢᠪᠠ ᠪᠤᠭᠳᠠ ︵1052 — 1135︶ ᠲᠡᠷᠢᠭᠦᠲᠡᠨ ᠢ ᠮᠠᠭᠳᠠᠭᠰᠠᠨ ᠮᠡᠳᠦ ᠪᠦᠭᠡᠳ ᠨᠢᠭᠡᠳᠦᠭᠡᠷ ᠱᠠᠲᠤᠨ ᠳᠤ ᠭᠠᠷᠴᠤ ᠪᠤᠢ ᠲᠦᠷᠪᠡᠨ ᠳᠦᠷᠢ ᠳᠠᠨᠳᠠᠷ ᠤᠨ ᠠᠶᠢᠮᠠᠭ ᠬᠡᠮᠡᠬᠦ ᠨᠢ ᠲᠠᠷᠨᠢ ᠶᠢᠨ ᠨᠣᠮ ᠤᠨ 1. ᠦᠢᠯᠡ ᠶᠢᠨ ᠳᠠᠨᠳᠠᠷ᠂ 2. ᠶᠠᠪᠣᠳᠠᠯ ᠤᠨ ᠳᠠᠨᠳᠠᠷ᠂ 3. ᠶᠤᠭ᠎ᠠ ᠶᠢᠨ ᠳᠠᠨᠳᠠᠷ᠂ 4. ᠳᠡᠭᠡᠷ᠎ᠡ ᠪᠠᠨ ᠦᠭᠡᠢ ᠸᠠᠴᠢᠷᠲᠤ ᠬᠦᠯᠭᠡᠨ ᠤ ᠦᠨᠳᠦᠰᠦᠨ ᠨᠣᠮᠯᠠᠯ ᠳᠤ ᠰᠠᠶᠢᠲᠣᠷ ᠪᠤᠯᠪᠠᠰᠤᠷᠠᠭᠰᠠᠨ᠃ ᠬᠤᠶᠠᠳᠤᠭᠠᠷ ᠲᠤ ᠲᠦᠷᠪᠡᠨ ᠴᠠᠭᠯᠠᠰᠢ ᠦᠭᠡᠢ ᠡᠷᠳᠡᠮ ᠨᠢ 1. ᠠᠰᠠᠷᠠᠬᠤᠢ ᠶᠢᠨ ᠴᠠᠭᠯᠠᠰᠢ ᠦᠭᠡᠢ᠂ 2. ᠨᠢᠬᠦᠯᠡᠰᠤᠩᠬᠦᠢ ᠶᠢᠨ ᠴᠠᠭᠯᠠᠰᠢ ᠦᠭᠡᠢ᠂ 3. ᠪᠠᠶᠠᠰᠬᠤᠢ ᠶᠢᠨ ᠴᠠᠭᠯᠠᠰᠢ ᠦᠭᠡᠢ᠂ 4. ᠲᠡᠭᠰᠢ ᠣᠷᠤᠰᠢᠬᠤᠢ ᠶᠢᠨ ᠴᠠᠭᠯᠠᠰᠢ ᠦᠭᠡᠢ ᠡᠳᠡᠬᠡᠷ ᠤᠨ ᠡᠷᠳᠡᠮ ᠲᠦᠷᠪᠡᠨ ᠵᠦᠭ᠂ ᠲᠦᠷᠪᠡᠨ ᠵᠣᠪᠬᠢᠰ᠂ ᠲᠡᠭᠡᠳᠦ᠂ ᠳᠣᠣᠷᠠᠳᠣ ᠨᠡᠶᠢᠲᠡ ᠠᠷᠪᠠᠨ ᠵᠦᠭ ᠲᠤ ᠪᠠᠨ ᠦᠵᠡᠰᠭᠦᠯᠡᠩᠲᠤ ᠯᠢᠶᠠᠩᠬᠤᠸ᠎ᠠ ᠴᠡᠴᠡᠭ ᠤᠨ ᠨᠠᠪᠴᠢ ᠳᠡᠯᠪᠡᠭᠡ ᠮᠡᠳᠦ ᠳᠡᠯᠭᠡᠷᠡᠭᠰᠡᠨ᠃ ᠭᠤᠲᠠᠭᠠᠷ ᠱᠠᠲᠤᠨ ᠳᠤ ᠭᠠᠷᠬᠤ ᠲᠦᠷᠪᠡᠨ ᠳᠦᠷᠢ ᠦᠢᠯᠡᠰ ᠨᠢ 1. ᠠᠮᠣᠷᠯᠢᠩᠭᠤᠢ ᠦᠢᠯᠡᠰ᠂ 2. ᠳᠡᠯᠭᠡᠷᠡᠩᠭᠦᠢ ᠦᠢᠯᠡᠰ᠂ 3. ᠡᠷᠬᠡ  ᠬᠦᠴᠦᠨ ᠤ ᠦᠢᠯᠡᠰ ᠂ 4. ᠬᠠᠳᠠᠭᠤ ᠦᠢᠯᠡᠰ ᠪᠦᠬᠦᠨ ᠰᠢᠲᠦᠨ ᠪᠠᠷᠢᠯᠳᠣᠯᠭ᠎ᠠ ᠬᠢᠭᠡᠳ ᠡᠷᠳᠡᠮ ᠴᠢᠳᠠᠯ ᠢᠶᠠᠷ ᠭᠠᠯᠪᠠᠷᠠᠰᠣᠨ ᠮᠤᠳᠤᠨ ᠤ ᠦᠷ᠎ᠠ ᠵᠢᠮᠢᠰ ᠮᠡᠳᠦ ᠰᠦᠨᠳᠡᠷᠯᠡᠨ ᠪᠦᠲᠦᠭᠰᠡᠨ᠃ ᠳᠦᠲᠦᠭᠡᠷ ᠱᠠᠲᠤᠨ ᠳᠤ ᠭᠠᠷᠴᠤ ᠪᠤᠢ ᠲᠦᠷᠪᠡᠨ ᠲᠢᠪ ᠨᠢ 1. ᠡᠮᠣᠨᠡᠳᠣ ᠽᠠᠮᠪᠤᠲᠢᠪ᠂ 2. ᠦᠷᠦᠨᠡᠲᠦ ᠦᠬᠡᠷ ᠡᠳᠡᠯᠡᠭᠴᠢ ᠲᠢᠪ᠂ 3. ᠣᠮᠠᠷᠠᠲᠣ ᠮᠠᠭᠤ ᠲᠠᠭᠤᠳᠤ ᠲᠢᠪ᠂ 4. ᠳᠤᠷᠤᠨᠠᠲᠤ ᠶᠡᠭᠡ ᠪᠡᠶᠡᠲᠤ ᠲᠢᠪ ᠪᠦᠬᠦᠨ ᠳᠤ ᠳᠡᠭᠡᠳᠣ ᠶᠢᠨ ᠨᠣᠮ ᠢᠶᠠᠷ ᠣᠳᠣᠷᠢᠳᠣᠨ ᠴᠢᠳᠠᠬᠤ ᠪᠠ ᠶᠢᠷᠳᠢᠨᠴᠣ ᠶᠢᠨ ᠰᠢᠳᠢ ᠬᠢᠭᠡᠳ ᠨᠣᠮ ᠤᠨ ᠰᠢᠳᠢ ᠡᠵᠡᠮᠰᠢᠭᠰᠡᠨ ᠪᠠᠭᠰᠢ ᠪᠠᠷ ᠶᠢᠷᠲᠢᠨᠴᠤ ᠪᠦᠬᠦᠨ ᠠᠴᠠ ᠢᠯᠠᠭᠤᠭᠰᠠᠨ ᠪᠣᠯᠠᠢ ᠬᠡᠮᠡᠵᠠᠢ ᠦᠯᠢᠰᠢ ᠦᠭᠡᠢ ᠳᠠᠯᠠᠢ ᠮᠡᠳᠦ ᠢᠯᠠᠭᠤᠭᠰᠠᠨ ᠨᠤᠭᠤᠳ ᠪᠠᠷ ᠦᠨᠡᠨ ᠲᠡᠭᠡᠳᠦ ᠨᠣᠮ ᠤᠨ ᠬᠦᠷᠳᠦᠨ ᠢ ᠠᠭᠤᠣ ᠶᠡᠭᠡ ᠪᠠᠷ ᠮᠠᠰᠢᠳᠠ ᠡᠷᠭᠢᠭᠦᠯᠦᠭᠰᠡᠨ ᠣᠷᠤᠨ ᠦᠬᠦᠯ ᠦᠭᠡᠢ ᠸᠠᠴᠢᠷᠲᠤ ᠰᠠᠭᠤᠷᠢᠨ ᠤ ᠣᠮᠠᠷᠠᠲᠣ ᠵᠦᠭ ᠦᠵᠡᠲᠡᠯ᠎ᠡ ᠲᠦᠪᠡᠳ ᠴᠠᠰᠤᠲᠤ ᠶᠢᠨ ᠭᠠᠵᠠᠷ ᠣᠷᠤᠨ ᠢᠶᠠᠨ ᠦᠨᠡᠩᠬᠦ ᠢᠯᠭᠤᠭᠰᠠᠨ ᠤ ᠱᠠᠰᠢᠨ ᠦᠯᠠᠮᠵᠢ ᠦᠷᠭᠡᠵᠢᠨ ᠳᠡᠯᠭᠡᠷᠡᠮᠦᠢ᠃ ᠲᠡᠨᠳᠡ ᠠᠴᠠ ᠵᠡᠷᠭᠡᠴᠢᠯᠡᠨ ᠣᠮᠠᠷᠠᠲᠣ ᠵᠦᠭ ᠤᠨ ᠣᠷᠤᠨ ᠭᠠᠵᠠᠷ ᠢᠶᠠᠨ ᠲᠠᠩᠰᠡᠰᠢ ᠦᠭᠡᠢ ᠡᠷᠳᠡᠨᠢ ᠶᠢᠨ ᠱᠠᠰᠢᠨ ᠳᠡᠯᠭᠡᠷᠡᠬᠦ ᠪᠤᠯᠤᠮᠤᠢ ᠭᠡᠮᠡᠨ ᠲᠡᠮᠳᠡᠭᠳᠠᠶᠢᠶ᠎ᠠ ᠢᠯᠠᠭᠤᠭᠰᠠᠨ ᠪᠠᠷ ᠠᠬᠢᠨ ᠳᠠᠬᠢᠨ ᠡᠰᠢ ᠦᠵᠡᠬᠦᠯᠦᠭᠰᠡᠨᠴᠢᠯᠡᠨ ᠲᠡᠨᠢᠭᠦᠨ ᠠᠭᠤᠳᠠᠮ ᠣᠮᠠᠷᠠᠲᠣ ᠵᠦᠭ ᠤᠨ ᠡᠨᠡᠬᠦ ᠴᠢᠨᠳᠠᠮᠤᠨᠢ ᠪᠠᠷᠢᠭᠴᠢ ᠶᠢᠨ ᠬᠦᠢᠰᠦᠨ᠎ᠡ ᠲᠡᠭᠦᠨᠴᠢᠯᠡᠨ ᠪᠤᠷᠬᠠᠨ ᠤ ᠱᠠᠰᠢᠨ ᠢ ᠦᠷᠭᠡᠵᠢᠨ ᠳᠡᠯᠭᠡᠷᠡᠭᠦᠯᠬᠦᠢ ᠶᠢᠨ ᠲᠤᠬᠠᠢ ᠲᠤᠷ ᠲᠡᠭᠷᠢ ᠶᠢᠨ ᠬᠦᠪᠡᠭᠦᠨ ᠴᠢᠩᠭᠢᠰ ᠬᠠᠭᠠᠨ ᠰᠠᠶᠢᠲᠣᠷ ᠮᠡᠨᠳᠦᠯᠡᠭᠡᠳ ᠲᠠᠰᠦᠰᠢ ᠦᠭᠡᠢ ᠬᠡᠷᠴᠡᠬᠡᠢ ᠳᠣᠭᠰᠢᠨ᠂ ᠨᠣᠮᠬᠠᠳᠬᠠᠬᠤᠶ᠎ᠠ ᠪᠡᠷᠬᠡ ᠲᠤᠭᠠᠯᠠᠰᠢ ᠦᠭᠡᠢ ᠠᠮᠢᠲᠠᠳ ᠢ ᠲᠡᠷᠢᠭᠦᠯᠡᠬᠦ ᠬᠦᠴᠦᠨ ᠤ ᠡᠭᠦᠳᠡᠨ ᠠᠴᠠ ᠡᠷᠬᠡᠨ ᠳᠡᠭᠡᠨ ᠬᠤᠷᠢᠶᠠᠨ ᠣᠷᠤᠭᠤᠯᠪᠠᠢ᠃ ᠲᠠᠶᠢᠯᠪᠣᠷᠢ 4. ᠡᠨᠡᠬᠦ ᠠᠷᠪᠠᠨ ᠭᠤᠷᠪᠠᠨ ᠱᠠᠳ ᠰᠢᠯᠦᠭ ᠨᠢ ᠲᠡᠣᠬᠡ ᠶᠢᠨ ᠰᠢᠯᠦᠭ ᠪᠦᠭᠡᠳ ᠣᠳᠬ᠎ᠠ ᠨᠢ  ᠄  ᠡᠨᠡ ᠭᠠᠯᠪᠠ ᠶᠢᠨ ᠬᠡᠮᠵᠢᠶᠡᠯᠡᠰᠢ ᠦᠭᠡᠢ ᠡᠷᠳᠡᠮ ᠤᠨ ᠳᠠᠯᠠᠢ ᠪᠣᠯᠣᠭᠰᠠᠨ ᠮᠢᠩᠭᠠᠨ ᠪᠤᠷᠬᠠᠨ ᠠᠴᠠ ᠵᠠᠯᠠᠷᠠᠭᠰᠠᠨ ᠲᠦᠷᠪᠡ᠃ ᠢᠷᠡᠭᠡᠳᠦᠢ ᠳᠤ ᠵᠠᠯᠠᠷᠠᠬᠤ ᠪᠣᠯᠬᠤᠢ ᠶᠢᠨ ᠶᠢᠰᠦᠨ ᠵᠠᠭᠤᠨ ᠶᠡᠷᠡᠨ ᠵᠢᠷᠭᠤᠭᠠᠨ ᠪᠣᠷᠬᠠᠳ ᠪᠠᠷ ᠦᠨᠡᠬᠡᠷ ᠲᠡᠭᠡᠳᠦ ᠳ᠋ᠠᠷᠮ᠎ᠠ ᠪᠤᠶᠤ ᠨᠣᠮ ᠤᠨ ᠶᠡᠭᠡ ᠬᠦᠷᠳᠦᠨ ᠢ ᠠᠭᠤᠣ ᠶᠡᠭᠡ ᠪᠠᠷ ᠮᠠᠰᠢᠳᠠ ᠡᠷᠭᠢᠭᠦᠯᠦᠭᠰᠡᠨ ᠬᠢᠭᠡᠳ ᠡᠷᠭᠢᠭᠦᠯᠬᠦ ᠣᠷᠤᠨ ᠨᠢ ᠡᠨᠡᠳᠭᠡᠭ ᠤᠨ ᠲᠦᠪ ᠣᠷᠣᠨ ᠤ ᠸᠠᠵᠷᠠ ᠠᠰᠠᠨ᠎ᠠ ᠪᠤᠶᠤ ᠸᠠᠴᠢᠷᠲᠤ ᠰᠠᠭᠤᠷᠢᠨ ᠮᠦᠨ᠃ ᠲᠡᠨᠳᠡ ᠠᠴᠠ ᠬᠤᠶᠢᠳᠦ ᠵᠦᠭ ᠲᠤ ᠴᠠᠰᠤᠲᠤ ᠾᠢᠮᠠᠯᠢ ᠶᠢᠨ ᠬᠤᠶᠢᠨ᠎ᠠ  ᠲᠦᠪᠡᠳ ᠣᠷᠤᠨ᠎ᠠ ᠦᠨᠡᠬᠡᠷ ᠪᠤᠷᠬᠠᠨ ᠤ ᠱᠠᠰᠢᠨ ᠮᠠᠰᠢ ᠶᠡᠬᠡᠳᠠ ᠲᠡᠯᠭᠡᠷᠡᠨ᠎ᠡ᠃ ᠲᠡᠨᠳᠡ ᠠᠴᠠ ᠳᠠᠷᠠᠭᠠᠯᠠᠨ ᠬᠤᠶᠢᠳᠦ ᠵᠦᠭ ᠤᠨ ᠭᠠᠵᠠᠷ ᠣᠷᠤᠨ᠎ᠠ ᠪᠠᠰᠠ ᠪᠤᠷᠬᠠᠨ ᠤ ᠡᠷᠳᠡᠨᠢ ᠮᠡᠳᠦ ᠱᠠᠰᠢᠨ ᠲᠡᠯᠭᠡᠷᠡᠨ᠎ᠡ ᠭᠡᠮᠡᠨ ᠪᠣᠷᠬᠠᠨ ᠪᠠᠭᠰᠢ ᠢᠷᠡᠭᠡᠳᠦᠢ ᠶᠢᠨ ᠪᠤᠱᠤᠭ ᠯᠦᠨᠳᠦᠩ ᠠᠬᠢᠨ ᠳᠠᠬᠢᠨ ᠦᠵᠡᠬᠦᠯᠦᠭᠰᠡᠨᠴᠢᠯᠡᠨ ᠮᠣᠩᠭᠤᠯ ᠤᠨ ᠲᠠᠯ᠎ᠠ ᠨᠣᠲᠤᠭ ᠪᠤᠶᠤ ᠬᠤᠷᠴᠤᠢ ᠶᠢᠨ ᠵᠦᠩ ᠳᠤ ᠠᠶᠢᠯᠠᠳᠤᠰᠠᠨᠴᠢᠯᠠᠨ ᠮᠣᠩᠭᠤᠯ ᠤᠨ ᠲᠦᠪ ᠣᠷᠤᠨ ᠨᠢ ᠵᠡᠭᠦᠨ ᠲᠠᠯ᠎ᠠ ᠳᠠᠭᠠᠨ ᠮᠣᠩᠭᠤᠯ ᠤᠨ ᠢᠵᠠᠭᠤᠷ ᠢ ᠰᠠᠬᠢᠭᠴᠢ ᠪᠢᠰᠮᠠᠨ ᠲᠡᠭᠷᠢ ᠎ ᠶᠢᠨ ᠣᠷᠤᠨ ᠬᠠᠨ ᠬᠡᠨᠲᠠᠢ᠂ ᠪᠠᠷᠠᠭᠤᠨ ᠲᠠᠯ᠎ᠠ ᠳᠠᠭᠠᠨ ᠮᠣᠩᠭᠤᠯ ᠤᠨ ᠢᠵᠠᠭᠤᠷ ᠤᠨ ᠢᠳᠡᠮ ᠪᠣᠷᠬᠠᠨ ᠸᠠᠴᠢᠷᠪᠠᠨᠢ ᠎ ᠶᠢᠨ ᠣᠷᠤᠨ ᠣᠳᠬᠤᠨ ᠲᠡᠭᠷᠢ ᠬᠠᠶᠢᠷᠠᠬᠠᠨ ᠬᠤᠶᠠᠷ ᠨᠢ ᠭᠠᠵᠠᠷ ᠵᠦᠢ ᠶᠢᠨ ᠪᠠᠶᠢᠷᠢᠰᠢᠯ ᠢᠶᠠᠷ ᠡᠷᠭᠢᠯᠳᠦᠭᠰᠡᠨ ᠪᠠᠶᠠᠰᠬᠤᠯᠠᠩᠲᠤ ᠴᠢᠨᠳᠠᠮᠤᠨᠢ ᠡᠷᠳᠡᠨᠢ ᠮᠡᠳᠦ ᠣᠷᠣᠰᠢᠭᠰᠠᠨ ᠭᠡᠮᠡᠨ ᠠᠶᠢᠯᠠᠳᠤᠭᠰᠠᠨ ᠤ ᠬᠦᠢᠰᠤ ᠪᠤᠶᠤ ᠲᠦᠪ ᠣᠷᠤᠨ᠎ᠠ ᠪᠤᠷᠬᠠᠨ ᠤ ᠱᠠᠰᠢᠨ ᠢ ᠳᠡᠯᠭᠡᠷᠡᠭᠦᠯᠬᠦ ᠶᠢᠨ ᠲᠤᠬᠠᠢ ᠳᠤ ᠪᠠᠳᠠᠷᠠᠭᠤ ᠴᠠᠭᠠᠨ ᠲᠡᠭᠷᠢ ᠶᠢᠨ ᠬᠦᠪᠡᠭᠦᠨ ᠪᠤᠯᠤᠭᠠᠳ ᠣᠮᠠᠷᠠᠲᠣ ᠱᠠᠮᠪᠠᠯ ᠤᠨ ᠡᠷᠬᠡᠰᠢᠶᠡᠭᠰᠡᠨ ᠸᠠᠴᠢᠷᠪᠠᠨᠢ ᠶᠢᠨ ᠬᠤᠪᠢᠯᠭᠠᠨ ᠴᠢᠩᠭᠢᠰ ᠬᠠᠭᠠᠨ ᠰᠡᠳᠬᠢᠯᠴᠢᠯᠡᠨ ᠮᠣᠩᠭᠤᠯ ᠣᠷᠤᠨ᠎ᠠ ᠮᠡᠨᠳᠦᠯᠡᠵᠦ ᠲᠤᠬᠠᠢ ᠶᠢᠨ ᠴᠠᠭ ᠦᠶ᠎ᠡ ᠳᠤ ᠮᠠᠨ ᠤ ᠳᠡᠯᠡᠬᠡᠢ ᠲᠡᠭᠡᠷ᠎ᠡ ᠠᠷᠪᠠᠨ ᠨᠠᠢᠮᠠᠠ ᠶᠡᠭᠡ ᠬᠠᠷᠭᠢᠰ ᠬᠡᠷᠴᠡᠬᠡᠢ ᠲᠡᠷᠰ ᠤᠳ ᠤᠨ ᠬᠠᠭᠠᠨ ᠭᠠᠷᠴᠤ ᠬᠦᠴᠢᠷ ᠶᠡᠭᠡ ᠬᠤᠣᠷᠯᠠᠯ ᠭᠠᠷᠬᠤ ᠲᠣᠯᠠ ᠲᠡᠳᠡᠭᠡᠷ ᠢ ᠠᠷᠠᠯ ᠠᠶᠢᠮᠠᠭ᠂ ᠣᠯᠤᠰ ᠭᠦᠷᠦᠨ ᠲᠠᠢ ᠨᠢ ᠨᠣᠮᠤᠭᠠᠳᠬᠠᠨ ᠲᠦᠷᠦ ᠶᠢᠨ ᠶᠤᠰᠤ ᠪᠠᠷ ᠣᠯᠤᠰ ᠢ ᠵᠠᠰᠠᠵᠤ᠂ ᠱᠠᠰᠢᠨ ᠤ ᠶᠤᠰᠤ ᠪᠠᠷ ᠠᠷᠠᠳ ᠢ ᠠᠮᠤᠷᠯᠢᠭᠤᠯᠬᠤ ᠬᠤᠣᠰ ᠶᠤᠰᠤᠨ ᠤ ᠠᠷᠭ᠎ᠠ ᠪᠠᠷ ᠶᠡᠭᠡ ᠬᠦᠴᠦᠨ ᠤ ᠬᠦᠷᠳᠦᠨ ᠢ ᠡᠷᠭᠢᠭᠦᠯᠬᠦ ᠬᠦᠴᠦᠨ ᠪᠤᠶᠤ ᠵᠠᠭᠠᠷᠪᠠᠳᠢ ᠶᠢᠨ ᠬᠦᠴᠦ ᠪᠠᠷ ᠲᠤᠭᠠᠯᠠᠰᠢ ᠦᠭᠡᠢ ᠣᠯᠠᠨ ᠲᠦᠷᠦᠯᠬᠢᠲᠡᠨ ᠢ ᠡᠷᠬᠡᠨ ᠳᠡᠭᠡᠨ ᠬᠤᠷᠢᠶᠠᠭᠰᠠᠨ ᠲᠤᠬᠠᠢ ᠬᠤᠷ ᠴᠤᠶᠢᠨᠵᠦᠨ ᠲᠡᠷᠢᠭᠦᠲᠡᠢ ᠰᠣᠳᠣᠷ᠂ ᠱᠠᠰᠲᠢᠷ ᠲᠤ ᠲᠤᠳᠤᠷᠬᠠᠢ ᠭᠠᠷᠳᠠᠭ ᠲᠤᠬᠠᠢ ᠰᠢᠯᠦᠭᠯᠡᠨ ᠠᠶᠢᠯᠠᠳᠴᠠᠢ᠃                                                                        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号