ᠡᠯᠡᠰᠦᠨ ᠤ ᠣᠷᠬᠤᠳᠠᠢ — ᠴᠠᠭᠠᠨ ᠭᠤᠶᠣᠣ
ᠨᠡᠶᠢᠲᠡᠯᠡᠭᠰᠡᠨ ᠴᠠᠭ᠄
2020/6/18
ᠡᠯᠡᠰᠦᠨ ᠤ ᠣᠷᠬᠤᠳᠠᠢ — ᠴᠠᠭᠠᠨ ᠭᠤᠶᠣᠣ        ᠴᠠᠭᠠᠨ ᠭᠤᠶᠤᠤ ᠨᠢ ᠡᠯᠡᠰᠦᠨ ᠳᠤ ᠣᠷᠭᠤᠳᠠᠭ ᠵᠠᠭ ᠤᠨ ᠦᠨᠳᠦᠰᠣ ᠠᠴᠠ ᠰᠢᠮ᠎ᠡ ᠠᠪᠴᠣ ᠪᠤᠶᠢᠵᠢᠳᠠᠭ ᠣᠯᠠᠨ ᠨᠠᠰᠣᠳᠣ ᠣᠷᠭᠤᠮᠠᠯ ᠤᠨ ᠲᠦᠷᠦᠯ ᠶᠣᠮ᠃ ᠪᠠᠳᠠᠢ ᠶᠢᠨ ᠵᠢᠷᠠᠨ ᠤ ᠴᠠᠭᠠᠨ ᠭᠤᠶᠤᠤ ᠨᠢ ᠡᠯᠡᠰᠦᠨ ᠤ ᠬᠦᠪᠡᠭᠡ ᠳᠠᠭᠠᠤ ᠣᠷᠣᠨ ᠢᠶᠠᠷ ᠣᠷᠭᠤᠳᠠᠭ᠃ ᠡᠬᠦᠨ ᠳᠤ ᠠᠯᠠᠱᠠ ᠪᠠᠷᠠᠭᠤᠨ ᠬᠤᠰᠢᠭᠤᠨ ᠤ ᠲᠠᠩᠰᠤᠭ᠂ ᠰᠢᠭᠤᠢ᠂ ᠨᠦᠤᠷᠭᠡᠢ᠂ ᠡᠵᠡᠨ᠎ᠡ ᠬᠤᠰᠢᠭᠤᠨ ᠤ ᠭᠤᠷᠤᠨᠠᠢ᠂ ᠦᠡᠭᠳᠣᠭᠤᠯ᠂ ᠭᠤᠶᠢᠽᠠ ᠪᠣᠯᠣᠨ ᠠᠯᠠᠱᠠ ᠵᠡᠬᠦᠨ ᠬᠤᠰᠢᠭᠤᠨ ᠤ ᠦᠯᠵᠡᠢ ᠵᠡᠷᠭᠡ ᠭᠠᠵᠠᠷ ᠲᠤ ᠭᠤᠤᠯᠳᠠᠭᠤ ᠣᠷᠭᠤᠳᠠᠭ᠃ ᠵᠢᠯ ᠤᠨ ᠭᠠᠷᠣᠯᠳᠠ ᠶᠢᠨ ᠬᠡᠮᠵᠢᠶ᠎ᠠ ᠨᠢ 1970 ᠣᠨ ᠤ ᠳᠣᠮᠳᠠ ᠦᠶ᠎ᠡ ᠪᠠᠷ 3000 ᠭᠠᠷᠣᠢ ᠲᠤᠨ ᠳᠤ ᠬᠦᠷᠴᠣ ᠪᠠᠶᠢᠭᠰᠠᠨ ᠭᠡᠳᠡᠭ᠃ ᠠᠳᠡᠬᠢ ᠶᠢᠨ ᠴᠠᠭᠠᠨ ᠭᠤᠶᠤᠤ ᠨᠢ ᠮᠢᠬᠠᠯᠢᠭ ᠮᠦᠷᠳᠡᠭᠡᠨ ᠰᠢᠮ᠎ᠡ ᠲᠡᠵᠢᠬᠡᠯ ᠤᠨ ᠡᠯ᠎ᠡ ᠡᠯᠧᠮᠧᠨ᠋ᠲ ᠤᠨ ᠠᠭᠤᠯᠤᠭᠳᠠᠴᠠ ᠰᠠᠶᠢᠨ ᠪᠠᠶᠢᠳᠠᠭ ᠪᠣᠯᠬᠤᠷ ᠪᠣᠰᠣᠳ ᠭᠠᠵᠠᠷ ᠣᠷᠣᠨ ᠤ ᠮᠣᠳᠣᠯᠢᠭ ᠪᠣᠶᠣ ᠡᠪᠡᠰᠦᠯᠢᠭ ᠴᠠᠭᠠᠨ ᠭᠤᠶᠣᠣ ᠠᠴᠠ ᠢᠯᠡᠬᠦᠤ ᠰᠠᠶᠢᠨ᠃ ᠬᠦᠷᠡᠩ ᠦᠡᠭᠭᠡᠳᠡᠢ᠂ ᠪᠡᠶ᠎ᠡ ᠨᠢ ᠪᠦᠭᠡᠷᠡᠩᠬᠡᠢ ᠪᠣᠶᠣ ᠬᠠᠪᠳᠠᠭᠠᠢ᠂ ᠣᠯᠠᠩᠬᠢ ᠨᠢ ᠭᠠᠵᠠᠷ ᠤᠨ ᠬᠦᠷᠦᠰᠦᠨ ᠳᠣᠣᠷ᠎ᠠ 50 ᠰᠡᠨᠲ᠋ᠢᠮᠧᠳ᠋ᠷ ᠠᠴᠠ 1   ᠮᠧᠲ᠋ᠠᠷ ᠬᠦᠷᠬᠦ ᠦᠬᠡᠢ ᠭᠠᠵᠠᠷ ᠲᠤ ᠣᠷᠭᠤᠵᠣ᠂  ᠳ᠋ᠢᠶᠠᠮᠧᠲᠷ ᠨᠢ ᠪᠠᠷᠤᠭ 4 — 6 ᠰᠡᠨᠲ᠋ᠢᠮᠧᠳ᠋ᠷ ᠪᠠᠶᠢᠵᠣ᠂ ᠣᠨᠴᠠᠭᠠᠢ ᠵᠠᠷᠢᠮ ᠨᠢ 1 — 6 ᠰᠡᠨᠲ᠋ᠢᠮᠧᠳ᠋ᠷ ᠲᠤ ᠭᠦᠷᠴᠣ᠂ ᠨᠣᠳᠤᠭ ᠤᠨ ᠬᠦᠮᠦᠰ ︽ᠴᠢᠷᠭ᠎ᠠ︾ ᠭᠡᠵᠤ ᠬᠡᠯᠡᠳᠡᠭ᠃ ᠶᠡᠷᠣ ᠶᠢᠨ ᠣᠬᠤᠷᠬᠠᠨ ᠴᠠᠭᠠᠨ ᠭᠤᠶᠤᠤ ᠨᠢ 1 — 2 ᠵᠢᠯ ᠤᠨ ᠬᠤᠭᠤᠷᠣᠨᠳᠣ ᠭᠠᠵᠠᠷ ᠤᠨ ᠬᠦᠷᠦᠰᠦᠨ ᠳᠡᠭᠡᠷ᠎ᠡ ᠳᠣᠯᠣᠭᠠᠶᠢᠯᠠᠨ ᠭᠠᠷᠴᠣ᠂ 1 — 3 ᠮᠧᠳ᠋ᠷ ᠣᠷᠴᠢᠮ ᠤᠨ ᠣᠷᠳᠣ ᠴᠠᠭᠠᠨ ᠭᠤᠶᠤᠤ ᠨᠢ 5 — 20 ᠵᠢᠯ ᠤᠨ ᠬᠤᠭᠤᠷᠣᠳᠣ ᠰᠠᠶ᠋ᠢ ᠳᠣᠯᠣᠭᠠᠢ ᠨᠢ ᠭᠠᠵᠠᠷ ᠤᠨ ᠬᠦᠷᠦᠰᠦᠨ ᠳᠡᠭᠡᠷ᠎ᠡ ᠭᠠᠷᠴᠣ ᠢᠷᠡᠳᠡᠭ᠃ ᠨᠢᠬᠡ ᠨᠦᠬᠡᠨ ᠳᠤ ᠬᠤᠶᠠᠷ ᠠᠴᠠ ᠳᠦᠷᠪᠡᠨ ᠳᠣᠯᠣᠭᠠᠢ ᠴᠣᠬᠤᠶᠢᠵᠣ᠂ ᠣᠨᠴᠠᠭᠠᠢ ᠵᠠᠷᠢᠮ ᠨᠢ ᠣᠯᠠᠨ ᠣᠷᠭᠤᠵᠣ᠂ 15 ᠵᠢᠩ ᠠᠴᠠ 100 ᠭᠠᠷᠣᠢ ᠵᠢᠩ ᠭᠠᠷᠳᠠᠭ᠃ ᠴᠠᠭᠠᠨ ᠭᠤᠶᠤᠤ ᠬᠠᠪᠣᠷ ᠳᠣᠯᠣᠭᠠᠶᠢᠯᠠᠵᠤ ᠵᠣᠨ ᠪᠣᠯᠪᠠᠯ ᠴᠡᠩᠭᠡᠷ ᠰᠢᠷ᠎ᠠ ᠴᠡᠴᠡᠭ ᠳᠡᠯᠭᠡᠷᠡᠵᠤ᠂ ᠦᠵᠦᠬᠦᠷ ᠨᠢ ᠲᠤᠬᠤᠢ ᠬᠢᠷᠢᠲᠡᠢ ᠣᠷᠳᠣ ᠣᠷᠭᠤᠳᠠᠭ᠃ ᠴᠡᠴᠡᠭ ᠤᠨ ᠳᠣᠳᠣᠷ᠎ᠠ ᠨᠢ ᠮᠠᠰᠢ ᠣᠯᠠᠨ ᠵᠢᠵᠢᠭ ᠬᠠᠷ᠎ᠠ ᠦᠷ᠎ᠡ ᠰᠠᠭᠤᠳᠠᠭ᠃ ᠡᠨᠡ ᠦᠷ᠎ᠡ ᠨᠢ ᠮᠠᠰᠢ ᠣᠷᠳᠣ ᠬᠤᠭᠤᠴᠠᠭ᠎ᠠ ᠶᠢ ᠦᠡᠭᠭᠡᠷᠡᠭᠦᠯᠵᠣ᠂ ᠬᠦᠷᠦᠰᠦᠨ ᠤ ᠬᠦᠨ ᠳᠤ ᠪᠠᠶᠢᠭ᠎ᠠ ᠵᠠᠭ ᠤᠨ ᠦᠨᠳᠦᠰᠤ ᠲᠠᠢ ᠨᠡᠶᠢᠯᠡᠵᠤ ᠰᠠᠶ᠋ᠢ ᠴᠠᠭᠠᠨ ᠭᠤᠶᠤᠤ ᠪᠣᠯᠵᠣ ᠣᠷᠭᠤᠳᠠᠭ ᠃ ᠴᠠᠭᠠᠨ ᠭᠤᠶᠤᠤ ᠨᠢ ᠭᠠᠨᠭ᠌ ᠬᠠᠭᠤᠷᠠᠢ ᠡᠯᠡᠰᠦᠷᠬᠡᠭ ᠭᠠᠵᠠᠷ ᠣᠷᠣᠨ ᠳᠤ ᠲᠡᠭ ᠠᠴᠠ ᠳᠡᠭᠡᠭᠰᠢ ᠲᠠᠪᠢᠨ ᠽᠧᠯᠰ ᠭᠷᠠᠳᠦ᠋ᠰ ᠤᠨ ᠬᠠᠯᠠᠭᠤᠨ ᠪᠣᠯᠣᠨ ᠲᠡᠭ ᠠᠴᠠ ᠳᠣᠷᠣᠭᠰᠢ 20 ᠽᠧᠯᠰ ᠭᠷᠠᠳᠦ᠋ᠰ ᠤᠨ ᠬᠦᠢᠳᠡᠨ ᠳᠤ ᠲᠡᠰᠪᠤᠷᠢᠲᠠᠢ ᠣᠷᠭᠤᠳᠠᠭ ᠨᠢ ᠲᠡᠭᠦᠨ ᠤ ᠪᠦᠯᠢᠶᠠᠨ ᠴᠢᠨᠠᠷ ᠠᠴᠠ ᠪᠣᠯᠣᠭᠰᠠᠨ ᠪᠠᠰᠠ ᠨᠢᠬᠡᠨ ᠭᠠᠶᠢᠬᠠᠮᠰᠢᠭᠳᠣ ᠣᠨᠴᠠᠯᠢᠭ ᠪᠣᠯᠬᠤ ᠶᠣᠮ᠃ ᠬᠦᠮᠦᠨ ᠡᠮ ᠡᠮᠨᠡᠯᠬᠡ ᠳᠤ ᠴᠠᠭᠠᠨ ᠭᠤᠶᠤᠤ ᠶᠢ ᠬᠡᠷᠡᠭᠯᠡᠭᠡᠳ ᠨᠢᠬᠡᠨᠳᠡ ᠦᠨᠢ ᠣᠳᠠᠭᠠᠨ ᠲᠡᠣᠬᠡ ᠲᠠᠢ ᠪᠣᠯᠵᠡᠢ᠃ ᠮᠢᠩ ᠣᠯᠣᠰ ᠤᠨ ᠦᠶ᠎ᠡ ᠶᠢᠨ ᠡᠮ ᠡᠮᠨᠡᠯᠬᠡ ᠶᠢᠨ ᠣᠬᠠᠭᠠᠨᠳᠠᠨ ᠯᠢ ᠱᠢ ᠵᠧᠨ ᠤ ︽ᠡᠪᠡᠰᠦᠨ ᠡᠮ ᠤᠨ ᠲᠤᠪᠴᠢ︾ ᠬᠡᠳᠡᠭ ᠨᠣᠮ ᠳᠤ ᠲᠡᠣᠬᠡᠨ ᠳᠠᠬᠢ ᠡᠮ ᠡᠮᠨᠡᠯᠬᠡ ᠶᠢᠨ ᠠᠯᠳᠠᠷᠳᠣ ᠬᠦᠮᠦᠰ ᠤᠨ ᠴᠠᠭᠠᠨ ᠭᠤᠶᠤᠤ ᠶᠢᠨ ᠡᠮ ᠡᠮᠨᠡᠯᠬᠡ ᠶᠢᠨ ᠲᠤᠬᠠᠢ ᠦᠬᠦᠯᠡᠯ ᠢ ᠨᠠᠷᠢᠨ ᠨᠢᠭᠳᠠ ᠲᠡᠮᠳᠡᠭᠯᠡᠨ᠂ ᠲᠡᠭᠦᠨ ᠤ ᠡᠮᠳᠣ ᠬᠦᠴᠦᠨ ᠴᠢᠳᠠᠯ᠂ ᠰᠢᠨᠵᠢ ᠴᠢᠨᠠᠷ ᠢ ᠳᠣᠳᠣᠷᠬᠠᠶᠢᠯᠠᠭᠰᠠᠨ ᠪᠠᠶᠢᠨ᠎ᠠ᠃ ᠴᠠᠭᠠᠨ ᠭᠤᠶᠤᠤ ᠶᠢᠨ ᠦᠢᠡᠯᠳᠦᠯ ᠨᠢ ᠲᠠᠪᠤᠨ ᠴᠣᠯᠣ᠂ ᠵᠢᠷᠭᠤᠭᠠᠨ ᠰᠠᠪᠠ ᠪᠠ ᠬᠡᠪᠡᠯᠢ ᠶᠢᠨ ᠰᠡᠷᠢᠭᠦᠨ ᠡᠪᠡᠳᠴᠢᠨ ᠢ ᠵᠠᠰᠠᠬᠤ᠂ ᠪᠡᠶ᠎ᠡ ᠲᠠᠮᠢᠷᠵᠢᠭᠤᠯᠬᠤ᠂ ᠦᠶ᠎ᠡ ᠬᠡᠰᠢᠭᠦᠤ ᠶᠢᠨ ᠡᠪᠡᠳᠴᠢᠨ᠂ ᠡᠮᠡᠭᠳᠡᠢ ᠶᠢᠨ ᠴᠢᠰᠦᠨ ᠤ ᠰᠣᠳᠠᠯ ᠤᠨ ᠡᠪᠡᠳᠴᠢᠨ ᠵᠡᠷᠭᠡ ᠳᠤ ᠮᠠᠰᠢ ᠶᠡᠭᠡ ᠲᠤᠰᠠᠲᠠᠢ᠃ ᠣᠳᠣ ᠦᠶ᠎ᠡ ᠶᠢᠨ ᠡᠮ ᠡᠮᠨᠡᠯᠭᠡ ᠶᠢᠨ ᠰᠣᠳᠣᠯᠭᠠᠨ ᠤ ᠦᠷ᠎ᠡ ᠳ᠋ᠦᠡᠭ ᠠᠴᠠ ᠦᠵᠡᠪᠡᠯ ᠴᠠᠭᠠᠨ ᠭᠤᠶᠤᠤ ᠳᠤ ᠠᠮᠢᠳᠣ ᠪᠣᠳᠠᠰ ᠤᠨ ᠱᠦᠯᠳᠣ᠂ ᠴᠠᠷᠳᠠᠭᠤᠯ ᠤᠨ ᠣᠭᠤᠷᠠᠭ᠂ ᠰᠢᠪᠲᠦᠷᠳᠣ ᠬᠦᠴᠢᠯ᠂ ᠸᠢᠲ᠋ᠠᠮᠢᠨ᠂ ᠣᠨᠴᠠᠭᠠᠶᠢᠯᠠᠨ ᠪᠧᠨ᠋ᠽᠢᠨ ᠤ ᠪᠠᠯᠳᠣ ᠡᠳ᠋ ᠨᠢ ᠪᠣᠰᠣᠳ ᠡᠮᠳᠣ ᠪᠣᠳᠠᠰ ᠠᠴᠠ ᠡᠯᠪᠡᠭ ᠠᠭᠤᠯᠤᠭᠳᠠᠵᠤ ᠪᠠᠶᠢᠭ᠎ᠠ ᠪᠣᠯᠬᠤᠷ ᠬᠦᠮᠦᠨ ᠤ ᠪᠡᠶ᠎ᠡ ᠶᠢ ᠲᠠᠮᠢᠷ ᠴᠢᠳᠠᠯ ᠲᠠᠢ᠂ ᠴᠤᠭ ᠰᠦᠯᠳᠡ ᠲᠠᠢ ᠪᠣᠯᠭᠠᠵᠤ᠂ ᠦᠳᠡᠯᠬᠦ ᠶᠢ ᠣᠳᠠᠭᠠᠰᠢᠷᠠᠭᠤᠯᠬᠤ ᠣᠨᠴᠠ ᠦᠢᠯᠡᠳᠦᠯ ᠲᠠᠢ ᠭᠡᠵᠤ ᠳᠡᠮᠳᠡᠭᠯᠡᠭᠰᠡᠨ ᠪᠠᠶᠢᠳᠠᠭ᠃ ᠴᠠᠭᠠᠨ ᠭᠤᠶᠤᠤ ᠶᠢ ᠨᠣᠳᠤᠭ ᠤᠨ ᠬᠦᠮᠦᠰ ᠬᠠᠷ᠎ᠠ ᠠᠷᠢᠬᠢᠨ ᠳᠤ ᠳᠡᠪᠳᠦᠭᠡᠵᠤ ᠣᠣᠭᠤᠬᠤ ᠳᠣᠷᠠᠲᠠᠢ᠂ ᠴᠠᠭᠠᠨ ᠭᠤᠶᠤᠤ ᠳᠡᠪᠲᠦᠭᠡᠭᠰᠡᠨ ᠠᠷᠢᠬᠢ ᠨᠢ ᠣᠯᠠᠭᠠᠨ ᠬᠦᠷᠡᠩ ᠦᠡᠭᠭᠡᠳᠡᠢ᠂ ᠠᠮᠳᠠ ᠨᠢ ᠰᠢᠬᠢᠷᠯᠢᠭ ᠰᠠᠶᠢᠬᠠᠨ ᠪᠣᠯᠳᠠᠭ᠃ ᠡᠨᠡ ᠨᠢ ᠬᠦᠮᠦᠨ ᠤ ᠬᠤᠳᠣᠭᠤᠳᠣᠨ ᠤ ᠰᠢᠩᠭᠡᠭᠡᠯᠳᠡ ᠶᠢ ᠰᠠᠶᠢᠵᠢᠷᠠᠭᠤᠯᠬᠤ᠂ ᠨᠦᠢᠷ ᠬᠤᠯᠵᠢᠬᠤ ᠪᠠ ᠦᠶ᠎ᠡ ᠬᠡᠰᠢᠭᠦᠤ ᠶᠢᠨ ᠡᠪᠡᠳᠴᠢᠨ ᠢ ᠵᠠᠰᠠᠬᠤ ᠦᠢᠯᠡᠳᠦᠯ ᠲᠠᠢ᠃ ᠡᠬᠦᠨ ᠠᠴᠠ ᠭᠠᠳᠠᠨ᠎ᠠ ᠴᠠᠭᠠᠨ ᠭᠤᠶᠤᠤ ᠶᠢ ᠬᠦᠮᠦᠰ ᠳᠡᠭᠡᠳᠣ ᠰᠢᠨ᠎ᠡ ᠮᠡᠷᠭᠡᠵᠢᠯ ᠳᠤ ᠲᠦᠰᠢᠭᠯᠡᠨ ᠬᠦᠮᠦᠨ ᠤ ᠪᠡᠶ᠎ᠡ ᠶᠢᠨ ᠡᠷᠡᠬᠦᠯᠵᠢᠯ ᠳᠤ ᠣᠮᠳᠠᠭᠠᠨ ᠪᠣᠯᠭᠠᠵᠤ ᠪᠠᠶᠢᠨ᠎ᠠ᠃ ᠡᠮ ᠡᠮᠨᠡᠯᠬᠡ ᠶᠢᠨ ᠦᠢᠯᠡᠳᠦᠯ ᠪᠠ ᠪᠣᠰᠣᠳ ᠲᠠᠯ᠎ᠠ ᠶᠢᠨ ᠬᠡᠷᠡᠭᠴᠡᠭᠡ ᠠᠴᠠ ᠪᠣᠯᠵᠣ᠂ ᠲᠡᠣᠬᠡᠨ ᠠᠴᠠ ᠠᠪᠤᠭᠠᠳ ᠵᠠᠬ᠎ᠠ ᠳᠡᠯᠬᠡᠬᠦᠷ ᠤᠨ ᠦᠨ᠎ᠡ ᠨᠢ ᠬᠡᠵᠢᠶᠡᠳᠡ ᠦᠨᠳᠦᠷ ᠪᠠᠶᠢᠳᠠᠭ᠃ ᠡᠶᠢᠮᠣ ᠠᠴᠠ ᠴᠠᠭᠠᠨ ᠭᠤᠶᠤᠤ ᠶᠢ ︽ᠡᠯᠡᠰᠦᠨ ᠤ ᠣᠷᠬᠤᠳᠠᠢ︾᠂ ︽ᠠᠯᠳᠠᠨ ᠰᠣᠶᠤᠭ᠎ᠠ︾᠂ ︽ᠭᠠᠵᠠᠷ ᠤᠨ ᠣᠬᠢ︾ ᠬᠡᠮᠡᠨ ᠵᠦᠢᠷᠯᠡᠨ ᠨᠡᠷᠡᠯᠡᠳᠡᠭ᠃ ᠣᠶᠢᠷ᠎ᠠ ᠶᠢᠨ ᠵᠢᠯ ᠤᠳ ᠲᠤ ᠨᠣᠳᠤᠭ ᠣᠷᠣᠨ ᠤ ᠭᠠᠨᠭ᠌ ᠭᠠᠭᠰᠠᠷᠭᠠᠨ ᠪᠣᠯᠣᠨ ᠠᠮᠢ ᠠᠬᠤᠢ ᠶᠢᠨ ᠣᠷᠴᠢᠨ ᠳᠣᠭᠤᠷᠢᠨ ᠤ ᠡᠪᠳᠡᠭᠳᠡᠯ ᠠᠴᠠ ᠪᠣᠯᠵᠣ᠂ ᠴᠠᠭᠠᠨ ᠭᠤᠶᠤᠤ ᠶᠢᠨ ᠭᠠᠷᠣᠯᠳᠠ ᠵᠢᠯ ᠠᠴᠠ ᠵᠢᠯ ᠮᠠᠭᠤᠳᠠᠵᠤ ᠬᠤᠪᠤᠷᠳᠠᠬᠤ ᠬᠠᠨᠳᠣᠰᠢ ᠲᠠᠢ ᠪᠣᠯᠵᠡᠢ᠃ ᠡᠨᠡ ᠪᠠᠶᠢᠳᠠᠯ ᠳᠤ ᠴᠢᠭᠯᠡᠬᠦᠯᠵᠣ᠂ ᠬᠠᠮᠢᠶᠠᠳᠠᠢ ᠪᠠᠶᠢᠭᠤᠯᠭ᠎ᠠ ᠨᠢᠬᠡᠴᠡ ᠵᠠᠭ ᠤᠨ ᠣᠢ ᠶᠢ ᠪᠢᠲᠡᠭᠦᠮᠵᠢᠯᠡᠨ ᠬᠠᠮᠠᠭᠠᠯᠠᠭᠰᠠᠨ ᠤ ᠰᠠᠭᠤᠷᠢᠨ ᠳᠡᠭᠡᠷ᠎ᠡ ᠰᠢᠨᠵᠢᠯᠡᠬᠦ ᠣᠬᠠᠭᠠᠨᠴᠢ ᠪᠣᠰᠣ᠂ ᠵᠦᠢ ᠵᠤᠬᠢᠰ ᠦᠬᠡᠢ ᠮᠠᠯᠳᠠᠵᠤ ᠠᠰᠢᠭᠯᠠᠬᠤ ᠶᠢ ᠬᠤᠷᠢᠭᠯᠠᠨ᠂ ᠬᠦᠮᠦᠨ ᠤ ᠬᠦᠴᠤ ᠪᠠᠷ ᠴᠠᠭᠠᠨ ᠭᠤᠶᠤᠤ ᠳᠠᠷᠢᠬᠤ ᠡᠬᠦᠳᠦᠯᠳᠡ ᠶᠢ ᠰᠣᠳᠣᠯᠣᠨ ᠭᠠᠷᠭᠠᠵᠤ᠂ ᠪᠠᠶᠢᠭᠠᠯᠢ ᠶᠢᠨ ᠣᠷᠴᠢᠨ ᠳᠣᠭᠤᠷᠢᠨ ᠤ ᠲᠡᠩᠴᠡᠭᠦᠷᠢ ᠶᠢ ᠵᠤᠬᠢᠴᠠᠭᠤᠯᠵᠤ᠂ ᠦᠢᠯᠡᠳᠦᠯ ᠬᠡᠷᠡᠭᠴᠡᠭᠡ ᠶᠢ ᠨᠢ ᠣᠯᠠᠮ ᠪᠠᠳᠠᠷᠠᠭᠤᠯᠬᠤ ᠪᠠᠷ ᠵᠣᠷᠢᠵᠣ ᠪᠠᠶᠢᠨ᠎ᠠ᠃ ︵ᠦᠪᠦᠷ ᠮᠤᠩᠭᠤᠯ ᠤᠨ ᠤᠢ ᠰᠢᠭᠤᠢ ᠪᠠ  ᠨᠤᠲᠤᠭ ᠪᠡᠯᠴᠢᠭᠡᠷ  ᠤᠨ ᠲᠤᠪᠴᠢᠶ᠎ᠠ  ︶    
 
ᠢᠷᠡᠯᠲᠡ᠄ ᠦᠪᠦᠷ ᠮᠤᠩᠭᠤᠯ ᠤᠨ ᠤᠢ ᠰᠢᠭᠤᠢ ᠪᠠ ᠨᠤᠲᠤᠭ ᠪᠡᠯᠴᠢᠭᠡᠷ  ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号