ᠡᠵᠢ
ᠨᠡᠶᠢᠲᠡᠯᠡᠭᠰᠡᠨ ᠴᠠᠭ᠄
2020-06-04
ᠡᠵᠢ ᠦᠨᠡᠭᠡᠨ ᠬᠠᠷᠠᠩᠭᠤᠢ ᠶᠢ ᠳᠤᠯᠭᠠᠨ ᠳᠤ ᠪᠠᠨ ᠨᠤᠴᠤᠭᠠᠵᠦ ᠦᠨᠳᠦᠰᠦ ᠵᠠᠯᠭᠠᠬᠤ ᠤᠳᠤᠮ ᠤᠨ ᠴᠢᠰᠦᠨ ᠳᠤ ᠦᠷ᠎ᠡ ᠶᠢᠨ ᠵᠠᠶᠠᠭ᠎ᠠ ᠪᠠᠨ ᠵᠠᠯᠪᠠᠷᠢᠨ ᠳᠠᠭᠠᠳᠬᠠᠭᠴᠢ ᠦᠨᠡᠨᠴᠢᠭᠡᠨ ᠵᠢᠷᠦᠭᠡᠨ ᠤ ᠠᠷᠢᠭᠤᠨ ᠰᠠᠬᠢᠶ᠎ᠠ ᠦᠦᠷ ᠤᠨ ᠬᠡᠬᠡ ᠶᠢ ᠴᠠᠢ ᠲᠠᠢ ᠪᠠᠨ ᠰᠦᠯᠡᠵᠦ ᠦᠯᠦ ᠮᠡᠳᠡᠬᠦ ᠰᠡᠳᠬᠢᠯ ᠤᠨ ᠬᠢᠵᠠᠭᠠᠷ ᠠᠴᠠ ᠦᠶ᠎ᠡ ᠶᠢᠨ ᠢᠶᠠᠨ ᠵᠤᠯᠠᠢ ᠶᠢ ᠦᠨᠦᠷᠯᠡᠨ ᠪᠠᠶᠠᠰᠤᠭᠴᠢ ᠦᠷᠦᠪᠴᠢᠭᠡᠨ ᠪᠦᠰᠡᠬᠦᠢ ᠶᠢᠨ ᠭᠡᠭᠡᠨ ᠬᠠᠶᠢᠷ᠎ᠠ ᠨᠠᠷᠠᠨ ᠤ ᠰᠠᠴᠤᠷᠠᠭ ᠢ ᠠᠷᠤᠭ ᠲᠤ ᠪᠠᠨ ᠳᠡᠭᠡᠭᠡᠵᠦ ᠨᠠᠰᠤ ᠰᠤᠩᠭᠠᠬᠤ ᠬᠦᠰᠡᠯ ᠤᠨ ᠵᠦᠭ ᠲᠤ ᠬᠡᠤᠬᠡᠳ ᠤᠨ ᠢᠶᠠᠨ ᠪᠠᠷ᠎ᠠ ᠶᠢ ᠰᠠᠷᠠᠪᠴᠢᠯᠠᠨ ᠪᠠᠷᠠᠭᠠᠯᠠᠭᠴᠢ ᠬᠦᠨᠳᠦᠭᠡᠨ ᠮᠦᠷᠦᠭᠡᠳᠦᠯ ᠤᠨ ᠰᠦᠨ ᠰᠠᠴᠤᠯᠢ ᠦᠳᠡᠰᠢ ᠶᠢᠨ ᠳᠤᠯᠤᠩ ᠢ ᠡᠷᠦᠭᠡᠨ ᠳᠤ ᠪᠠᠨ ᠤᠭᠤᠰᠤᠷᠯᠠᠵᠦ ᠦᠭᠡᠶᠢᠯᠡᠵᠦ ᠰᠠᠨᠠᠬᠤ ᠠᠯᠤᠰ ᠤᠨ ᠬᠠᠷᠠᠭᠠᠨ ᠳᠤ ᠦᠷᠦ ᠵᠢᠷᠦᠭᠡ ᠠᠴᠠ ᠪᠠᠨ ᠬᠦᠰᠡᠨ ᠵᠦᠩᠨᠡᠭᠴᠢ ᠦᠭᠡᠳᠡᠯᠡᠬᠦ ᠢᠷᠡᠭᠡᠳᠦᠢ ᠶᠢᠨ ᠬᠠᠳᠤᠨ ᠤᠬᠠᠭᠠᠨ ᠡᠬᠦᠯᠡᠰ ᠤᠨ ᠰᠡᠮᠡᠷᠭᠡᠢ ᠪᠠᠷ ᠪᠤᠳᠤᠯ ᠢᠶᠠᠨ ᠴᠢᠮᠡᠭᠯᠡᠵᠦ ᠦᠨᠢ ᠮᠦᠩᠭᠡ ᠶᠢᠨ ᠲᠦᠮᠡᠨ ᠠᠮᠤᠭᠤᠯᠠᠩ ᠳᠤ ᠦᠯᠡᠮᠵᠢ ᠶᠢᠨ ᠢᠷᠦᠭᠡᠯ ᠢ ᠳᠠᠭᠠᠳᠬᠠᠨ ᠬᠦᠰᠡᠭᠴᠢ ᠦᠭᠡᠳᠡᠷᠭᠡᠭ ᠠᠮᠢᠳᠤᠷᠠᠯ ᠤᠨ ᠨᠤᠶᠠᠨ ᠨᠢᠷᠤᠭᠤ ᠪᠤᠷᠤᠭᠠᠨ ᠤ ᠰᠤᠨᠳᠤᠷ ᠢᠶᠠᠷ ᠵᠡᠬᠦᠳᠦ ᠪᠠᠨ ᠬᠡᠯᠬᠢᠵᠦ ᠪᠤᠰᠤᠭ᠎ᠠ ᠵᠠᠶᠠᠭᠠᠨ ᠤ ᠠᠭᠤᠵᠢᠮ ᠤᠷᠤᠰᠢᠬᠤᠢ ᠳᠤ ᠪᠤᠶᠠᠨ ᠤ ᠢᠪᠡᠭᠡᠯ ᠢ ᠨᠠᠮᠠᠨᠴᠢᠯᠠᠨ ᠰᠦᠰᠦᠭᠯᠡᠭᠴᠢ ᠪᠤᠷᠬᠠᠨ ᠬᠠᠶᠢᠷ᠎ᠠ ᠶᠢᠨ ᠨᠤᠭᠤᠭᠠᠨ ᠳ᠋ᠠᠷ᠎ᠠ ᠴᠠᠰᠤᠨ ᠰᠢᠷᠭᠡᠭ ᠢ ᠴᠠᠮᠴᠠᠨ ᠳᠤ ᠪᠠᠨ ᠪᠦᠪᠡᠶᠢᠯᠡᠵᠦ ᠴᠢᠮᠠᠯᠠᠰᠢ ᠦᠭᠡᠢ ᠶᠢᠨ ᠡᠷᠢᠭᠡᠰ ᠤᠷᠴᠢᠯᠠᠩ ᠳᠤ ᠴᠠᠭᠠᠨ ᠮᠦᠷ ᠢ ᠳᠠᠯᠠᠯᠤᠨ ᠬᠤᠷᠤᠶᠢᠯᠠᠭᠴᠢ ᠴᠠᠮᠢᠨ ᠤᠬᠠᠭᠠᠨ ᠤ ᠤᠶᠠᠩᠭᠠᠳᠦ ᠡᠭᠡᠰᠢᠭ ᠰᠠᠯᠬᠢᠨ ᠤ ᠠᠶᠠᠯᠭᠤ ᠶᠢ ᠠᠯᠠᠭᠠᠨ ᠳᠤ ᠪᠠᠨ ᠠᠷᠭᠠᠳᠠᠵᠦ ᠰᠠᠷᠠᠭᠤᠯ ᠢᠷᠡᠭᠡᠳᠦᠢ ᠶᠢᠨ ᠬᠢᠵᠠᠭᠠᠷᠬᠦᠢ ᠵᠠᠢ ᠳᠤ ᠰᠠᠶᠢᠬᠠᠨ ᠪᠦᠬᠦᠨ ᠢ ᠬᠤᠷᠤᠶᠢᠯᠠᠨ ᠳᠠᠭᠤᠳᠠᠭᠴᠢ ᠰᠠᠨᠠᠭ᠎ᠠ ᠰᠡᠳᠬᠢᠯ ᠤᠨ ᠮᠦᠩᠭᠡ ᠶᠢᠨ ᠳᠦᠰᠢᠭ ᠡᠵᠢ ᠭᠡᠳᠡᠭ ᠡᠭᠡ ᠪᠠᠶᠢᠭᠠᠯᠢ ᠶᠢᠨ ᠤᠩᠭᠤᠨ ᠳᠦᠷᠦᠳᠡᠰᠦ ᠡᠵᠢ ᠭᠡᠳᠡᠭ ᠡᠳᠦᠷ ᠬᠤᠨᠤᠭ ᠤᠨ ᠳᠠᠭᠱᠢᠨ ᠮᠦᠷᠦᠭᠡᠳᠦᠯ ᠡᠵᠢ ᠭᠡᠳᠡᠭ ᠢᠷᠡᠵᠦ ᠪᠤᠴᠠᠬᠤ ᠶᠢᠨ ᠳᠤᠯᠠᠭᠠᠨ ᠪᠠᠭᠤᠴᠠ ᠡᠵᠢ ᠭᠡᠳᠡᠭ ᠡᠪᠯᠡᠵᠦ ᠪᠦᠳᠦᠬᠦ ᠶᠢᠨ ᠪᠦᠳᠦᠨ ᠬᠤᠷᠸ᠎ᠠ ᠡ2018.10.13
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号