ᠤᠨᠠᠭᠠᠨ ᠨᠤᠭᠤᠭᠠᠨ ᠳᠤᠷᠠᠰᠤᠮᠵᠢ
ᠨᠡᠶᠢᠲᠡᠯᠡᠭᠰᠡᠨ ᠴᠠᠭ᠄
2020-06-04
ᠳᠤᠭᠤᠴᠤᠭ ᠨᠠ᠊ · ᠮᠠᠨᠳᠤᠯ᠎ᠠ ᠤᠨᠠᠭᠠᠨ ᠨᠤᠭᠤᠭᠠᠨ ᠳᠤᠷᠠᠰᠤᠮᠵᠢᠨᠣᠲᠤᠭ ᠵᠦᠭ ᠠᠴᠠ ᠪᠤᠷᠤᠭᠠᠨ ᠤᠨ ᠴᠢᠭᠢᠭ ᠲᠠᠢ ᠴᠢᠮᠡᠭᠡ ᠸᠢᠴᠠᠲ ᠳᠠᠮᠵᠢᠨ ᠢᠷᠡᠵᠦ ᠪᠤᠢᠨᠤᠬᠠᠢ ᠭᠠᠰᠠᠯᠠᠭᠰᠠᠨ ᠭᠠᠩ ᠤᠨ ᠬᠠᠯᠠᠭᠤᠨ ᠪᠠᠭ᠎ᠠ ᠴᠦ ᠬᠡᠰᠡᠨ ᠳᠠᠷᠤᠭᠳᠠᠭᠰᠠᠨ ᠪᠠᠶᠢᠬ᠎ᠠᠨᠤᠷᠮ᠎ᠠ ᠦᠨᠦᠷᠳᠦᠭᠰᠡᠨ ᠭᠠᠵᠠᠷ ᠤᠨ ᠬᠦᠷᠦᠰᠦ ᠪᠠᠭ᠎ᠠ ᠴᠤ ᠭᠡᠰᠡᠨ ᠰᠡᠷᠪᠡᠶᠢᠭᠰᠡᠨ ᠪᠠᠶᠢᠬ᠎ᠠᠤᠷᠮ᠎ᠠ ᠬᠤᠭᠤᠷᠠᠭᠰᠠᠨ ᠠᠷᠠᠳ ᠤᠨ ᠰᠡᠳᠬᠢᠯ ᠪᠠᠭ᠎ᠠ ᠴᠤ ᠭᠡᠰᠡᠨ ᠲᠡᠨᠢᠢᠭᠰᠡᠨ ᠪᠠᠶᠢᠬ᠎ᠠ ᠡ                                           — ᠲᠡᠮᠳᠡᠭᠯᠡᠯ ᠠᠴᠠ ᠪᠠᠨ ᠪᠠᠷᠠᠭᠤᠨ ᠮᠠᠩᠬᠠᠨ※ ᠤ ᠮᠤᠳᠤᠨ ᠰᠡᠬᠦᠳᠡᠷ ᠠᠴᠠ ᠪᠠᠭ᠎ᠠ ᠶᠢᠨ ᠨᠤᠭᠤᠭᠠᠨ ᠳᠤᠷᠠᠰᠤᠮᠵᠢ ᠰᠤᠨᠢᠶᠠᠵᠦ ᠰᠡᠷᠢᠨ᠎ᠡ ᠶᠠᠰᠤᠨ ᠳᠤᠭᠤᠷᠠᠭ※ ᠤᠨ ᠴᠠᠭᠠᠨ ᠳᠡᠷᠡᠰᠦᠨ ᠠᠴᠠ ᠢᠯᠳᠠᠮᠬᠠᠨ ᠨᠤᠭᠤᠭᠠᠨ ᠳᠤᠷᠠᠰᠤᠮᠵᠢ ᠳᠡᠭᠳᠡᠵᠦ ᠪᠤᠰᠤᠨ᠎ᠠ ᠤᠯᠠᠭᠠᠨ ᠴᠢᠯᠠᠭᠤᠳᠤ※ ᠶᠢᠨ ᠬᠠᠳᠤᠯᠠᠩ ᠤᠨ ᠵᠦᠷᠢᠭ ᠠᠴᠠ ᠤᠨᠠᠭᠠᠨ ᠨᠤᠭᠤᠭᠠᠨ ᠳᠤᠷᠠᠰᠤᠮᠵᠢ ᠵᠢᠷᠢᠯᠵᠡᠵᠦ ᠨᠠᠭᠠᠰᠢᠯᠠᠨ᠎ᠠ ᠬᠦᠯ ᠤᠨ ᠬᠤᠸᠠ※ ᠶᠢᠨ ᠮᠠᠯ ᠤᠨ ᠴᠤᠪᠤᠭᠠᠨ ᠠᠴᠠ ᠬᠦᠭᠡᠷᠦᠬᠦᠨ ᠨᠤᠭᠤᠭᠠᠨ ᠳᠤᠷᠠᠰᠤᠮᠵᠢ ᠴᠤᠪᠤᠵᠦ ᠵᠢᠷᠭᠠᠨ᠎ᠠ ᠰᠦ ᠦᠨᠦᠷᠳᠦᠭᠰᠡᠨ ᠡᠵᠢ ᠶᠢᠨ ᠬᠤᠷᠮᠤᠢ ᠠᠴᠠ ᠰᠦ ᠰᠢᠭ ᠴᠠᠶᠢᠯᠭᠠᠨ ᠳᠤᠷᠠᠰᠤᠮᠵᠢ ᠰᠡᠩᠬᠢᠨᠡᠵᠦ ᠳᠡᠷᠪᠡᠨ᠎ᠡ ᠰᠦᠷᠦᠭ ᠬᠤᠨᠢᠳ ᠤᠨ ᠬᠠᠯᠠᠭᠤᠨ ᠢᠯᠴᠢᠨ ᠠᠴᠠ ᠰᠦᠮᠪᠦᠷ ᠶᠡᠭᠡ ᠨᠤᠳᠤᠭ ᠤᠨ ᠳᠤᠷᠠᠰᠤᠮᠵᠢ ᠨᠢᠯᠴᠢᠬᠢᠨᠡᠨ᠎ᠡ ᠠᠵᠢᠯ ᠳᠤ ᠪᠠᠨ ᠮᠤᠷᠳᠠᠭᠰᠠᠨ ᠠᠪᠤ ᠶᠢᠨ ᠪᠠᠷ᠎ᠠ ᠠᠴᠠ ᠠᠯᠳᠠ ᠰᠢᠭ᠋ ᠬᠠᠳᠠᠭᠤ ᠰᠤᠷᠭᠠᠯ ᠬᠠᠩᠬᠠᠶᠢᠵᠦ ᠰᠦᠮᠪᠦᠷᠯᠡᠨ᠎ᠡ ᠠᠯᠳᠠᠶᠢᠷᠬᠠᠨ ᠰᠦᠷᠦᠭ ᠤᠨ ᠪᠤᠷᠤ ᠳᠤᠭᠤᠰᠤᠨ ᠠᠴᠠ ᠠᠰᠠᠷᠤᠤ ᠳᠤᠮᠤ ᠰᠤᠶᠤᠯ ᠤᠨ ᠮᠦᠷᠦᠭᠡᠳᠦᠯ ᠳᠡᠭᠳᠡᠨ᠎ᠡ ᠦᠳᠠ ᠳᠤᠮᠳᠠ ᠶᠢᠨ ᠤᠰᠤᠨ ᠵᠡᠷᠭᠡᠯᠭᠡᠨ ᠢ ᠦᠷᠪᠡᠭᠡᠢ ᠨᠠᠰᠤᠨ ᠤ ᠳᠤᠷᠠᠰᠤᠮᠵᠢ ᠵᠠᠶᠢᠳᠠᠯᠠᠨ᠎ᠠ ᠰᠦᠨᠢ ᠳᠤᠮᠳᠠ ᠶᠢᠨ ᠤᠳᠤᠳ ᠤᠨ ᠭᠡᠭᠡ ᠶᠢ ᠰᠦᠮᠡᠯᠵᠡᠬᠦ ᠤᠬᠠᠭᠠᠨ ᠤ ᠬᠦᠰᠡᠯᠡᠩ ᠬᠦᠯᠬᠦᠯᠡᠨ᠎ᠡ ᠠᠭᠤᠯᠠᠨ ᠴᠤᠤᠷᠢᠶᠠᠨ ᠤ ᠢᠷᠠᠭᠤ ᠰᠤᠨᠤᠰᠬᠤᠯᠠᠩ ᠳᠤ ᠠᠭᠤᠵᠢᠮ ᠳᠠᠯ᠎ᠠ ᠶᠢᠨ ᠮᠢᠨᠢ ᠰᠤᠨᠤᠷ ᠳᠠᠶᠢᠪᠤᠰᠢᠷᠠᠨ᠎ᠠ ᠤᠷᠳᠤ ᠶᠢᠨ ᠳᠠᠭᠤᠨ ᠤ ᠤᠶᠠᠷᠠᠭᠤᠨ ᠬᠦᠭ ᠲᠤ ᠤᠬᠠᠭᠠᠨᠳᠤ ᠠᠷᠠᠳ ᠤᠨ ᠰᠡᠳᠬᠢᠯ ᠳᠡᠯᠪᠡᠭᠡᠯᠡᠨ᠎ᠡ ᠪᠤᠳᠤᠯ ᠤᠨ ᠰᠡᠮᠡᠷᠭᠡᠢ ᠤᠴᠢᠭ ᠤᠳ ᠵᠠᠳᠠᠷᠠᠵᠦ ᠪᠤᠳᠠᠷᠠᠭᠰᠠᠨ ᠰᠠᠶᠢᠮᠡᠭᠡᠢ ᠡᠬᠦᠯᠡᠰ ᠨᠡᠬᠦᠳᠡᠯᠯᠡᠨ᠎ᠡ ᠪᠤᠷᠬᠠᠳ ᠤᠨ ᠠᠷᠢᠭᠤᠨ ᠳᠠᠷᠨᠢ ᠪᠠᠷ ᠷᠠᠰᠢᠶᠠᠯᠠᠵᠦ ᠪᠤᠷᠤᠭᠠᠨ ᠤ ᠵᠦᠭᠡᠯᠡᠨ ᠳᠤᠷᠠᠰᠤᠮᠵᠢ ᠵᠢᠷᠤᠭᠠᠯᠠᠨ᠎ᠠ ᠵᠤᠨ ᠤ ᠬᠠᠯᠠᠭᠤᠨ ᠨᠠᠷᠠᠨ ᠳᠤ ᠬᠠᠨᠠᠭᠠᠷᠠᠵᠦ ᠵᠤᠰᠠᠯᠠᠩ ᠤᠨ ᠪᠡᠯᠴᠢᠭᠡᠷ ᠰᠤᠭᠤᠷᠠᠵᠦ ᠠᠯᠢᠶᠠᠯᠠᠨ᠎ᠠ ᠵᠦᠢᠯ ᠤᠨ ᠴᠡᠴᠡᠭᠡᠰ ᠳᠠᠯ᠎ᠠ ᠳᠤ ᠡᠷᠭᠡᠯᠡᠵᠦ ᠵᠡᠬᠦᠳᠦᠨ ᠤ ᠶᠤᠮ ᠰᠢᠭ ᠳᠤᠷᠠᠰᠤᠮᠵᠢ ᠰᠤᠭᠳᠤᠭᠤᠷᠠᠨ᠎ᠠ ᠤᠨᠠᠭᠠᠨ ᠨᠤᠭᠤᠭᠠᠨ ᠳᠤᠷᠠᠰᠤᠮᠵᠢ ᠮᠢᠨᠢ ᠵᠡᠬᠦᠳᠦᠯᠡᠨ᠎ᠡ ᠵᠡᠬᠦᠳᠦ ᠪᠠᠷ ᠢᠶᠠᠨ ᠴᠡᠴᠡᠭᠯᠡᠵᠦ ᠢᠨᠢᠶᠠᠨ᠎ᠡ ᠵᠡᠬᠦᠳᠦ ᠪᠠᠷ ᠢᠶᠠᠨ ᠵᠤᠯᠭᠠᠷᠠᠵᠦ ᠦᠭᠡᠶᠢᠯᠡᠨ᠎ᠡ ᠵᠡᠬᠦᠳᠦ ᠪᠠᠷ ᠢᠶᠠᠨ ᠦᠨᠡᠨ ᠶᠤᠮ ᠰᠢᠭ ᠵᠡᠬᠦᠳᠦᠯᠡᠨ᠎ᠡ ᠵᠡᠬᠦᠳᠦᠨ ᠳᠤ ᠮᠢᠨᠢ ᠵᠢᠬᠦᠷ ᠤᠷᠭᠤᠴᠢᠬᠠᠭᠰᠠᠨ ᠵᠡᠬᠦᠨᠰᠢ ᠪᠠᠷᠠᠭᠤᠨᠰᠢ ᠬᠤᠯᠬᠢᠵᠦ ᠳᠦᠭᠡᠷᠢᠨ᠎ᠡ ᠮᠢᠨᠦ ᠤᠨᠠᠭᠠᠨ ᠨᠤᠭᠤᠭᠠᠨ ᠳᠤᠷᠠᠰᠤᠮᠵᠢ ᠡ ᠤᠨᠠᠭᠠᠨ ᠨᠤᠭᠤᠭᠠᠨ ᠳᠤᠷᠠᠰᠤᠮᠵᠢ ᠮᠢᠨᠢ ᠡ              ※ ᠳᠦᠷᠦᠭᠰᠡᠨ ᠨᠤᠳᠤᠭ ᠤᠨ ᠮᠢᠨᠢ ᠭᠠᠵᠠᠷ ᠤᠰᠤᠨ ᠤ ᠨᠡᠷ᠎ᠡ ᠪᠤᠯᠤᠨ᠎ᠠ᠃2018.07.25 —08.09
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号