ᠡᠯᠡᠰᠦᠨ ᠤ ᠣᠷᠬᠤᠳᠠᠢ — ᠴᠠᠭᠠᠨ ᠭᠤᠶᠣᠣ | | ᠴᠠᠭᠠᠨ ᠭᠤᠶᠤᠤ ᠨᠢ ᠡᠯᠡᠰᠦᠨ ᠳᠤ ᠣᠷᠭᠤᠳᠠᠭ ᠵᠠᠭ ᠤᠨ ᠦᠨᠳᠦᠰᠣ ᠠᠴᠠ ᠰᠢᠮ᠎ᠡ ᠠᠪᠴᠣ ᠪᠤᠶᠢᠵᠢᠳᠠᠭ ᠣᠯᠠᠨ | ᠨᠠᠰᠣᠳᠣ ᠣᠷᠭᠤᠮᠠᠯ ᠤᠨ ᠲᠦᠷᠦᠯ ᠶᠣᠮ᠃ ᠪᠠᠳᠠᠢ ᠶᠢᠨ ᠵᠢᠷᠠᠨ ᠤ ᠴᠠᠭᠠᠨ ᠭᠤᠶᠤᠤ ᠨᠢ ᠡᠯᠡᠰᠦᠨ ᠤ ᠬᠦᠪᠡᠭᠡ ᠳᠠᠭᠠᠤ | ᠣᠷᠣᠨ ᠢᠶᠠᠷ ᠣᠷᠭᠤᠳᠠᠭ᠃ ᠡᠬᠦᠨ ᠳᠤ ᠠᠯᠠᠱᠠ ᠪᠠᠷᠠᠭᠤᠨ ᠬᠤᠰᠢᠭᠤᠨ ᠤ ᠲᠠᠩᠰᠤᠭ᠂ ᠰᠢᠭᠤᠢ᠂ ᠨᠦᠤᠷᠭᠡᠢ᠂ | ᠡᠵᠡᠨ᠎ᠡ ᠬᠤᠰᠢᠭᠤᠨ ᠤ ᠭᠤᠷᠤᠨᠠᠢ᠂ ᠦᠡᠭᠳᠣᠭᠤᠯ᠂ ᠭᠤᠶᠢᠽᠠ ᠪᠣᠯᠣᠨ ᠠᠯᠠᠱᠠ ᠵᠡᠬᠦᠨ ᠬᠤᠰᠢᠭᠤᠨ ᠤ ᠦᠯᠵᠡᠢ | ᠵᠡᠷᠭᠡ ᠭᠠᠵᠠᠷ ᠲᠤ ᠭᠤᠤᠯᠳᠠᠭᠤ ᠣᠷᠭᠤᠳᠠᠭ᠃ ᠵᠢᠯ ᠤᠨ ᠭᠠᠷᠣᠯᠳᠠ ᠶᠢᠨ ᠬᠡᠮᠵᠢᠶ᠎ᠠ ᠨᠢ 1970 ᠣᠨ ᠤ ᠳᠣᠮᠳᠠ | ᠦᠶ᠎ᠡ ᠪᠠᠷ 3000 ᠭᠠᠷᠣᠢ ᠲᠤᠨ ᠳᠤ ᠬᠦᠷᠴᠣ ᠪᠠᠶᠢᠭᠰᠠᠨ ᠭᠡᠳᠡᠭ᠃ ᠠᠳᠡᠬᠢ ᠶᠢᠨ ᠴᠠᠭᠠᠨ ᠭᠤᠶᠤᠤ ᠨᠢ ᠮᠢᠬᠠᠯᠢᠭ | ᠮᠦᠷᠳᠡᠭᠡᠨ ᠰᠢᠮ᠎ᠡ ᠲᠡᠵᠢᠬᠡᠯ ᠤᠨ ᠡᠯ᠎ᠡ ᠡᠯᠧᠮᠧᠨ᠋ᠲ ᠤᠨ ᠠᠭᠤᠯᠤᠭᠳᠠᠴᠠ ᠰᠠᠶᠢᠨ ᠪᠠᠶᠢᠳᠠᠭ ᠪᠣᠯᠬᠤᠷ ᠪᠣᠰᠣᠳ ᠭᠠᠵᠠᠷ | ᠣᠷᠣᠨ ᠤ ᠮᠣᠳᠣᠯᠢᠭ ᠪᠣᠶᠣ ᠡᠪᠡᠰᠦᠯᠢᠭ ᠴᠠᠭᠠᠨ ᠭᠤᠶᠣᠣ ᠠᠴᠠ ᠢᠯᠡᠬᠦᠤ ᠰᠠᠶᠢᠨ᠃ ᠬᠦᠷᠡᠩ ᠦᠡᠭᠭᠡᠳᠡᠢ᠂ ᠪᠡᠶ᠎ᠡ ᠨᠢ | ᠪᠦᠭᠡᠷᠡᠩᠬᠡᠢ ᠪᠣᠶᠣ ᠬᠠᠪᠳᠠᠭᠠᠢ᠂ ᠣᠯᠠᠩᠬᠢ ᠨᠢ ᠭᠠᠵᠠᠷ ᠤᠨ ᠬᠦᠷᠦᠰᠦᠨ ᠳᠣᠣᠷ᠎ᠠ 50 ᠰᠡᠨᠲ᠋ᠢᠮᠧᠳ᠋ᠷ ᠠᠴᠠ 1 | ᠮᠧᠲ᠋ᠠᠷ ᠬᠦᠷᠬᠦ ᠦᠬᠡᠢ ᠭᠠᠵᠠᠷ ᠲᠤ ᠣᠷᠭᠤᠵᠣ᠂ ᠳ᠋ᠢᠶᠠᠮᠧᠲᠷ ᠨᠢ ᠪᠠᠷᠤᠭ 4 — 6 ᠰᠡᠨᠲ᠋ᠢᠮᠧᠳ᠋ᠷ ᠪᠠᠶᠢᠵᠣ᠂ | ᠣᠨᠴᠠᠭᠠᠢ ᠵᠠᠷᠢᠮ ᠨᠢ 1 — 6 ᠰᠡᠨᠲ᠋ᠢᠮᠧᠳ᠋ᠷ ᠲᠤ ᠭᠦᠷᠴᠣ᠂ ᠨᠣᠳᠤᠭ ᠤᠨ ᠬᠦᠮᠦᠰ ︽ᠴᠢᠷᠭ᠎ᠠ︾ ᠭᠡᠵᠤ | ᠬᠡᠯᠡᠳᠡᠭ᠃ ᠶᠡᠷᠣ ᠶᠢᠨ ᠣᠬᠤᠷᠬᠠᠨ ᠴᠠᠭᠠᠨ ᠭᠤᠶᠤᠤ ᠨᠢ 1 — 2 ᠵᠢᠯ ᠤᠨ ᠬᠤᠭᠤᠷᠣᠨᠳᠣ ᠭᠠᠵᠠᠷ ᠤᠨ | ᠬᠦᠷᠦᠰᠦᠨ ᠳᠡᠭᠡᠷ᠎ᠡ ᠳᠣᠯᠣᠭᠠᠶᠢᠯᠠᠨ ᠭᠠᠷᠴᠣ᠂ 1 — 3 ᠮᠧᠳ᠋ᠷ ᠣᠷᠴᠢᠮ ᠤᠨ ᠣᠷᠳᠣ ᠴᠠᠭᠠᠨ ᠭᠤᠶᠤᠤ ᠨᠢ 5 | — 20 ᠵᠢᠯ ᠤᠨ ᠬᠤᠭᠤᠷᠣᠳᠣ ᠰᠠᠶ᠋ᠢ ᠳᠣᠯᠣᠭᠠᠢ ᠨᠢ ᠭᠠᠵᠠᠷ ᠤᠨ ᠬᠦᠷᠦᠰᠦᠨ ᠳᠡᠭᠡᠷ᠎ᠡ ᠭᠠᠷᠴᠣ ᠢᠷᠡᠳᠡᠭ᠃ | ᠨᠢᠬᠡ ᠨᠦᠬᠡᠨ ᠳᠤ ᠬᠤᠶᠠᠷ ᠠᠴᠠ ᠳᠦᠷᠪᠡᠨ ᠳᠣᠯᠣᠭᠠᠢ ᠴᠣᠬᠤᠶᠢᠵᠣ᠂ ᠣᠨᠴᠠᠭᠠᠢ ᠵᠠᠷᠢᠮ ᠨᠢ ᠣᠯᠠᠨ ᠣᠷᠭᠤᠵᠣ᠂ | 15 ᠵᠢᠩ ᠠᠴᠠ 100 ᠭᠠᠷᠣᠢ ᠵᠢᠩ ᠭᠠᠷᠳᠠᠭ᠃ ᠴᠠᠭᠠᠨ ᠭᠤᠶᠤᠤ ᠬᠠᠪᠣᠷ ᠳᠣᠯᠣᠭᠠᠶᠢᠯᠠᠵᠤ ᠵᠣᠨ ᠪᠣᠯᠪᠠᠯ ᠴᠡᠩᠭᠡᠷ | ᠰᠢᠷ᠎ᠠ ᠴᠡᠴᠡᠭ ᠳᠡᠯᠭᠡᠷᠡᠵᠤ᠂ ᠦᠵᠦᠬᠦᠷ ᠨᠢ ᠲᠤᠬᠤᠢ ᠬᠢᠷᠢᠲᠡᠢ ᠣᠷᠳᠣ ᠣᠷᠭᠤᠳᠠᠭ᠃ ᠴᠡᠴᠡᠭ ᠤᠨ ᠳᠣᠳᠣᠷ᠎ᠠ ᠨᠢ | ᠮᠠᠰᠢ ᠣᠯᠠᠨ ᠵᠢᠵᠢᠭ ᠬᠠᠷ᠎ᠠ ᠦᠷ᠎ᠡ ᠰᠠᠭᠤᠳᠠᠭ᠃ ᠡᠨᠡ ᠦᠷ᠎ᠡ ᠨᠢ ᠮᠠᠰᠢ ᠣᠷᠳᠣ ᠬᠤᠭᠤᠴᠠᠭ᠎ᠠ ᠶᠢ ᠦᠡᠭᠭᠡᠷᠡᠭᠦᠯᠵᠣ᠂ | ᠬᠦᠷᠦᠰᠦᠨ ᠤ ᠬᠦᠨ ᠳᠤ ᠪᠠᠶᠢᠭ᠎ᠠ ᠵᠠᠭ ᠤᠨ ᠦᠨᠳᠦᠰᠤ ᠲᠠᠢ ᠨᠡᠶᠢᠯᠡᠵᠤ ᠰᠠᠶ᠋ᠢ ᠴᠠᠭᠠᠨ ᠭᠤᠶᠤᠤ ᠪᠣᠯᠵᠣ ᠣᠷᠭᠤᠳᠠᠭ | ᠃ ᠴᠠᠭᠠᠨ ᠭᠤᠶᠤᠤ ᠨᠢ ᠭᠠᠨᠭ᠌ ᠬᠠᠭᠤᠷᠠᠢ ᠡᠯᠡᠰᠦᠷᠬᠡᠭ ᠭᠠᠵᠠᠷ ᠣᠷᠣᠨ ᠳᠤ ᠲᠡᠭ ᠠᠴᠠ ᠳᠡᠭᠡᠭᠰᠢ ᠲᠠᠪᠢᠨ ᠽᠧᠯᠰ | ᠭᠷᠠᠳᠦ᠋ᠰ ᠤᠨ ᠬᠠᠯᠠᠭᠤᠨ ᠪᠣᠯᠣᠨ ᠲᠡᠭ ᠠᠴᠠ ᠳᠣᠷᠣᠭᠰᠢ 20 ᠽᠧᠯᠰ ᠭᠷᠠᠳᠦ᠋ᠰ ᠤᠨ ᠬᠦᠢᠳᠡᠨ ᠳᠤ ᠲᠡᠰᠪᠤᠷᠢᠲᠠᠢ | ᠣᠷᠭᠤᠳᠠᠭ ᠨᠢ ᠲᠡᠭᠦᠨ ᠤ ᠪᠦᠯᠢᠶᠠᠨ ᠴᠢᠨᠠᠷ ᠠᠴᠠ ᠪᠣᠯᠣᠭᠰᠠᠨ ᠪᠠᠰᠠ ᠨᠢᠬᠡᠨ ᠭᠠᠶᠢᠬᠠᠮᠰᠢᠭᠳᠣ ᠣᠨᠴᠠᠯᠢᠭ ᠪᠣᠯᠬᠤ | ᠶᠣᠮ᠃ ᠬᠦᠮᠦᠨ ᠡᠮ ᠡᠮᠨᠡᠯᠬᠡ ᠳᠤ ᠴᠠᠭᠠᠨ ᠭᠤᠶᠤᠤ ᠶᠢ ᠬᠡᠷᠡᠭᠯᠡᠭᠡᠳ ᠨᠢᠬᠡᠨᠳᠡ ᠦᠨᠢ ᠣᠳᠠᠭᠠᠨ ᠲᠡᠣᠬᠡ ᠲᠠᠢ | ᠪᠣᠯᠵᠡᠢ᠃ ᠮᠢᠩ ᠣᠯᠣᠰ ᠤᠨ ᠦᠶ᠎ᠡ ᠶᠢᠨ ᠡᠮ ᠡᠮᠨᠡᠯᠬᠡ ᠶᠢᠨ ᠣᠬᠠᠭᠠᠨᠳᠠᠨ ᠯᠢ ᠱᠢ ᠵᠧᠨ ᠤ ︽ᠡᠪᠡᠰᠦᠨ ᠡᠮ ᠤᠨ | ᠲᠤᠪᠴᠢ︾ ᠬᠡᠳᠡᠭ ᠨᠣᠮ ᠳᠤ ᠲᠡᠣᠬᠡᠨ ᠳᠠᠬᠢ ᠡᠮ ᠡᠮᠨᠡᠯᠬᠡ ᠶᠢᠨ ᠠᠯᠳᠠᠷᠳᠣ ᠬᠦᠮᠦᠰ ᠤᠨ ᠴᠠᠭᠠᠨ ᠭᠤᠶᠤᠤ ᠶᠢᠨ ᠡᠮ | ᠡᠮᠨᠡᠯᠬᠡ ᠶᠢᠨ ᠲᠤᠬᠠᠢ ᠦᠬᠦᠯᠡᠯ ᠢ ᠨᠠᠷᠢᠨ ᠨᠢᠭᠳᠠ ᠲᠡᠮᠳᠡᠭᠯᠡᠨ᠂ ᠲᠡᠭᠦᠨ ᠤ ᠡᠮᠳᠣ ᠬᠦᠴᠦᠨ ᠴᠢᠳᠠᠯ᠂ ᠰᠢᠨᠵᠢ | ᠴᠢᠨᠠᠷ ᠢ ᠳᠣᠳᠣᠷᠬᠠᠶᠢᠯᠠᠭᠰᠠᠨ ᠪᠠᠶᠢᠨ᠎ᠠ᠃ ᠴᠠᠭᠠᠨ ᠭᠤᠶᠤᠤ ᠶᠢᠨ ᠦᠢᠡᠯᠳᠦᠯ ᠨᠢ ᠲᠠᠪᠤᠨ ᠴᠣᠯᠣ᠂ ᠵᠢᠷᠭᠤᠭᠠᠨ ᠰᠠᠪᠠ | ᠪᠠ ᠬᠡᠪᠡᠯᠢ ᠶᠢᠨ ᠰᠡᠷᠢᠭᠦᠨ ᠡᠪᠡᠳᠴᠢᠨ ᠢ ᠵᠠᠰᠠᠬᠤ᠂ ᠪᠡᠶ᠎ᠡ ᠲᠠᠮᠢᠷᠵᠢᠭᠤᠯᠬᠤ᠂ ᠦᠶ᠎ᠡ ᠬᠡᠰᠢᠭᠦᠤ ᠶᠢᠨ ᠡᠪᠡᠳᠴᠢᠨ᠂ | ᠡᠮᠡᠭᠳᠡᠢ ᠶᠢᠨ ᠴᠢᠰᠦᠨ ᠤ ᠰᠣᠳᠠᠯ ᠤᠨ ᠡᠪᠡᠳᠴᠢᠨ ᠵᠡᠷᠭᠡ ᠳᠤ ᠮᠠᠰᠢ ᠶᠡᠭᠡ ᠲᠤᠰᠠᠲᠠᠢ᠃ ᠣᠳᠣ ᠦᠶ᠎ᠡ ᠶᠢᠨ ᠡᠮ | ᠡᠮᠨᠡᠯᠭᠡ ᠶᠢᠨ ᠰᠣᠳᠣᠯᠭᠠᠨ ᠤ ᠦᠷ᠎ᠡ ᠳ᠋ᠦᠡᠭ ᠠᠴᠠ ᠦᠵᠡᠪᠡᠯ ᠴᠠᠭᠠᠨ ᠭᠤᠶᠤᠤ ᠳᠤ ᠠᠮᠢᠳᠣ ᠪᠣᠳᠠᠰ ᠤᠨ ᠱᠦᠯᠳᠣ᠂ | ᠴᠠᠷᠳᠠᠭᠤᠯ ᠤᠨ ᠣᠭᠤᠷᠠᠭ᠂ ᠰᠢᠪᠲᠦᠷᠳᠣ ᠬᠦᠴᠢᠯ᠂ ᠸᠢᠲ᠋ᠠᠮᠢᠨ᠂ ᠣᠨᠴᠠᠭᠠᠶᠢᠯᠠᠨ ᠪᠧᠨ᠋ᠽᠢᠨ ᠤ ᠪᠠᠯᠳᠣ ᠡᠳ᠋ ᠨᠢ | ᠪᠣᠰᠣᠳ ᠡᠮᠳᠣ ᠪᠣᠳᠠᠰ ᠠᠴᠠ ᠡᠯᠪᠡᠭ ᠠᠭᠤᠯᠤᠭᠳᠠᠵᠤ ᠪᠠᠶᠢᠭ᠎ᠠ ᠪᠣᠯᠬᠤᠷ ᠬᠦᠮᠦᠨ ᠤ ᠪᠡᠶ᠎ᠡ ᠶᠢ ᠲᠠᠮᠢᠷ ᠴᠢᠳᠠᠯ ᠲᠠᠢ᠂ | ᠴᠤᠭ ᠰᠦᠯᠳᠡ ᠲᠠᠢ ᠪᠣᠯᠭᠠᠵᠤ᠂ ᠦᠳᠡᠯᠬᠦ ᠶᠢ ᠣᠳᠠᠭᠠᠰᠢᠷᠠᠭᠤᠯᠬᠤ ᠣᠨᠴᠠ ᠦᠢᠯᠡᠳᠦᠯ ᠲᠠᠢ ᠭᠡᠵᠤ ᠳᠡᠮᠳᠡᠭᠯᠡᠭᠰᠡᠨ | ᠪᠠᠶᠢᠳᠠᠭ᠃ ᠴᠠᠭᠠᠨ ᠭᠤᠶᠤᠤ ᠶᠢ ᠨᠣᠳᠤᠭ ᠤᠨ ᠬᠦᠮᠦᠰ ᠬᠠᠷ᠎ᠠ ᠠᠷᠢᠬᠢᠨ ᠳᠤ ᠳᠡᠪᠳᠦᠭᠡᠵᠤ ᠣᠣᠭᠤᠬᠤ ᠳᠣᠷᠠᠲᠠᠢ᠂ | ᠴᠠᠭᠠᠨ ᠭᠤᠶᠤᠤ ᠳᠡᠪᠲᠦᠭᠡᠭᠰᠡᠨ ᠠᠷᠢᠬᠢ ᠨᠢ ᠣᠯᠠᠭᠠᠨ ᠬᠦᠷᠡᠩ ᠦᠡᠭᠭᠡᠳᠡᠢ᠂ ᠠᠮᠳᠠ ᠨᠢ ᠰᠢᠬᠢᠷᠯᠢᠭ ᠰᠠᠶᠢᠬᠠᠨ | ᠪᠣᠯᠳᠠᠭ᠃ ᠡᠨᠡ ᠨᠢ ᠬᠦᠮᠦᠨ ᠤ ᠬᠤᠳᠣᠭᠤᠳᠣᠨ ᠤ ᠰᠢᠩᠭᠡᠭᠡᠯᠳᠡ ᠶᠢ ᠰᠠᠶᠢᠵᠢᠷᠠᠭᠤᠯᠬᠤ᠂ ᠨᠦᠢᠷ ᠬᠤᠯᠵᠢᠬᠤ ᠪᠠ | ᠦᠶ᠎ᠡ ᠬᠡᠰᠢᠭᠦᠤ ᠶᠢᠨ ᠡᠪᠡᠳᠴᠢᠨ ᠢ ᠵᠠᠰᠠᠬᠤ ᠦᠢᠯᠡᠳᠦᠯ ᠲᠠᠢ᠃ ᠡᠬᠦᠨ ᠠᠴᠠ ᠭᠠᠳᠠᠨ᠎ᠠ ᠴᠠᠭᠠᠨ ᠭᠤᠶᠤᠤ ᠶᠢ | ᠬᠦᠮᠦᠰ ᠳᠡᠭᠡᠳᠣ ᠰᠢᠨ᠎ᠡ ᠮᠡᠷᠭᠡᠵᠢᠯ ᠳᠤ ᠲᠦᠰᠢᠭᠯᠡᠨ ᠬᠦᠮᠦᠨ ᠤ ᠪᠡᠶ᠎ᠡ ᠶᠢᠨ ᠡᠷᠡᠬᠦᠯᠵᠢᠯ ᠳᠤ ᠣᠮᠳᠠᠭᠠᠨ ᠪᠣᠯᠭᠠᠵᠤ | ᠪᠠᠶᠢᠨ᠎ᠠ᠃ ᠡᠮ ᠡᠮᠨᠡᠯᠬᠡ ᠶᠢᠨ ᠦᠢᠯᠡᠳᠦᠯ ᠪᠠ ᠪᠣᠰᠣᠳ ᠲᠠᠯ᠎ᠠ ᠶᠢᠨ ᠬᠡᠷᠡᠭᠴᠡᠭᠡ ᠠᠴᠠ ᠪᠣᠯᠵᠣ᠂ ᠲᠡᠣᠬᠡᠨ ᠠᠴᠠ | ᠠᠪᠤᠭᠠᠳ ᠵᠠᠬ᠎ᠠ ᠳᠡᠯᠬᠡᠬᠦᠷ ᠤᠨ ᠦᠨ᠎ᠡ ᠨᠢ ᠬᠡᠵᠢᠶᠡᠳᠡ ᠦᠨᠳᠦᠷ ᠪᠠᠶᠢᠳᠠᠭ᠃ ᠡᠶᠢᠮᠣ ᠠᠴᠠ ᠴᠠᠭᠠᠨ ᠭᠤᠶᠤᠤ ᠶᠢ ︽ | ᠡᠯᠡᠰᠦᠨ ᠤ ᠣᠷᠬᠤᠳᠠᠢ︾᠂ ︽ᠠᠯᠳᠠᠨ ᠰᠣᠶᠤᠭ᠎ᠠ︾᠂ ︽ᠭᠠᠵᠠᠷ ᠤᠨ ᠣᠬᠢ︾ ᠬᠡᠮᠡᠨ ᠵᠦᠢᠷᠯᠡᠨ ᠨᠡᠷᠡᠯᠡᠳᠡᠭ᠃ | ᠣᠶᠢᠷ᠎ᠠ ᠶᠢᠨ ᠵᠢᠯ ᠤᠳ ᠲᠤ ᠨᠣᠳᠤᠭ ᠣᠷᠣᠨ ᠤ ᠭᠠᠨᠭ᠌ ᠭᠠᠭᠰᠠᠷᠭᠠᠨ ᠪᠣᠯᠣᠨ ᠠᠮᠢ ᠠᠬᠤᠢ ᠶᠢᠨ ᠣᠷᠴᠢᠨ | ᠳᠣᠭᠤᠷᠢᠨ ᠤ ᠡᠪᠳᠡᠭᠳᠡᠯ ᠠᠴᠠ ᠪᠣᠯᠵᠣ᠂ ᠴᠠᠭᠠᠨ ᠭᠤᠶᠤᠤ ᠶᠢᠨ ᠭᠠᠷᠣᠯᠳᠠ ᠵᠢᠯ ᠠᠴᠠ ᠵᠢᠯ ᠮᠠᠭᠤᠳᠠᠵᠤ ᠬᠤᠪᠤᠷᠳᠠᠬᠤ | ᠬᠠᠨᠳᠣᠰᠢ ᠲᠠᠢ ᠪᠣᠯᠵᠡᠢ᠃ ᠡᠨᠡ ᠪᠠᠶᠢᠳᠠᠯ ᠳᠤ ᠴᠢᠭᠯᠡᠬᠦᠯᠵᠣ᠂ ᠬᠠᠮᠢᠶᠠᠳᠠᠢ ᠪᠠᠶᠢᠭᠤᠯᠭ᠎ᠠ ᠨᠢᠬᠡᠴᠡ ᠵᠠᠭ ᠤᠨ ᠣᠢ ᠶᠢ | ᠪᠢᠲᠡᠭᠦᠮᠵᠢᠯᠡᠨ ᠬᠠᠮᠠᠭᠠᠯᠠᠭᠰᠠᠨ ᠤ ᠰᠠᠭᠤᠷᠢᠨ ᠳᠡᠭᠡᠷ᠎ᠡ ᠰᠢᠨᠵᠢᠯᠡᠬᠦ ᠣᠬᠠᠭᠠᠨᠴᠢ ᠪᠣᠰᠣ᠂ ᠵᠦᠢ ᠵᠤᠬᠢᠰ ᠦᠬᠡᠢ | ᠮᠠᠯᠳᠠᠵᠤ ᠠᠰᠢᠭᠯᠠᠬᠤ ᠶᠢ ᠬᠤᠷᠢᠭᠯᠠᠨ᠂ ᠬᠦᠮᠦᠨ ᠤ ᠬᠦᠴᠤ ᠪᠠᠷ ᠴᠠᠭᠠᠨ ᠭᠤᠶᠤᠤ ᠳᠠᠷᠢᠬᠤ ᠡᠬᠦᠳᠦᠯᠳᠡ ᠶᠢ | ᠰᠣᠳᠣᠯᠣᠨ ᠭᠠᠷᠭᠠᠵᠤ᠂ ᠪᠠᠶᠢᠭᠠᠯᠢ ᠶᠢᠨ ᠣᠷᠴᠢᠨ ᠳᠣᠭᠤᠷᠢᠨ ᠤ ᠲᠡᠩᠴᠡᠭᠦᠷᠢ ᠶᠢ ᠵᠤᠬᠢᠴᠠᠭᠤᠯᠵᠤ᠂ ᠦᠢᠯᠡᠳᠦᠯ | ᠬᠡᠷᠡᠭᠴᠡᠭᠡ ᠶᠢ ᠨᠢ ᠣᠯᠠᠮ ᠪᠠᠳᠠᠷᠠᠭᠤᠯᠬᠤ ᠪᠠᠷ ᠵᠣᠷᠢᠵᠣ ᠪᠠᠶᠢᠨ᠎ᠠ᠃ ︵ᠦᠪᠦᠷ ᠮᠤᠩᠭᠤᠯ ᠤᠨ ᠤᠢ ᠰᠢᠭᠤᠢ ᠪᠠ | ᠨᠤᠲᠤᠭ ᠪᠡᠯᠴᠢᠭᠡᠷ ᠤᠨ ᠲᠤᠪᠴᠢᠶ᠎ᠠ ︶ | |