ᠯᠢ  ᠾᠦᠩ  ᠵᠠᠩ ᠤᠨ  ᠠᠶᠢᠯᠠᠳᠬᠠᠯ  ᠪᠤᠭᠤᠮᠳᠠ ᠶᠢᠨ ᠭᠠᠳᠠᠨ᠎ᠠ  ᠭᠡᠷᠡᠭ ᠡᠳᠦᠭᠰᠨᠨ ᠱᠠᠰᠢᠨ ᠤ ᠲᠦᠷᠦᠭᠦᠦ  ᠶᠠᠩ ᠶᠤᠸᠠᠢ  ᠴᠦᠨ  ᠵᠡᠷᠭᠡ  ᠬᠦᠮᠦᠰ ᠢ  ᠰᠢᠭᠦᠨ ᠲᠤᠳᠤᠯᠠᠵᠤ ᠶᠠᠯᠠᠯᠠᠨ ᠰᠢᠳᠭᠡᠬᠦ  ᠲᠤᠬᠠᠢ  ᠪᠤᠳ᠋᠊
ᠨᠡᠶᠢᠲᠡᠯᠡᠭᠰᠡᠨ ᠴᠠᠭ᠄
2020-06-15
ᠯᠢ  ᠾᠦᠩ  ᠵᠠᠩ ᠤᠨ  ᠠᠶᠢᠯᠠᠳᠬᠠᠯ   ᠪᠤᠭᠤᠮᠳᠠ ᠶᠢᠨ ᠭᠠᠳᠠᠨ᠎ᠠ  ᠭᠡᠷᠡᠭ ᠡᠳᠦᠭᠰᠨᠨ ᠱᠠᠰᠢᠨ ᠤ ᠲᠦᠷᠦᠭᠦᠦ  ᠶᠠᠩ ᠶᠤᠸᠠᠢ  ᠴᠦᠨ  ᠵᠡᠷᠭᠡ  ᠬᠦᠮᠦᠰ ᠢ  ᠰᠢᠭᠦᠨ ᠲᠤᠳᠤᠯᠠᠵᠤ ᠶᠠᠯᠠᠯᠠᠨ ᠰᠢᠳᠭᠡᠬᠦ  ᠲᠤᠬᠠᠢ  ᠪᠤᠳᠤᠷᠠᠯ        ᠪᠠᠳᠠᠷᠠᠭᠤᠤᠯᠳᠤ  ᠲᠦᠷᠦ ᠶᠢᠨ ᠠᠷᠪᠠᠨ ᠨᠠᠢᠮᠠᠨ ᠤᠨ ᠤ ᠴᠠᠭᠠᠨ ᠰᠠᠷᠠᠶᠢᠨ ᠬᠤᠷᠢᠨ ᠨᠢᠭᠡᠨ         ᠪᠤᠭᠤᠮᠳᠠ ᠢ  ᠭᠠᠳᠠᠨ᠎ᠠ ᠭᠡᠷᠡᠭ ᠡᠳᠦᠭᠰᠡᠨ ᠭᠠᠵᠢᠭᠤ ᠨᠤᠮᠳᠠᠨ  ᠎ ᠤ ᠲᠦᠷᠦᠭᠦᠦ  ᠎ ᠶᠢ ᠬᠠᠦᠯᠢ ᠪᠠᠷ  ᠶᠠᠯᠠᠯᠠᠨ  ᠰᠡᠢᠳᠪᠤᠷᠢᠯᠡᠬᠦ  ᠠᠶᠢᠯᠠᠳᠬᠠᠯ  ᠃  ᠪᠠᠶᠢᠴᠠᠭᠠᠭᠴᠢ ᠲᠦᠰᠢᠮᠡᠯ  ᠂  ᠳ᠋ᠠ ᠰᠢᠦᠸᠠᠢ ᠱᠢ᠂ ᡁᠢ ᠯᠢ ᠶᠢᠨ ᠪᠦᠬᠦᠳᠡ ᠶᠢ ᠵᠠᠬᠢᠷᠦᠭ᠌ᠴᠢ  ᠂ ᠨᠢᠭᠡᠳᠦᠭᠡᠷ ᠵᠡᠷᠭᠡ ᠶᠢᠨ   ᠪᠠᠶᠢᠯᠠ ᠯᠢ ᠾᠦᠩ ᠵᠠᠩ   ᠪᠤᠭᠳᠠ ᠡᠵᠡᠨ ᠳᠤ  ᠨᠠᠮᠠᠨᠴᠢᠯᠠᠨ  ᠮᠦᠷᠭᠦᠨ  ᠬᠢᠴᠢᠶᠠᠩᠭᠦᠶᠢᠯᠡᠪᠡ᠃   ᠪᠤᠭᠳᠠ ᠡᠵᠨᠨ ᠭᠡᠭᠡᠨ ᠳᠡᠭᠡᠨ ᠲᠤᠯᠢᠳᠠᠮᠦ  ᠃        ᠲᠤᠤᠷᠠᠳᠤ  ᠎ ᠶᠢᠨ  ᠪᠠᠶᠢᠴᠠᠭᠠᠭᠰᠠᠨ  ᠎ ᠢᠶᠠᠷ   ᠪᠤᠭᠤᠮᠳᠠ ᠶᠢᠨ  ᠭᠠᠳᠠᠨᠠᠬᠢ ᠱᠠᠰᠢᠨ ᠤ ᠲᠡᠭᠡᠷᠡᠮ  ᠲᠡᠭᠡᠷ᠎ᠡ ᠵᠢᠯ ᠤᠨ  ᠠᠷᠪᠠᠨ ᠰᠠᠷ᠎ᠠ ᠳᠤ  ᠠᠤᠬᠠᠨ ᠤ ᠪᠠᠶᠢᠰᠠ ᠶᠢᠨ  ᠬᠤᠷᠢᠶ᠎ᠠ ᠶᠢ ᠲᠠᠭᠠᠷᠢᠨ ᠡᠪᠳᠡᠯᠡᠵᠤ᠂  ᠢᠵᠠᠭᠤᠷ ᠤᠩᠭᠤᠨ  ᠎ ᠢ  ᠎ ᠨᠢ ᠠᠭᠤᠳᠠᠯᠠᠵᠤ  ᠂  ᠪᠠᠰᠠ ᠴᠤᠤᠶᠠᠩ   ᠰᠢᠶᠠᠨ ᠤ ᠵᠡᠭᠡᠯᠢ  ᠎ ᠶᠢ ᠲᠠᠭᠠᠷᠢᠨ  ᠲᠦᠷᠢᠮᠭᠡᠶᠢᠯᠡᠵᠤ  ᠶᠠᠮᠤᠨ  ᠎ ᠢ  ᠎ ᠨᠢ  ᠭᠠᠯᠳᠠᠨ ᠬᠢᠨᠳᠡᠨ ᠢ ᠨᠢ  ᠪᠤᠯᠢᠶᠠᠭᠰᠠᠨ  ᠎ ᠢᠶᠠᠨ  ᠠᠭᠠᠵᠢᠮ ᠢᠶᠠᠷ  ᠵᠢᠶᠠᠨ ᠴᠠᠩ᠂  ᠫᠢᠩ ᠴᠢᠦᠸᠠᠨ᠂  ᡂᠢ ᠹᠧᠩ  ᠵᠡᠷᠭᠡ ᠭᠠᠵᠠᠷ  ᠎ ᠲᠤ  ᠲᠠᠷᠬᠠᠵᠤ ᠮᠤᠩᠭᠤᠯ  ᠤᠪᠤᠭᠳᠠᠨ ᠢ ᠠᠯᠠᠵᠤ᠂  ᠺᠠᠲ᠋ᠥᠯᠢᠭ᠋ ᠱᠠᠰᠢᠨ ᠤ ᠲᠤᠭᠠᠩ ᠢ   ᠲᠦᠢᠮᠡᠷᠳᠡᠵᠤ  ᠂ ᠫᠢᠩ ᠴᠢᠦᠸᠠᠨ ᠵᠧᠦ  ᠎ ᠶᠢᠨ ᠰᠢᠭᠦᠭᠴᠢ ᠶᠢ ᠬᠤᠤᠷᠯᠠᠵᠠᠢ᠃  ᠰᠠᠶᠢᠳ  ᠪᠢ  ᠠᠶᠢᠯᠠᠳᠬᠠᠯ ᠡᠷᠭᠦᠨ  ᠂ ᡁᠢ ᠯᠢ   ᠲᠢ  ᠳ᠋ᠦ᠋ ᠲᠦᠰᠢᠮᠡᠯ  ᠶᠧ ᡁᠢ ᠴᠤᠤ  ᠎ ᠪᠠᠷ  ᠤᠳᠤᠳᠤ ᠰᠦᠨᠢ ᠪᠠᠷ ᠴᠡᠷᠢᠭ ᠲᠠᠭᠠᠭᠤᠯᠤᠨ  ᠤᠰᠠᠳᠬᠠᠪᠠ᠃  ᠲᠠᠷᠠᠭ᠎ᠠ  ᠎ ᠨᠢ ᠪᠠᠰᠠ ᠬᠤᠸᠠᠢ ᠯᠢᠶᠠᠨ  ᠎ ᠤ  ᠮᠤᠷᠢᠳᠤ᠂ ᠶᠠᠪᠠᠭᠠᠨ ᠡᠯ᠎ᠡ  ᠬᠤᠷᠢᠶ᠎ᠠ ᠪᠦᠬᠦᠨ ᠢᠶᠠᠷ ᠨᠢ ᠤᠷᠢᠳ ᠬᠤᠵᠢᠳ  ᠪᠤᠭᠤᠮᠳᠠ ᠭᠠᠷᠴᠦ ᠬᠠᠪᠰᠤᠷᠤᠨ ᠤᠰᠠᠳᠬᠠᠵᠤ᠂  ᠪᠠᠶᠢᠯᠳᠤᠬᠤ ᠪᠤᠯᠭᠠᠨ ᠢᠯᠡᠯᠳᠡ ᠤᠯᠵᠤ ᠲᠡᠭᠡᠷᠡᠮ ᠤᠨ  ᠲᠦᠷᠦᠭᠦᠦ ᠶᠢ ᠦᠨᠳᠤᠰᠤᠨ ᠳᠤ ᠨᠢ  ᠠᠷᠢᠯᠭᠠᠵᠤ  ᠎ ᠲᠠᠭᠠᠨ  ᠪᠤᠰᠤᠭᠴᠢᠳ ᠢ ᠲᠠᠷᠬᠠᠭᠠᠪᠠ  ᠃ ᠰᠠᠮᠠᠭᠤᠨ  ᠎ ᠤ ᠲᠦᠷᠦᠭᠦᠦ  ᠬᠠᠭᠤᠷᠮᠠᠭ  ᠤᠯᠤᠰ  ᠨᠡᠭᠡᠭᠡᠭᠰᠡᠨ  ᠡᠵᠡᠨ   ᠶᠠᠩ ᠶᠤᠸᠠᠢ ᠴᠦᠨ  ᠦᠭᠡᠰᠢᠨ ᠠᠴᠠ  ᠮᠤᠯᠳᠤᠷᠠᠵᠤ  ᠡᠰᠡ  ᠪᠠᠷᠢᠭᠳᠠᠭᠰᠠᠨ ᠲᠤᠯᠠ  ᠱᠠᠩᠨᠠᠯ ᠭᠠᠷᠭᠠᠵᠤ   ᠤᠴᠠᠭ ᠰᠦᠪᠡᠭᠴᠢ ᠬᠠᠩᠭᠠᠬᠤ ᠶᠢ  ᠬᠦᠰᠡᠵᠤ᠂  ᠶᠠᠩ ᠶᠤᠸᠠᠢ ᠴᠦᠨ ᠤ  ᠡᠴᠢᠭᠡ ᠬᠦᠪᠡᠭᠦᠨ ᠠᠪᠠᠭ᠎ᠠ ᠠᠴᠢ ᠵᠢᠷᠭᠤᠭᠠᠨ ᠬᠦᠮᠦᠨ ᠢ  ᠪᠠᠷᠢᠪᠴᠢᠯᠠᠵᠤ ᠠᠮᠠᠨ ᠦᠴᠢᠭ ᠨᠢ  ᠲᠤᠳᠤᠷᠬᠠᠶᠢᠯᠠᠪᠠ  ᠃ ᠲᠦᠰᠢᠮᠡᠯ ᠬᠢᠭᠡᠳ ᠶᠧ ᡁᠢ ᠴᠤᠤ   ᠲᠠᠷᠠᠭᠠᠯᠠᠨ  ᠠᠶᠢᠯᠠᠳᠬᠠᠨ  ᠡᠷᠭᠦᠪᠡ  ᠃   ᠡᠪᠬᠡᠮᠡᠯ  ᠃         ᠶᠧ ᡁᠢ ᠴᠤᠤ   ᠎ ᠪᠠᠷ  ᠶᠠᠩ ᠶᠤᠸᠠᠢ ᠴᠦᠨ ᠤ  ᠦᠶᠡᠯᠢᠳ ᠲᠡᠭᠦᠦ ᠶᠠᠩ ᠽᠤᠤ ᠴᠦᠨ  ᠦᠨᠡᠩᠬᠦ  ᠬᠠᠮᠳᠤ ᠪᠠᠷ  ᠬᠤᠤᠪᠢᠯᠳᠤᠭᠰᠠᠨ ᠦᠭᠡᠢ ᠶᠢ ᠰᠢᠭᠦᠨ ᠲᠤᠳᠤᠯᠠᠵᠤ ᠲᠠᠷᠦᠶᠢᠬᠠᠨ  ᠰᠤᠯᠠᠯᠠᠵᠠᠢ᠃   ᠲᠡᠭᠦᠨ ᠠᠴᠠ ᠪᠤᠰᠤᠳ   ᠶᠠᠩ ᠶᠤᠸᠠᠢ ᠴᠦᠨ  ᠎ ᠤ ᠠᠬ᠎ᠠ  ᠶᠠᠩ ᠬᠤᠸᠠᠢ ᠴᠦᠨ᠂  ᠲᠡᠭᠦᠦ  ᠶᠠᠩ ᠴᠢᠩ ᠴᠦᠨ᠂  ᠲᠦᠷᠦᠯ ᠤᠨ ᠠᠴᠢ  ᠶᠠᠩ ᠵᠠᠨ ᠰᠢᠶᠠᠨ  ᠵᠢᠴᠢ ᠲᠡᠭᠦᠨ ᠤ ᠤᠭᠰᠠᠭ᠎ᠠ  ᠎ ᠶᠢᠨ  ᠠᠮᠠᠯᠠᠭᠰᠠᠨ  ᠬᠦᠪᠡᠭᠦᠨ  ᠶᠠᠩ ᠵᠠᠨ ᠢ  ᠬᠢᠭᠡᠳ ᠨᠢᠭᠡᠨᠳᠡ ᠪᠠᠷᠢᠪᠴᠢᠯᠠᠭᠰᠠᠨ ᠬᠠᠭᠤᠷᠮᠠᠭ  ᠴᠡᠷᠢᠭ ᠤᠨ  ᠪᠠᠭᠰᠢ  ᠺᠦᠩ ᠴᠢᠩ ᠬᠤᠸᠠ ᠵᠡᠷᠭᠡ ᠲᠠᠪᠤᠨ ᠬᠦᠮᠦᠨ  ᠎ ᠢ  ᠵᠠᠷᠯᠢᠭ ᠢᠶᠠᠷ  ᠲᠢ  ᠳ᠋ᠦ᠋  ᠲᠦᠰᠢᠮᠡᠯ  ᠨᠢᠶᠧ ᠱᠢ ᠴᠧᠩ  ᠎ ᠳᠤ   ᠲᠤᠰᠢᠶᠠᠨ  ᠲᠤᠰ ᠰᠡᠷᠭᠡᠶᠢᠯᠡᠯᠳᠡ ᠶᠢᠨ  ᠬᠤᠷᠢᠶᠠᠨ ᠳᠤ  ᠲᠦᠷ ᠬᠤᠷᠢᠵᠤ᠂  ᠠᠤᠬᠠᠨ ᠪᠠᠶᠢᠰᠠ  ᠤᠷᠳᠤᠨ ᠳᠠᠭᠠᠨ ᠪᠤᠴᠠᠭᠰᠠᠨ  ᠲᠠᠷᠠᠭ᠎ᠠ ᠪᠦᠬᠦᠨ  ᠎ ᠢ  ᠴᠡᠷᠢᠭ ᠤᠨ  ᠡᠮᠦᠨ᠎ᠡ  ᠶᠠᠯᠠᠯᠠᠨ  ᠰᠢᠳᠬᠡᠨ᠎ᠡ᠃  ᠶᠧ ᡁᠢ ᠴᠤᠤ  ᠤᠷᠢᠳᠠᠪᠡᠷ   ᠬᠦᠮᠦᠨ ᠲᠤᠮᠢᠯᠠᠨ  ᠶᠠᠩ ᠶᠤᠸᠠᠢ  ᠴᠦᠨ ᠬᠢᠭᠡᠳ  ᠴᠤᠤᠶᠠᠩ ᠬᠤᠳᠠ ᠶᠢ  ᠲᠠᠭᠠᠷᠢᠨ ᠡᠵᠡᠯᠡᠭᠰᠡᠨ  ᠲᠡᠭᠡᠷᠡᠮ ᠤᠨ  ᠲᠦᠷᠦᠭᠦᠦ  ᠯᠢ ᠭᠤᠸᠠᠩ  ᠎ ᠢ  ᠬᠦᠮᠦᠨ ᠲᠤᠮᠢᠯᠠᠨ  ᠲᠠᠷᠤᠵᠤ ᠠᠪᠴᠢᠷᠠᠯ᠎ᠠ  ᠃  ᡁᠢ  ᠯᠢ ᠶᠢᠨ  ᠬᠠᠤᠯᠢ  ᠬᠡᠷᠡᠭᠵᠢᠭᠦᠯᠦᠭᠴᠢ ᠲᠦᠰᠢᠮᠡᠯ  ᠵᠧᠦ  ᠹᠦ᠋  ᠲᠢᠶᠠᠨᠵᠢᠨ ᠳᠤ ᠠᠯᠪᠠᠨ ᠤᠴᠠᠷ ᠢᠶᠠᠷ  ᠶᠠᠪᠤᠭᠰᠠᠨ ᠲᠠᠢ  ᠲᠤᠬᠢᠶᠠᠯᠳᠤᠭᠰᠠᠨ ᠪᠤᠯᠬᠤᠷ ᠲᠦᠰᠢᠮᠡᠯ ᠪᠢ  ᠵᠠᠷᠯᠢᠭ ᠢᠶᠠᠷ  ᠰᠢᠭᠦᠨ   ᠰᠡᠢᠪᠤᠷᠢᠯᠡᠬᠦᠯᠵᠠᠢ᠃        ᠲᠤᠰ ᠵᠤᠷᠭᠠᠨ ᠤ  ᠶᠠᠩ ᠶᠤᠸᠠᠢ ᠴᠦᠨ ᠤ  ᠦᠴᠢᠭ ᠢ  ᠦᠨᠳᠤᠰᠤᠯᠡᠨ  ᠦᠭᠦᠯᠡᠭᠰᠡᠨ ᠠᠨᠤ᠂  ᠶᠠᠩ ᠶᠤᠸᠠᠢ ᠴᠦᠨ ᠠᠨᠤ  ᠵᠢᠶᠠᠨ ᠴᠠᠩ  ᠰᠢᠶᠠᠨ ᠤ ᠬᠦᠮᠦᠨ᠂  ᠲᠠᠪᠢᠨ   ᠨᠢᠭᠡᠨ ᠨᠠᠰᠤᠳᠠᠢ᠂  ᠡᠷᠳᠡ ᠳᠤ    ᠵᠢᠶᠠᠩ  ᠨᠠᠨ ᠤ  ᠭᠦᠸᠧ ᠤᠪᠤᠭᠳᠤ ᠳ᠋ᠤᠤᠱᠢ   ᠮᠢᠨᠦ  ᠰᠠᠭᠤᠴᠠᠨ ᠳᠤ ᠢᠷᠡᠵᠤ  ᠪᠠᠳᠠᠷᠢᠴᠯᠠᠬᠤ ᠶᠢᠨ  ᠬᠠᠮᠳᠤ  ︽ᠮᠧᠩ ᠱᠸᠦ  ᠵᠢᠩ  ︾  ᠵᠡᠷᠭᠡ ᠵᠢᠷᠭᠤᠭᠠᠨ ᠨᠤᠮ ᠢ   ᠤᠯᠠᠮᠵᠢᠯᠠᠭᠰᠠᠨ ᠳᠤ  ᠪᠢ  ᠴᠢ  ᠬᠤᠤ  ᠂  ᠸᠠᠩ ᠹᠦ᠋  ᠂  ᠶᠠᠩ ᠯᠢᠶᠠᠨ ᠶᠤᠸᠠᠨ᠂  ᠭᠦᠸᠧ ᠯᠥᠸᠧ   ᠵᠢᠦ   ᠵᠡᠷᠭᠡ  ᠎ ᠳᠤ ᠲᠠᠬᠢᠨ ᠤᠯᠠᠮᠵᠢᠯᠠᠵᠤ᠂  ᠲᠡᠭᠦᠨ ᠢ  ᠎ ᠪᠠᠨ ᠱᠧᠩ ᠳ᠋ᠤᠤ ᠮᠧᠨ   ᠬᠡᠮᠡᠨ ᠨᠡᠷᠡᠶᠢᠳᠴᠦ   ᠪᠠᠰᠠ  ᠎ ᠶᠢᠨ ᠳ᠋ᠠᠨ ᠵᠢᠶᠤᠤ   ᠭᠡᠵᠠᠢ  ᠃  ᠴᠢ  ᠬᠤᠤ  ᠵᠡᠷᠭᠡ ᠪᠠᠰᠠ   ᠴᠤᠤ ᠶᠠᠩ  ᠰᠢᠶᠠᠨ ᠤ  ᠯᠢ  ᠭᠤᠸᠠᠩ  ᠂  ᠯᠢ ᠪᠢᠨ᠂  ᠵᠠᠩ ᠹᠦ᠋᠂   ᠨᠡᠶᠧ ᠾᠧᠩ  ᠂ ᠭᠦᠸᠧ  ᠬᠠᠢ  ᠂ ᠳ᠋ᠢᠩ  ᠢ ᠾᠧ  ᠂ ᠵᠤᠤ ᠢᠦᠢ  ᠰᠢ  ᠵᠡᠷᠭᠡ ᠳᠤ ᠤᠯᠠᠮᠵᠢᠯᠠᠵᠤ  ᠂ ᠵᠢᠶᠠᠨ ᠴᠠᠩ ᠰᠢᠶᠠᠨ  ᠎ ᠤ ᠬᠦᠮᠦᠨ  ᠰᠢᠦᠢ  ᠯᠢ  ᠂ ᠶᠠᠩ ᠺᠦᠨ᠂  ᠯᠢ ᠴᠢᠩ ᠱᠠᠨ  ᠂ ᠲᠥᠩ ᠵᠢᠶᠧ  ᠂ ᠫᠢᠩ ᠴᠢᠦᠸᠠᠨ  ᠵᠧᠦ  ᠎ ᠶᠢᠨ    ᠾᠦᠢ  ᠳ᠋ᠠᠢ ᠳ᠋ᠦᠸᠧ᠂  ᠾᠦᠢ ᠳ᠋ᠠᠢ  ᠶᠤᠤ  ᠵᠡᠷᠭᠡ ᠬᠦᠮᠦᠨ ᠳᠤ  ᠤᠯᠠᠮᠵᠢᠯᠠᠪᠠ᠃ ᠲᠤᠰ ᠱᠠᠰᠢᠨ  ᠬᠦᠮᠦᠰ ᠢ  ᠰᠠᠶᠢᠨ ᠵᠦᠭ ᠲᠤ  ᠤᠳᠤᠷᠢᠳᠴᠦ᠂ ᠢᠳᠡᠭᠡᠯ ᠢᠶᠠᠷ  ᠤᠯᠠᠨ ᠢ ᠲᠠᠭᠠᠭᠤᠯᠬᠤ ᠳᠤ  ᠪᠤᠢ  ᠂ ᠭᠠᠵᠢᠭᠤ ᠱᠠᠰᠢᠨ ᠪᠤᠰᠤ  ᠃ ᠪᠢ ᠪᠠᠰᠠ  ᠡᠮ  ᠡᠮᠨᠡᠯᠭᠡ  ᠎ ᠪᠠᠷ  ᠬᠠᠪᠰᠤᠷᠭᠠᠭᠰᠠᠨ ᠠᠴᠠ  ᠬᠦᠮᠦᠰ ᠨᠠᠳᠠ  ᠎ ᠶᠢ ᠶᠠᠩ ᠲᠦᠷᠪᠡᠳᠤᠭᠡᠷ ᠪᠠᠭᠰᠢ  ᠬᠡᠮᠡᠳᠡᠭ᠃  ᠲᠡᠷᠨ ᠲᠤᠬᠠᠢ  ᠪᠢᠳᠡᠨᠡᠷ ᠠᠤᠬᠠᠨ ᠤ ᠪᠠᠶᠢᠰᠠ ᠶᠢᠨ  ᠬᠤᠷᠢᠶ᠎ᠠ  ᠤᠷᠴᠢᠮ ᠲᠠᠷᠢᠶᠠᠯᠠᠬᠤ  ᠎ ᠶᠢ  ᠰᠠᠨᠠᠪᠠ᠃  ᠲᠤᠰ  ᠪᠠᠶᠢᠰᠠ ᠶᠢᠨ  ᠬᠤᠷᠢᠶ᠎ᠠ ᠎ ᠨᠢ  ᠵᠤᠤ ᠤᠳᠠ ᠶᠢᠨ  ᠠᠷᠪᠠᠨ ᠨᠢᠭᠡᠨ ᠬᠤᠰᠢᠭᠤᠨ ᠤ  ᠠᠶᠢᠮᠠᠭ ᠤᠨ  ᠲᠠᠷᠤᠭ᠎ᠠ ᠪᠤᠯᠤᠭᠰᠠᠨ ᠤ ᠲᠠᠷᠠᠭ᠎ᠠ  ᠭᠠᠵᠠᠷ ᠎ ᠤᠨ  ᠲᠦᠷᠢᠶᠡᠰᠤ ᠮᠦᠩᠬᠦ  ᠎ ᠨᠢ  ᠲᠠᠬᠢᠨ ᠲᠠᠪᠳᠠᠨ ᠦᠰᠴᠦ᠂  ᠲᠠᠬᠢᠨ ᠲᠡᠭᠦᠨ ᠤ  ᠬᠤᠶᠠᠳᠤᠭᠠᠷ  ᠡᠩᠡ  ︵  ᠰᠧᠳᠡᠩᠨᠤᠮᠳᠠᠭ  ︶  ᠂  ᠯᠠᠮᠠ   ᠡᠩᠡ   ︵ᠠᠸᠠᠩ  ︶ ᠨᠠᠷ  ᠰᠦᠷ ᠬᠦᠴᠦᠨ  ᠎ ᠪᠠᠷ ᠬᠦᠨᠳᠡᠯᠢᠰᠴᠦ᠂  ᠮᠡᠭᠡᠯᠡᠨ  ᠪᠤᠯᠢᠶᠠᠨ  ᠤᠵᠠᠳᠯᠠᠨ ᠪᠤᠵᠠᠷᠯᠠᠵᠤ  ᠂ ᠵᠤᠳᠤᠵᠤ ᠴᠤᠬᠢᠨ  ᠠᠯᠠᠵᠤ  ᠬᠤᠤᠷᠯᠠᠨ ᠮᠠᠭᠤ ᠪᠦᠬᠦᠨ ᠢ  ᠦᠢᠯᠡᠳᠴᠦ  ᠂  ᠬᠤᠯᠪᠤᠭᠳᠠᠭᠰᠠᠨ ᠬᠦᠮᠦᠰ ᠨᠢ  ᠠᠯᠪᠠᠨ ᠳᠤ ᠵᠠᠭᠠᠯᠳᠤᠭᠰᠠᠨ ᠴᠦ  ᠦᠢᠰᠢᠶᠠᠬᠤ ᠬᠦᠮᠦᠨ ᠦᠭᠡᠢ᠂  ᠬᠤᠷᠤᠰᠤᠯ ᠵᠠᠨᠤᠯ ᠨᠢ  ᠬᠦᠨ ᠵᠤᠵᠠᠭᠠᠨ ᠪᠤᠯᠵᠤ  ᠦᠰᠢᠶ᠎ᠡ  ᠬᠤᠷᠤᠰᠤᠯ  ᠎ ᠢᠶᠠᠨ ᠠᠪᠴᠦ  ᠠᠭᠤᠷ ᠬᠢᠯᠢᠩ ᠢᠶᠠᠨ  ᠲᠠᠶᠢᠳᠬᠠᠷᠠᠭᠤᠯᠬᠤ  ᠎ ᠶᠢ   ᠰᠠᠨᠠᠭ᠎ᠠ ᠤᠷᠤᠵᠠᠢ  ᠃ ᠪᠢ  ᠲᠡᠭᠡᠷ᠎ᠡ ᠵᠢᠯ ᠤᠨ  ᠠᠷᠪᠠᠨ  ᠰᠠᠷ᠎ᠠ ᠶᠢᠨ  ᠡᠬᠢᠨ ᠳᠤ  ᠲᠤᠰ ᠪᠠᠶᠢᠰᠠ ᠮᠤᠩᠭᠤᠯ ᠴᠡᠷᠢᠭ  ᠬᠦᠳᠡᠯᠭᠡᠵᠤ ᠢᠷᠭᠡᠨ  ᠎ ᠢ  ᠠᠯᠠᠵᠤ ᠭᠠᠵᠠᠷ ᠰᠤᠯᠠᠯᠠᠬᠤ ᠭᠡᠰᠡᠨ ᠴᠢᠮᠡᠭᠡ ᠶᠢ ᠤᠯᠵᠤ ᠰᠤᠨᠤᠰᠤᠭᠠᠳ  ᠸᠠᠩ  ᠽᠧᠩ   ᠵᠡᠷᠭᠡ  ᠬᠦᠮᠦᠰ ᠲᠠᠢ  ᠵᠦᠪᠯᠡᠵᠤ  ᠤᠷᠢᠳᠠᠪᠠᠷ ᠭᠠᠷ ᠬᠦᠳᠡᠯᠬᠦ ᠳᠤ ᠬᠦᠷᠬᠦ ᠦᠭᠡᠢ ᠭᠡᠵᠦ  ᠲᠠᠷᠦᠢ  ᠸᠠᠩ   ᠽᠧᠩ  ᠂  ᠸᠠᠩ ᠹᠦ᠋  ᠎ ᠶᠢ  ᠵᠠᠷᠯᠢᠭᠳᠠᠵᠤ  ᠂ ᠴᠢ   ᠬᠤᠤ  ᠂  ᠶᠠᠩ ᠯᠢᠶᠠᠨ ᠶᠤᠸᠠᠨ᠂  ᠶᠠᠩ ᠺᠦᠨ᠂  ᠭᠦᠸᠧ ᠯᠥᠸᠧ  ᠵᠢᠦ  ᠂  ᠯᠢ ᠪᠢᠨ ᠵᠡᠷᠭᠡ ᠬᠦᠮᠦᠰ ᠢ  ᠤᠷᠢᠨ ᠴᠤᠭᠯᠠᠭᠤᠯᠵᠤ᠂   ᠨᠠᠢᠮᠠᠨ ᠵᠠᠭᠤ ᠢᠯᠡᠭᠦᠦ ᠬᠦᠮᠦᠨ  ᠬᠤᠷᠠᠭᠤᠯᠪᠠ  ᠂ ᠤᠷᠴᠢᠮ ᠤᠨ  ᠬᠦᠮᠦᠨ ᠪᠦᠬᠦᠨ  ᠲᠠᠭᠠᠬᠤ ᠲᠤᠷᠠᠳᠠᠢ  ᠃  ᠶᠢᠰᠦᠨ ᠰᠠᠷ᠎ᠠ ᠢ  ᠡᠬᠢᠨ ᠢᠶᠠᠷ  ᠪᠠᠶᠢᠰᠠ ᠶᠢᠨ  ᠤᠷᠳᠤᠨ ᠳᠤ  ᠠᠯᠠᠨ ᠤᠷᠤᠵᠤ  ᠂  ᠲᠤᠰ ᠤᠷᠳᠤᠨ   ᠫᠤᠤ  ᠵᠡᠪᠰᠡᠭ ᠢᠶᠠᠷ  ᠡᠰᠡᠷᠭᠦᠴᠡᠭᠰᠡᠨ ᠴᠦ ᠲᠤᠰᠠ ᠪᠤᠯᠤᠭᠰᠠᠨ ᠦᠭᠡᠢ  ᠂  ᠪᠠᠶᠢᠰᠠ ᠶᠢᠨ  ᠬᠤᠷᠢᠶ᠎ᠠ  ᠎ ᠶᠢᠨ  ᠰᠧᠳᠡᠩᠨᠤᠮᠳᠠᠭ  ᠡᠩᠡ ᠬᠢᠭᠡᠳ ᠠᠸᠠᠩ ᠯᠠᠮᠠ  ᠲᠤᠳᠠᠭᠠᠭᠰᠠᠨ  ᠎ ᠠᠴᠠ  ᠭᠠᠳᠠᠨ᠎ᠠ  ᠪᠤᠰᠤᠳ  ᠎ ᠢ  ᠎ ᠨᠢ  ᠡᠷ᠎ᠡ ᠡᠮ᠎ᠡ ᠢᠯᠭᠠᠯ ᠦᠭᠡᠢ  ᠪᠦᠬᠦᠨ  ᠎ ᠢ  ᠬᠢᠳᠤᠵᠤ  ᠂  ᠲᠡᠭᠡᠳᠦᠰ ᠤᠨ  ᠬᠢᠨᠢ ᠤᠩᠭᠤᠨ ᠢ  ᠠᠭᠤᠳᠠᠯᠯᠠᠨ ᠡᠪᠳᠡᠪᠡ  ᠃   ᠲᠠᠷᠠᠭ᠎ᠠ ᠦᠷᠯᠦᠭᠡ ᠎ ᠨᠢ  ᠴᠦᠯᠭᠡᠷ ᠤᠨ  ᠠᠶᠢᠯ ᠤᠨ  ᠵᠠᠭᠤᠨ ᠢᠯᠡᠭᠦᠦ ᠮᠤᠩᠭᠤᠯ  ᠨᠡᠶᠢᠯᠡᠵᠤ ᠢᠷᠡᠭᠡᠳ ᠪᠠᠰᠠ ᠪᠦᠬᠦᠨ ᠢᠶᠠᠷ  ᠎ ᠢᠶᠠᠨ ᠬᠢᠳᠤᠭᠳᠠᠪᠠ᠃  ᠡᠭᠦᠨ  ᠎ ᠢᠶᠠᠷ  ᠪᠠᠶᠢᠰᠠ ᠶᠢᠨ  ᠤᠷᠳᠤᠨ ᠢ  ᠡᠵᠡᠯᠡᠨ  ᠤᠯᠤᠰ ᠨᠡᠭᠡᠭᠡᠭᠦ  ᠤᠷᠳᠤᠨ ᠭᠡᠮᠡᠵᠤ  ᠤᠯᠠᠨ ᠢᠶᠠᠷ  ᠎ ᠢᠶᠠᠨ ᠨᠠᠳᠠ ᠶᠢ ᠲᠦᠷᠦᠭᠦᠦ  ᠪᠤᠯᠭᠠᠨ᠂ ᠢᠯᠡᠷᠭᠡᠶᠢᠯᠡᠯ ᠭᠠᠷᠭᠠᠨ ᠢᠷᠭᠡᠨ ᠢ  ᠠᠮᠦᠷᠵᠢᠭᠤᠯᠵᠤ  ᠂ ᠨᠢᠭᠡ ᠲᠠᠯ᠎ᠠ  ᠎ ᠪᠠᠷ  ᠪᠠᠭᠠᠵᠢ ᠭᠡᠷᠡᠭᠰᠡᠯ ᠲᠤᠭ  ᠭᠭᠢᠷᠢ  ᠦᠢᠯᠡᠳᠴᠦ  ᠴᠡᠷᠢᠭ ᠤᠨ  ᠠᠭᠳᠠ  ᠵᠠᠷ ᠵᠡᠪᠰᠡᠭ  ᠪᠤᠯᠢᠶᠠᠨ  ᠲᠤᠨᠤᠨ  ᠮᠤᠩᠭᠤᠯ ᠢ  ᠲᠠᠭᠠᠷᠢᠨ ᠴᠤᠬᠢᠵᠤ᠂  ᠠᠯᠪᠠᠨ ᠴᠡᠷᠢᠭ ᠢ  ᠡᠰᠡᠷᠭᠦᠴᠡᠨ  ᠂ ᠫᠢᠩ ᠴᠢᠤᠸᠠᠨ᠂  ᠴᠤᠤᠶ᠋ᠨᠩ  ᠂  ᡂᠢ  ᠹᠧᠩ  ᠂   ᠵᠢᠶᠠᠨ ᠫᠢᠩ  ᠲᠦᠷᠪᠡᠨ  ᠰᠢᠶᠠᠨ ᠢ  ᠡᠵᠡᠯᠡᠬᠦ ᠪᠠᠷ ᠪᠡᠯᠡᠳᠭᠡᠵᠤ  ᠂ ᠸᠠᠩ ᠽᠧᠩ᠂  ᠸᠠᠩ ᠹᠦ᠋   ᠵᠡᠷᠭᠡ  ᠎ ᠶᠢ ᠲᠤᠮᠢᠯᠠᠨ  ᠲᠠᠪᠤᠨ  ᠮᠢᠩᠭᠠᠨ ᠬᠦᠮᠦᠨ ᠡᠯᠰᠡᠵᠤ  ᠵᠡᠭᠦᠨ ᠵᠠᠮ  ᠲᠦᠮᠡᠳ ᠬᠤᠰᠢᠭᠤ ᠤᠷᠴᠢᠮ ᠢ  ᠲᠠᠭᠤᠰᠬᠠᠨ ᠠᠯᠠᠪᠠ᠃   ᠤᠷᠳᠤ  ᠪᠠᠯ ᠬᠦᠷᠦᠮᠡᠭᠴᠨ ᠠᠯᠪᠠᠨ ᠴᠡᠷᠢᠭ ᠲᠠᠢ  ᠭᠠᠯ ᠵᠤᠯᠭᠠᠪᠠ  ᠃  ᠪᠠᠰᠠ  ᠯᠢ  ᠴᠢᠩ ᠱᠠᠨ ᠵᠡᠷᠭᠡ ᠶᠢ ᠲᠤᠮᠢᠯᠠᠨ ᠪᠠᠷᠠᠭᠤᠨ ᠵᠠᠮ  ᠬᠠᠷᠠᠴᠢᠨ ᠵᠡᠷᠭᠡ ᠬᠤᠰᠢᠭᠤ ᠪᠠᠷ   ᠴᠦᠯᠪᠡᠨ ᠠᠯᠠᠵᠤ  ᠂ ᠾᠦᠢ ᠵᠢᠶᠠ ᠭᠧᠦ  ᠎ ᠳᠤ ᠾᠦᠢ ᠳ᠋ᠠᠢ  ᠳ᠋ᠥᠸᠧ  ᠎ ᠲᠠᠢ  ᠨᠠᠶᠢᠯᠠᠵᠤ  ᠨᠡᠶᠢᠳᠡ  ᠲᠠᠪᠤ  ᠂ ᠵᠢᠷᠭᠤᠭᠠᠨ ᠮᠢᠩᠭᠠᠨ ᠬᠦᠮᠦᠨ ᠪᠤᠯᠵᠤ ᠵᠢᠷᠦᠭᠡ  ᠎ ᠶᠢᠨ ᠠᠶᠢᠯ᠂  ᠵᠠᠰᠠᠭ ᠤᠨ  ᠠᠶᠢᠯ  ᠤᠷᠴᠢᠮ ᠢᠶᠠᠷ ᠠᠯᠪᠠᠨ ᠴᠡᠷᠢᠭ ᠲᠠᠢ ᠲᠤᠯᠤᠯᠳᠤᠪᠠ  ᠃ ᠬᠤᠶᠢᠳᠤ ᠵᠠᠮ  ᡂᠢ ᠹᠧᠩ  ᠰᠢᠶᠠᠨ ᠢ  ᠯᠢ ᠭᠦᠸᠧ ᠵᠧᠨ᠂  ᠹᠧᠩ ᠱᠠᠨ  ᠵᠧᠩ ᠵᠡᠷᠭᠡ  ᠲᠤᠯᠤᠭ᠎ᠠ  ᠂ ᠨᠠᠢᠮᠠᠨ  ᠮᠢᠩᠭᠠᠨ ᠬᠦᠮᠦᠨ ᠡᠯᠰᠡᠵᠤ  ᠂ ᠵᠠᠮ  ᠬᠤᠪᠢᠶᠠᠨ  ᠵᠠᠰᠠᠭ  ᠸᠠᠩ ᠬᠤᠰᠢᠭᠤ᠂  ᠨᠠᠢᠮᠠᠨ ᠸᠠᠩ ᠤᠨ  ᠬᠤᠰᠢᠭᠤ᠂  ᠬᠠᠶᠢᠷ᠎ᠠ ᠶᠢᠨ ᠸᠠᠩ ᠤᠨ  ᠬᠤᠰᠢᠭᠤ ᠤᠷᠴᠢᠮ ᠢᠶᠠᠷ   ᠠᠯᠠᠵᠤ ᠴᠦᠯᠪᠡᠪᠡ  ᠃  ᠡᠦ ᠳ᠋ᠠᠨ  ᠬᠤᠳᠠ ᠶᠢᠨ ᠤᠷᠴᠢᠮ ᠬᠦᠷᠬᠦ ᠳᠤ  ᠠᠯᠪᠠᠨ ᠴᠡᠷᠢᠭ  ᠎ ᠲᠤ ᠴᠤᠬᠢᠭᠳᠠᠨ    ᠰᠠᠷᠨᠢᠪᠡ  ᠃ ᠨᠠᠳᠠ ᠶᠢ  ᠡᠮᠢᠶᠡᠨ ᠲᠠᠭᠠᠯᠳᠤᠭᠰᠠᠨ ᠬᠦᠮᠦᠨ ᠤ ᠲᠤᠭ᠎ᠠ  ᠪᠠᠷᠤᠭ   ᠬᠤᠶᠠᠷ᠂ ᠭᠤᠷᠪᠠᠨ ᠲᠦᠮᠡ  ᠎ ᠳᠤ ᠬᠦᠷᠴᠠᠢ᠃  ᠲᠤᠰ ᠵᠢᠯᠤᠨ  ᠠᠷᠪᠠᠨ ᠰᠠᠷᠠᠶᠢᠨ ᠠᠷᠪᠠᠨ ᠬᠤᠶᠠᠷ ᠤᠨ  ᠡᠳᠦᠷ  ᠴᠤᠤᠶᠠᠩ ᠢ  ᠲᠠᠭᠠᠷᠢᠬᠤ ᠦᠶᠡᠰ  ᠯᠢ ᠭᠤᠸᠠᠩ᠂  ᠴᠢ ᠬᠤᠤ᠂  ᠯᠢ ᠪᠢᠨ᠂  ᠵᠠᠩ ᠹᠦ᠋᠂  ᠨᠢᠶᠧ  ᠾᠧᠩ  ᠂  ᠭᠦᠸᠧ ᠬᠠᠢ᠂  ᠭᠦᠸᠧ ᠯᠦᠸᠧ ᠵᠢᠦ  ᠵᠡᠷᠭ ᠡᠯ᠎ᠡ  ᠲᠦᠷᠦᠭᠦᠦ  ᠤᠴᠢᠵᠤ  ᠤᠳᠠᠯ  ᠦᠭᠡᠢ   ᠡᠯ᠎ᠡ ᠵᠠᠮ ᠤᠨ  ᠴᠡᠷᠢᠭ ᠴᠦᠮ ᠢᠶᠠᠷ  ᠎ ᠢᠶᠠᠨ ᠠᠯᠪᠠᠨ ᠴᠡᠷᠢᠭ ᠲᠤ   ᠢᠯᠠᠭᠳᠠᠭᠰᠠᠨ ᠴᠢᠮᠡᠭᠡ ᠶᠢ ᠤᠯᠵᠤ  ᠰᠤᠨᠤᠰᠪᠠ ᠃  ᠪᠢ ᠠᠷᠪᠠᠨ ᠨᠢᠭᠡᠨ ᠰᠠᠷ᠎ᠠ ᠶᠢᠨ  ᠨᠢᠭᠡᠨ ᠳᠤ   ᠵᠠᠩᠭᠤᠤ ᠳᠤ  ᠬᠦᠷᠴᠦ  ᠨᠡᠷᠡᠮᠡᠯ ᠤᠨ  ᠴᠠᠶᠢᠵᠠ ᠶᠢ ᠡᠵᠡᠯᠡᠪᠡ᠃  ᠯᠢ ᠭᠤᠸᠠᠩ ᠵᠡᠷᠭᠡ ᠲᠦᠷᠦᠭᠦᠦ ᠬᠤᠶᠢᠨ᠎ᠠ  ᠬᠤᠶᠢᠨ᠎ᠠ ᠠᠴᠠ  ᠎ ᠪᠠᠨ ᠡᠭᠡᠵᠤ ᠢᠷᠡᠭᠰᠡᠨ  ᠪᠤᠯᠪᠠᠴᠦ ᠠᠷᠠᠶᠢᠬᠠᠨ  ᠭᠤᠷᠪᠠᠨ  ᠮᠢᠩᠭᠠᠨ ᠢᠯᠡᠭᠦᠦ ᠬᠦᠮᠦᠨ  ᠦᠯᠡᠳᠡᠵᠠᠢ᠃  ᠵᠠᠰᠠᠭ ᠲᠦᠷᠦ  ᠎ ᠠᠴᠠ   ᠪᠠᠶᠢᠴᠠᠭᠠᠭᠴᠢ ᠨᠤᠶᠠᠨ  ᠲᠤᠮᠢᠯᠠᠵᠤ  ᠪᠠᠭᠤᠵᠤ ᠦᠭᠬᠦ ᠶᠢ ᠢᠳᠬᠠᠭᠰᠠᠨ ᠴᠦ  ᠪᠢᠳᠡ  ᠦᠯᠦ ᠵᠦᠪᠰᠢᠶᠡᠷᠡᠵᠠᠢ᠃  ᠠᠯᠪᠠᠨ  ᠴᠡᠷᠢᠭ  ᠫᠤᠤ  ᠬᠦᠳᠡᠯᠭᠡᠨ ᠲᠠᠭᠠᠷᠢᠨ ᠴᠤᠬᠢᠭᠰᠠᠨ ᠳᠤ  ᠪᠢ ᠲᠠᠷᠦᠢ  ᠲᠤᠳᠠᠭᠠᠨ ᠶᠠᠪᠤᠪᠠ  ᠂ ᠡᠮᠦᠨ᠎ᠡ ᠮᠢᠨᠦ ᠤᠭᠰᠠᠭᠠᠨ ᠤ  ᠠᠮᠠᠯᠠᠭᠰᠠᠨ ᠬᠦᠪᠡᠭᠦᠨ  ᠶᠠᠩ ᠵᠠᠨ ᠢ  ᠎ ᠶᠢᠨ  ᠳ᠋ᠦᠩ ᠠᠭᠤᠢ ᠳᠤ ᠰᠢᠷᠭᠤᠨ  ᠨᠢᠭᠤᠭᠳᠠᠭᠰᠠᠨ ᠢ  ᠮᠡᠳᠡᠬᠦ ᠪᠤᠯᠬᠤᠷ  ᠪᠢ  ᠪᠠᠰᠠ ᠲᠡᠭᠦᠨ ᠤ ᠲᠡᠨᠳᠡ ᠤᠴᠢᠵᠤ  ᠲᠠᠯᠳᠠᠯᠭᠠᠭᠠᠳ ᠤᠳᠠᠯ ᠦᠭᠡᠢ ᠨᠡᠩᠵᠢᠭᠳᠡᠨ ᠪᠠᠷᠢᠪᠴᠢᠯᠠᠭᠳᠠᠪᠠ᠃  ᠰᠤᠨᠤᠰᠤᠬᠤᠯ᠎ᠠ  ᠺᠠᠲ᠋ᠥᠯᠢᠭ᠋ ᠱᠠᠰᠢᠨ ᠤ ᠲᠤᠭᠠᠩ ᠢ ᠰᠢᠳᠠᠭᠠᠭᠰᠠᠨ  ᠠᠨᠤ  ᠵᠢᠶᠠᠨ ᠴᠠᠩ ᠰᠢᠶᠠᠨ ᠤ  ᠭᠤᠴᠢᠨ ᠭᠡᠷ  ᠎ ᠤᠨ  ᠭᠡᠷᠦᠭᠡ ᠶᠢᠨ ᠲᠠᠷᠤᠭ᠎ᠠ  ᠯᠢᠨ ᠢᠦᠢ ᠱᠠᠨ  ᠵᠡᠷᠭᠡ  ᠤᠳᠤᠷᠢᠳᠤᠭᠰᠠᠨ ᠭᠡᠨᠡᠮ᠃  ᠤᠷᠢᠳᠠ ᠨᠢ   ᠲᠤᠭᠠᠩ ᠎ ᠤᠨ  ᠬᠠᠨ ᠤᠪᠤᠭᠳᠤ  ᠠᠮᠤ ᠪᠤᠯᠢᠶᠠᠨ ᠭᠡᠷᠡᠭ ᠡᠳᠦᠵᠤ  ᠂ ᠲᠠᠷᠠᠭ᠎ᠠ ᠨᠢ  ᠭᠡᠷᠡᠭ ᠢ  ᠯᠡᠪᠯᠡᠷᠡᠭᠦᠯᠦᠭᠰᠡᠨ  ᠰᠢᠦᠢ ᠷᠦᠩ ᠢ  ᠫᠤᠤᠳᠠᠵᠤ ᠠᠯᠠᠭᠠᠳ  ᠲᠡᠭᠦᠨ ᠤ  ᠡᠯᠳᠡᠪ  ᠵᠦᠢᠯ ᠤᠨ  ᠭᠡᠷᠡᠭᠯᠡᠭᠡᠨ ᠤ ᠲᠡᠯᠭᠡᠭᠦᠷ  ᠎ ᠢ ᠨᠢ  ᠲᠡᠭᠡᠷᠡᠮᠳᠡᠭᠰᠡᠨ ᠳᠤ ᠯᠢᠨ ᠢᠦᠢ ᠱᠠᠨ  ᠦᠰᠢᠶ᠎ᠡ ᠠᠪᠬᠤ ᠰᠠᠨᠠᠭ᠎ᠠ  ᠤᠷᠤᠵᠤ  ᠪᠠᠶᠢᠳᠠᠯ᠎ᠠ ᠪᠠᠰᠠ  ᠫᠢᠩ ᠴᠢᠦᠸᠠᠨ  ᠨᠢᠭᠡ  ᠺᠠᠲ᠋ᠤᠯᠢᠭ ᠱᠠᠰᠢᠨ  ᠎ ᠤ  ᠰᠤᠷᠭᠠᠯᠳᠠᠨ  ᠮᠤᠷᠢᠳᠤ ᠬᠤᠯᠠᠭᠠᠢ ᠶᠢ  ᠪᠠᠷᠢᠪᠴᠢᠯᠠᠭᠰᠠᠨ ᠳᠤ  ᠤᠯᠠᠨ ᠰᠤᠷᠭᠠᠯᠳᠠᠳ ᠲᠡᠭᠦᠨ ᠢ  ᠠᠯᠪᠠᠳᠠᠨ ᠪᠠᠳᠤᠯᠠᠵᠤ  ᠭᠠᠷᠭᠠᠵᠠᠢ᠃  ᠲᠡᠷᠡ ᠲᠤᠬᠠᠢ ᠤᠯᠠᠨ ᠬᠦᠮᠦᠨ  ᠪᠢᠳᠡᠨᠡᠷ ᠨᠢᠭᠡᠨᠳᠡ ᠪᠠᠶᠢᠰᠠ ᠢ  ᠬᠤᠷᠢᠶᠠᠨ ᠳᠤ  ᠭᠡᠷᠡᠭ ᠦᠢᠯᠡᠳᠤᠭ᠍ᠰᠡᠨ ᠢ  ᠮᠡᠳᠡᠬᠦ ᠦᠭᠡᠢ  ᠂  ᠯᠢᠨ ᠢᠦᠢ ᠱᠠᠨ  ᠮᠠᠨ ᠤ ᠬᠠᠮᠰᠠᠭᠠᠳᠠᠨ  ᠲᠥᠩ ᠵᠢᠶᠧ ᠵᠡᠷᠭᠡ  ᠎ ᠶᠢ  ᠵᠢᠭᠤᠷᠠᠨ  ᠵᠠᠯᠠᠵᠤ  ᠭᠤᠴᠢᠨ ᠭᠡᠷ᠂  ᠫᠢᠩ ᠴᠢᠤᠸᠠᠨ  ᠵᠧᠦ  ᠂  ᠨᠡᠶᠧ  ᠮᠧᠨ ᠽᠢ  ᠵᠡᠷᠭᠡ ᠭᠠᠵᠠᠷ ᠤᠨ  ᠱᠠᠰᠢᠨ ᠤ  ᠲᠤᠭᠠᠩ ᠢ  ᠭᠠᠯᠳᠠᠵᠠᠢ᠃  ᠫᠢᠩ ᠴᠢᠤᠸᠠᠨ  ᠵᠧᠦ ᠢ  ᠰᠢᠭᠦᠭᠴᠢ  ᠨᠤᠶᠠᠨ ᠢ  ᠢᠦᠢ  ᠫᠦ᠋ ᠵᠢᠶᠦ᠋ᠨ ᠢ  ᠠᠯᠠᠭᠰᠠᠨ ᠨᠢ  ᠯᠢᠨ ᠢᠦᠢ ᠱᠠᠨ ᠵᠡᠷᠭᠡ ᠬᠦᠮᠦᠰ ᠤᠨ  ᠦᠢᠯᠡᠳᠦᠭᠰᠡᠨ  ᠶᠠᠪᠤᠳᠠᠯ  ᠪᠤᠯᠤᠨ᠎ᠠ  ᠃  ᠡᠳᠡᠭᠡᠷ ᠪᠦᠯᠦᠭ ᠬᠦᠮᠦᠨ  ᠬᠤᠵᠢᠮ ᠨᠢ  ᠲᠠᠪᠤᠨ ᠨᠤᠶᠠᠨ ᠠᠶᠢᠯ  ᠂  ᠬᠠᠶᠢᠯᠠᠰᠤᠳᠤ  ᠵᠡᠷᠭᠡ ᠭᠠᠵᠠᠷ  ᠎ ᠲᠤ ᠤᠷᠤᠭᠠᠳ ᠪᠦᠬᠦᠨ ᠢᠶᠠᠷ  ᠎ ᠢᠶᠠᠨ  ᠠᠯᠪᠠᠨ ᠴᠡᠷᠢᠭ ᠲᠤ ᠰᠦᠨᠦᠭᠡᠭᠳᠡᠵᠠᠠᠢ᠃  ᠲᠡᠭᠦᠨ ᠲᠤᠮᠳᠠ  ᠭᠦᠸᠧ ᠪᠠᠭᠰᠢᠳᠠᠨ  ᠠᠨᠤ  ᠢ ᠵᠧᠦ᠂  ᠭᠤᠸᠠᠩ ᠨᠢᠩ  ᠵᠡᠷᠭᠡ ᠭᠠᠵᠠᠷ ᠠᠴᠠ  ᠢᠷᠡᠵᠠᠢ᠃  ᠯᠢ ᠬᠦᠸᠧ ᠵᠧᠨ  ᠡᠦ ᠱᠧᠩ ᠮᠧᠨ ᠢ  ᠵᠡᠷᠭᠡᠪᠡᠷ ᠰᠤᠷᠤᠯᠴᠠᠳᠠᠭ ᠠᠴᠠ  ᠡᠯ᠎ᠡ ᠪᠦᠯᠦᠭ ᠬᠦᠮᠦᠨ ᠮᠤᠷᠢ ᠪᠦᠬᠦᠨ ᠢᠶᠠᠷ  ᠎ ᠢᠶᠠᠨ ᠡᠦ ᠱᠧᠩ ᠮᠧᠨ  ᠎ ᠤ ᠬᠦᠮᠦᠨ ᠪᠠᠶᠢᠵᠤ ᠠᠯᠪᠠᠨ ᠴᠡᠷᠢᠭ ᠲᠤ ᠤᠳᠠᠭ᠎ᠠ ᠲᠠᠷᠠᠭᠠᠯᠠᠨ  ᠢᠯᠠᠭᠳᠠᠵᠤ ᠠᠰ ᠠᠰᠳᠠᠭᠠᠨ ᠰᠠᠷᠨᠢᠨ ᠲᠤᠳᠠᠭᠠᠵᠠᠢ᠃ ᠭᠡᠷᠡᠭ ᠡᠳᠦᠬᠦ ᠦᠶᠡᠰ  ᠲᠠᠷᠨᠢ ᠨᠢ ᠬᠦᠴᠦᠨ ᠨᠢ ᠫᠤᠤ ᠰᠤᠮᠤ ᠠᠴᠠ  ᠵᠠᠶᠢᠯᠠᠭᠤᠯᠵᠤ ᠴᠢᠳᠠᠨ᠎ᠠ ᠭᠡᠰᠡᠨ ᠴᠦᠮ ᠢᠶᠠᠷ  ᠬᠦᠮᠦᠨ ᠢ  ᠮᠡᠭᠡᠯᠡᠭᠰᠡᠨ ᠭᠡᠷᠡᠭ ᠶᠤᠮ  ᠃ ᠪᠢ  ᠸᠠᠩ ᠽᠧᠩ  ᠵᠡᠷᠭᠡ ᠬᠦᠮᠦᠨ ᠲᠠᠢ ᠬᠠᠮᠳᠤ ᠪᠡ ᠬᠤᠤᠪᠢᠯᠳᠤᠵᠤ ᠲᠤᠰ ᠭᠡᠷᠡᠭ ᠢ  ᠡᠳᠦᠪᠡ᠂  ᠶᠠᠩ ᠵᠠᠨ ᠢ ᠦᠨᠡᠩᠬᠦ  ᠪᠠᠶᠢᠳᠠᠯ ᠢ  ᠮᠡᠳᠡᠬᠦ ᠦᠭᠡᠢ᠃         ᠪᠠᠰᠠ ᠯᠢ ᠭᠤᠸᠠᠩ  ᠎ ᠤᠨ  ᠦᠴᠢᠭ ᠠᠴᠠ  ᠰᠤᠨᠤᠰᠬᠤ  ᠎ ᠳᠤ ᠲᠡᠷᠡ ᠨᠢ ᠴᠤᠤᠶᠠᠩ ᠰᠢᠶᠠᠨ  ᠎ ᠤ ᠬᠦᠮᠦᠨ  ᠂ ᠭᠤᠴᠢᠨ ᠲᠠᠪᠤᠨ ᠨᠠᠰᠤᠳᠠᠢ  ᠂ ᠪᠢ  ᠎ ᠶᠢᠨ ᠳ᠋ᠠᠨ ᠳ᠋ᠤᠤ ᠳᠤ ᠤᠷᠤᠭᠰᠠᠨ  ᠎ ᠤ ᠲᠠᠷᠠᠭ᠎ᠠ  ᠯᠢ ᠪᠢᠨ ᠢ ᠪᠠᠭᠰᠢ ᠪᠤᠯᠭᠠᠪᠠ᠃ ᠶᠠᠩ ᠶᠤᠸᠠᠢ ᠴᠦᠨ ᠵᠡᠷᠭᠡ ᠬᠦᠮᠦᠰ ᠲᠡᠭᠡᠷ᠎ᠡ  ᠵᠢᠯ ᠤᠨ  ᠠᠷᠪᠠᠨ ᠰᠠᠷ᠎ᠠ ᠢ  ᠰᠢᠨ᠎ᠡ ᠶᠢᠨ ᠶᠢᠰᠦᠨ ᠳᠤ ᠠᠤᠬᠠᠨ ᠤ ᠪᠠᠶᠢᠰᠠ ᠢ  ᠬᠤᠷᠢᠶ᠎ᠠ ᠶᠢ ᠲᠠᠭᠠᠷᠢᠨ ᠡᠪᠳᠡᠵᠤ ᠠᠯᠠᠵᠤ  ᠬᠤᠤᠷᠯᠠᠭᠰᠠᠨ ᠢ  ᠪᠢ ᠤᠷᠢᠳᠠᠪᠡᠷ ᠮᠡᠳᠡᠬᠦ ᠦᠭᠡᠢ᠃  ᠯᠢ ᠪᠢᠨ ᠠᠷᠪᠨ ᠨᠢᠭᠡᠨ  ᠨᠢᠭᠡᠨ ᠤ ᠡᠳᠦᠷ  ᠯᠢ ᠾᠧᠩ ᠪᠢᠳᠡ ᠬᠤᠶᠠᠭᠤᠯᠠ ᠳᠤ ᠬᠡᠯᠡᠵᠦ ᠦᠭᠭᠦᠭᠡᠳ   ᠪᠤᠰᠤᠳ  ᠎ ᠲᠠᠢ ᠬᠠᠷᠢᠯᠴᠠᠨ  ᠴᠤᠤᠶᠠᠩ ᠢ  ᠴᠤᠬᠢᠬᠤ ᠶᠢ ᠵᠦᠪᠯᠡᠵᠤ  ᠂ ᠵᠠᠩ ᠹᠦ᠋  ᠂  ᠳ᠋ᠢᠩ ᠢ   ᠾᠧ  ᠂ ᠵᠤᠤ ᠢᠦᠢ  ᠰᠢ ᠵᠡᠷᠭᠡ ᠬᠦᠮᠦᠰ ᠲᠠᠶᠢᠨ ᠨᠡᠶᠢᠳᠡ ᠭᠤᠷᠪᠠᠨ  ᠵᠠᠭᠤᠨ ᠬᠦᠮᠦᠨ ᠢ ᠴᠤᠭᠯᠠᠭᠤᠯᠵᠠᠢ᠃  ᠠᠷᠪᠨ ᠬᠤᠶᠠᠷ ᠤᠨ   ᠰᠦᠨᠢ  ᠴᠤᠤᠶᠠᠩ ᠰᠢᠶᠠᠨ ᠤ ᠵᠡᠭᠡᠯᠢ ᠶᠢᠨ ᠭᠠᠳᠠᠨ᠎ᠠ ᠬᠠᠮᠳᠤᠪᠡᠷ ᠬᠦᠷᠴᠦ  ᠨᠢᠶᠧ ᠾᠧᠩ  ᠂  ᠭᠦᠸᠧ ᠬᠠᠢ ᠵᠡᠭᠡᠯᠢ ᠳᠤ ᠤᠷᠤᠵᠤ  ᠂   ᠲᠤᠯᠤᠳᠤᠭᠠᠷ ᠵᠡᠭᠡᠯᠢ ᠶᠢᠨ  ᠴᠢᠦᠸᠠᠨ ᠽᠢ ᠮᠢᠶᠤᠤ  ᠎ ᠳᠤ ᠭᠠᠯ ᠲᠠᠯᠪᠢᠨ ᠬᠠᠮᠳᠤᠪᠡᠷ ᠭᠠᠷ ᠬᠦᠳᠡᠯᠬᠦ ᠪᠠᠷ ᠵᠦᠪᠳᠡᠪᠡ  ᠃  ᠰᠦᠨᠢ  ᠲᠤᠮᠳᠠ  ᠭᠠᠯ ᠤᠨ  ᠭᠡᠷᠡᠯ ᠦᠵᠡᠮᠡᠭᠴᠨ  ᠪᠢᠳᠡᠨᠡᠷ  ᠬᠤᠶᠢᠳᠤ  ᠡᠭᠦᠳᠡ ᠎ ᠪᠠᠷ ᠤᠷᠤᠬᠤ ᠭᠡᠳᠡᠯ᠎ᠡ ᠠᠯᠪᠠᠨ ᠴᠡᠷᠢᠭ ᠲᠤ  ᠲᠤᠰᠤᠭᠳᠠᠵᠤ  ᠯᠢ ᠪᠢᠨ ᠢ  ᠫᠤᠤᠳᠠᠵᠤ ᠠᠯᠠᠪᠠ᠃  ᠪᠢᠳᠠᠨᠠᠷ ᠪᠠᠰᠠ ᠪᠠᠷᠠᠭᠤᠨ ᠡᠭᠦᠳᠡᠨ ᠵᠦᠭ ᠲᠤᠭᠤᠷᠢᠨ  ᠬᠦᠷᠦᠭᠰᠡᠨ ᠳᠤ ᠠᠯᠪᠠᠨ  ᠴᠡᠷᠢᠭ ᠪᠢᠳᠡᠨ  ᠎ ᠤ  ᠬᠦᠮᠦᠨ ᠤᠯᠠᠨ  ᠎ ᠢ ᠬᠠᠷᠠᠭᠠᠳ ᠲᠤᠳᠠᠭᠠᠨ  ᠶᠠᠪᠤᠪᠠ  ᠃ ᠠᠷᠪᠠᠨ ᠭᠤᠷᠪᠠᠨ ᠳᠤ  ᠰᠢᠶᠠᠨ ᠤ ᠶᠠᠮᠤᠨ ᠬᠢᠨᠳᠠᠨ ᠢ  ᠪᠦᠬᠦᠨ ᠢ ᠰᠢᠳᠠᠭᠠᠨ  ᠰᠦᠢᠳᠭᠡᠵᠤ   ᠶᠠᠯᠠᠳᠠᠨ ᠢ  ᠲᠠᠯᠪᠢᠵᠤ  ᠲᠡᠨᠵᠢ ᠶᠢᠨ  ᠫᠦᠰᠠ ᠶᠢ ᠲᠡᠭᠡᠷᠡᠮᠳᠡᠵᠤ  ᠂ ᠨᠡᠶᠧ ᠾᠧᠩ  ᠂ ᠬᠦᠸᠧ ᠬᠠᠢ ᠪᠠᠰᠠ ᠯᠠᠮᠠ ᠶᠢᠨ ᠰᠦᠮ᠎ᠡ ᠶᠢ ᠬᠡᠳᠦᠨ ᠲᠠᠰᠤᠯᠭ᠎ᠠ  ᠰᠢᠳᠠᠭᠠᠨ ᠭᠡᠳᠦᠨ  ᠯᠠᠮᠠ ᠶᠢ ᠠᠯᠠᠵᠠᠢ᠃  ᠤᠳᠠᠯ ᠦᠭᠡᠢ  ᠭᠤᠷᠪᠠ᠂ ᠲᠦᠷᠪᠡᠨ ᠮᠢᠩᠭᠠᠨ ᠬᠦᠮᠦᠨ ᠬᠤᠷᠠᠭᠤᠯᠵᠤ  ᠪᠦᠯᠦᠭ ᠬᠤᠪᠢᠶᠠᠨ ᠴᠡᠷᠢᠭ ᠪᠠᠭᠤᠪᠠ  ᠃  ᠠᠷᠪᠠᠨ ᠲᠦᠷᠪᠡᠨ ᠳᠤ  ᠠᠯᠪᠠᠨ ᠴᠡᠷᠢᠭ ᠤᠨ  ᠬᠤᠷᠢᠶᠠᠨ ᠢ  ᠰᠢᠳᠠᠭᠠᠭᠰᠠᠨ ᠤ ᠲᠠᠷᠠᠭ᠎ᠠ  ᠪᠠᠷᠠᠭᠤᠨ ᠨᠤᠶᠠᠨ ᠠᠶᠢᠯ ᠳᠤ   ᠬᠤᠨᠤᠭᠠᠳ  ᠴᠤᠤᠶᠠᠩ  ᠨᠢᠭᠡᠨᠳᠡ ᠠᠯᠪᠠᠨ ᠴᠡᠷᠢᠭ ᠲᠤ  ᠡᠭᠡᠭᠦᠯᠦᠭᠳᠡᠭᠰᠡᠨ ᠢ  ᠰᠤᠨᠤᠰᠪᠠ᠃  ᠪᠢ ᠦᠪᠡᠷ ᠢ  ᠎ ᠪᠠᠨ ᠲᠦᠷᠦᠭᠦᠦ ᠡᠷᠭᠦᠮᠵᠢᠯᠡᠵᠤ  ᠮᠢᠩᠭᠠᠨ ᠢᠯᠡᠬᠦᠦ ᠬᠦᠮᠦᠨ ᠴᠤᠭᠯᠠᠭᠤᠯᠵᠤ  ᠲᠦᠮᠡᠳ ᠬᠤᠰᠢᠭᠤᠨ ᠤ   ᠪᠤᠶᠠᠨ  ᠂   ᠱᠠᠷᠢᠯ ᠤᠨ ᠲᠤᠤᠷ᠎ᠠ  ᠨᠠᠮᠤᠭ ᠲᠤ ᠠᠯᠪᠠᠨ ᠴᠡᠷᠢᠭ ᠲᠠᠢ ᠬᠡᠳᠦᠨᠳᠡ  ᠪᠠᠶᠢᠯᠳᠤᠪᠠ᠃  ᠴᠡᠷᠢᠭ ᠤᠨ  ᠵᠡᠪᠰᠡᠭ  ᠯᠠᠭᠤᠰᠠ ᠮᠤᠷᠢ ᠶᠢ ᠨᠡᠩᠵᠢᠨ ᠪᠤᠯᠢᠶᠠᠨ  ᠠᠷᠠᠳ ᠢ  ᠠᠯᠪᠠᠳᠠᠨ  ᠠᠩᠬᠢ ᠳᠠᠭᠠᠨ ᠤᠷᠤᠭᠤᠯᠵᠤ  ᠪᠠᠶᠢᠯᠳᠤᠭᠠᠨ ᠬᠢᠯᠭᠡᠪᠡ᠃  ᠲᠠᠷᠠᠭ᠎ᠠ  ᠎ ᠨᠢ ᠨᠢ ᠶᠠᠩ ᠶᠤᠸᠠᠢ ᠴᠦᠨ  ᠢᠯᠠᠭᠳᠠᠨ ᠵᠩᠭᠤᠤ  ᠵᠦᠭ  ᠲᠤᠳᠠᠭᠠᠭᠰᠠᠨ ᠢ  ᠰᠤᠨᠤᠰᠴᠦ  ᠪᠢ ᠴᠢ ᠬᠤᠤ  ᠂  ᠸᠠᠩ ᠽᠧᠩ  ᠂ ᠸᠠᠩ ᠹᠦ᠋᠂  ᠰᠢᠦᠢ ᠯᠢ  ᠾᠦᠢ ᠳ᠋ᠠᠢ  ᠳ᠋ᠥᠸᠧ  ᠵᠡᠷᠭᠡ  ᠲᠦᠷᠦᠭᠦᠦ ᠲᠠᠢ   ᠬᠠᠮᠳᠤ ᠪᠠᠰᠠ  ᠵᠠᠩᠭᠤᠤ  ᠎ ᠳᠤ ᠢᠷᠡᠪᠡ᠂  ᠲᠡᠷᠡ ᠲᠤᠬᠠᠢ ᠠᠷᠠᠶᠢᠬᠠᠨ ᠭᠤᠷᠪᠠᠨ ᠮᠢᠩᠭᠠᠨ ᠬᠦᠮᠦᠨ ᠦᠯᠡᠳᠡᠵᠠᠢ᠃  ᠡᠳᠦᠷ ᠲᠠᠷᠠᠭᠠᠯᠠᠨ ᠪᠠᠶᠢᠯᠳᠤᠵᠤ  ᠪᠠᠶᠢᠳᠠᠯ  ᠤᠯᠠᠮ ᠬᠦᠴᠢᠷᠳᠠᠢ ᠪᠤᠯᠵᠠᠢ᠃  ᠪᠢ  ᠵᠢᠶᠠᠨ ᠽᠤᠤ ᠭᠧᠦ ᠳᠤ  ᠲᠤᠳᠠᠭᠠᠨ ᠤᠴᠢᠭᠠᠳ ᠲᠠᠷᠦᠶᠢᠬᠠᠨ  ᠪᠠᠷᠢᠭᠳᠠᠪᠠ᠃   ᠡᠨᠡ  ᠎ ᠨᠢ ᠶᠠᠩ  ᠶᠤᠸᠠᠢ ᠴᠦᠨ ᠤ ᠦᠴᠢᠭ ᠲᠠᠢ  ᠨᠡᠶᠢᠴᠡᠪᠡ᠂  ᠲᠤᠰ ᠶᠠᠯᠠᠳᠠᠳ ᠪᠠᠰᠠ ᠬᠠᠮᠳᠤᠪᠡᠷ   ᠦᠭᠦᠯᠡᠭᠰᠡᠨ᠄ ᠠᠤᠬᠠᠨ ᠪᠠᠶᠢᠰᠠ  ᠢᠷᠭᠡᠳ ᠢ  ᠲᠠᠷᠤᠯᠠᠨ  ᠬᠢᠬᠠᠬᠤ  ᠎ ᠨᠢ ᠲᠤᠩ ᠭᠡᠴᠡᠭᠦᠦ  ᠎ ᠠᠴᠠ   ᠪᠤᠯᠵᠤ ᠤᠯᠠᠨ ᠬᠤᠷᠤᠰᠤᠯ ᠡᠪᠦᠷᠯᠡᠵᠤ  ᠲᠡᠳᠡᠨᠡᠷ ᠢ  ᠠᠯᠠᠵᠤ ᠦᠰᠢᠶ᠎ᠡ ᠠᠪᠬᠤ ᠰᠡᠳᠬᠢᠯ ᠡᠪᠦᠷᠯᠡᠭᠰᠡᠨ ᠠᠴᠠ  ᠪᠤᠰᠤ  ᠤᠷᠪᠠᠯᠭᠠᠨ ᠭᠠᠷᠭᠠᠵᠤ ᠤᠷᠪᠠᠨ ᠲᠡᠷᠰᠡᠯᠡᠬᠦ ᠵᠤᠷᠢᠭ ᠦᠭᠡᠢ  ᠂  ᠵᠡᠷᠭᠡ ᠦᠭᠦᠯᠡᠯ ᠪᠤᠢ᠂  ᠲᠦᠰᠢᠮᠡᠯ ᠪᠢ ᠪᠠᠶᠡᠪᠡᠷ  ᠲᠠᠪᠳᠠᠨ  ᠰᠢᠭᠦᠭᠡᠳ ᠪᠦᠷᠢᠮᠦᠰᠤᠨ ᠠᠳᠠᠯᠢ  ᠳ᠋ᠦᠩ ᠭᠠᠷᠴᠠᠢ᠂  ᠲᠠᠬᠢᠨ ᠲᠠᠪᠳᠠᠨ  ᠯᠠᠪᠯᠠᠭᠰᠠᠨ ᠴᠦ  ᠬᠠᠷᠢᠯᠴᠠᠨ ᠵᠦᠷᠢᠶ᠎ᠡ ᠦᠭᠡᠢ᠂  ᠬᠠᠤᠯᠢ ᠶᠤᠰᠤᠭᠠᠷ  ᠶᠠᠯᠠᠳᠠᠨ ᠰᠢᠳᠭᠡᠬᠦ ᠭᠡᠷᠡᠭᠳᠠᠢ᠃       ᠲᠤᠰ ᠶᠠᠯᠠᠳᠠᠨ ᠶᠠᠩ ᠶᠤᠸᠠᠢ ᠴᠦᠨ  ᠎ ᠢ  ᠪᠠᠶᠢᠴᠠᠭᠠᠬᠤ ᠳᠤ  ᠱᠠᠰᠢᠨ  ᠤᠯᠠᠮᠵᠢᠯᠠᠨ ᠰᠤᠷᠳᠠᠯᠴᠢᠯᠠᠵᠤ ᠤᠯᠠᠨ ᠢ   ᠮᠤᠩᠬᠠᠷᠠᠭᠤᠯᠵᠠᠢ᠃  ᠪᠠᠶᠢᠰᠠ  ᠎ ᠶᠢᠨ ᠬᠤᠷᠢᠶ᠎ᠠ ᠬᠢᠭᠡᠳ   ᠮᠤᠩᠭᠤᠯ ᠳᠤ ᠦᠰᠢᠶ᠎ᠡ ᠲᠠᠢ ᠪᠤᠯᠬᠤᠷ   ᠦᠪᠡᠷ ᠤᠨ  ᠪᠤᠳᠤᠯ ᠤᠷᠭᠤᠵᠤ  ᠸᠠᠩ ᠽᠧᠩ ᠵᠡᠷᠭᠡ ᠬᠦᠮᠦᠰ ᠲᠠᠢ ᠵᠦᠪᠰᠢᠯᠳᠤᠨ  ᠨᠤᠤᠷᠠᠨ ᠤᠷᠢᠬᠤ  ᠂  ᠠᠶᠤᠯᠭᠠᠨ ᠰᠦᠷᠳᠡᠬᠦᠯᠬᠦ  ᠵᠡᠷᠭᠡ ᠠᠷᠭ᠎ᠠ ᠪᠠᠷ ᠬᠤᠶᠠᠷ᠂ ᠭᠤᠷᠪᠠᠨ ᠲᠦᠮᠡᠨ ᠬᠦᠮᠦᠨ  ᠬᠤᠷᠠᠭᠤᠯᠵᠤ  ᠪᠠᠶᠢᠰᠠ  ᠎ ᠶᠢᠨ ᠬᠤᠷᠢᠶ᠎ᠠ ᠵᠢᠴᠢ  ᠡᠯ᠎ᠡ ᠮᠤᠩᠭᠤᠯ  ᠸᠠᠩ ᠤᠨ  ᠬᠤᠰᠢᠭᠤᠨ ᠵᠢᠴᠢ ᠴᠤᠤᠶᠠᠩ ᠵᠡᠷᠭᠡ ᠭᠠᠵᠠᠷ ᠢ  ᠭᠠᠯᠳᠠᠨ ᠲᠦᠢᠮᠡᠷᠳᠡᠵᠤ᠂ ᠠᠯᠪᠠᠨ ᠴᠡᠷᠢᠭ  ᠎ ᠢ  ᠡᠰᠡᠷᠭᠦᠴᠡᠵᠤ  ᠂ ᠬᠢᠨᠳᠠᠨ ᠢ   ᠪᠤᠯᠢᠶᠠᠨ  ᠶᠠᠮᠤᠨ ᠢ   ᠰᠢᠳᠠᠭᠠᠵᠠᠢ᠃  ᠨᠦᠭᠦᠭᠡ ᠪᠦᠯᠦᠭ   ᠺᠠᠲ᠋ᠦᠯᠢᠭ᠋ ᠱᠠᠰᠢᠨ ᠲᠠᠢ ᠵᠠᠪᠰᠠᠷ ᠲᠠᠢ  ᠯᠢᠨ  ᠢᠦᠢ ᠱᠠᠨ ᠵᠡᠷᠭᠡ ᠬᠦᠮᠦᠨ  ᠨᠤᠤᠷᠠᠨ  ᠵᠠᠯᠠᠬᠤ ᠠᠷᠭ᠎ᠠ ᠪᠠᠷ  ᠲᠤᠰ ᠪᠦᠯᠦᠭ ᠲᠡᠭᠡᠷᠡᠮ ᠢ  ᠴᠤᠭᠯᠠᠭᠤᠯᠵᠤ  ᠱᠠᠰᠢᠨ ᠤ ᠲᠤᠭᠠᠩ ᠢ  ᠤᠯᠠᠨ ᠭᠠᠯᠳᠠᠵᠤ᠂  ᠱᠠᠰᠢᠨᠳᠠᠨ ᠎ ᠢ  ᠠᠯᠠᠵᠤ ᠲᠤᠨᠤᠨ  ᠂ ᠬᠤᠪᠢ  ᠎ ᠶᠢᠨ ᠬᠤᠷᠤᠰᠤᠯ ᠢᠶᠠᠨ ᠭᠠᠷᠭᠠᠵᠤ  ᠂ ᠪᠠᠰᠠ ᠠᠯᠪᠠᠨ  ᠨᠤᠶᠠᠳ ᠢ ᠬᠢᠬᠠᠨ ᠬᠤᠤᠷᠯᠠᠵᠤ  ᠦᠨᠡᠩᠬᠦ  ᠶᠠᠯ᠎ᠠ  ᠬᠢᠯᠢᠨᠴᠨ  ᠢᠨᠤ ᠲᠦᠢᠯ  ᠎ ᠳᠤᠷ ᠲᠤᠯᠵᠤ  ᠠᠯᠠᠪᠠᠴᠦ ᠪᠠᠭᠠᠳᠠᠨ᠎ᠠ  ᠃ ᠲᠡᠳᠡᠨᠦᠰ ᠬᠡᠳᠦᠶᠢᠪᠡᠷ  ᠦᠪᠡᠷ ᠢ  ᠎ ᠪᠠᠨ ᠤᠷᠪᠠᠭᠰᠠᠨ ᠦᠭᠡᠢ  ᠬᠡᠮᠡᠪᠡᠴᠦ  ᠂  ᠦᠪᠡᠷ ᠢ ᠪᠠᠨ ᠤᠯᠤᠰ ᠨᠡᠭᠡᠭᠡᠭᠰᠡᠨ  ᠤᠷᠳᠤᠨ ᠬᠡᠮᠡᠵᠤ  ᠂ ᠵᠠᠷ ᠢᠯᠡᠷᠭᠡᠶᠢᠯᠡᠯ  ᠨᠠᠭᠠᠵᠤ᠂ ᠮᠤᠩᠭᠤᠯ ᠠᠶᠢᠮᠠᠭ ᠢ  ᠬᠤᠤᠷᠯᠠᠨ ᠲᠦᠢᠪᠡᠭᠡᠵᠤ᠂  ᠠᠯᠪᠠᠨ ᠴᠡᠷᠢᠭ ᠢ  ᠡᠰᠡᠷᠭᠦᠴᠡᠨ  ᠂  ᠬᠡᠳᠦᠨ  ᠲᠦᠮᠡᠨ ᠠᠮᠢ ᠨᠠᠰᠤ  ᠪᠦᠬᠦᠨ ᠢᠶᠠᠷ   ᠠᠯᠠᠨ ᠬᠤᠤᠷᠯᠠᠭᠳᠠᠵᠤ᠂  ᠬᠠᠯᠠᠭᠤᠨ ᠮᠤᠵᠢ  ᠎ ᠶᠢᠨ ᠪᠠᠶᠢᠳᠠᠯ  ᠲᠤᠯᠬᠢᠰᠤᠨ  ᠬᠦᠳᠡᠯᠵᠤ  ᠂ ᠦᠨᠡᠨ  ᠤᠷᠪᠠᠭᠰᠠᠨ ᠨᠢ ᠮᠠᠷᠭᠤᠰᠢ ᠦᠭᠡᠢ᠂ ᠲᠤᠰ ᠶᠠᠯᠠᠳᠠᠨ  ᠶᠠᠩ ᠶᠤᠸᠠᠢ ᠴᠦᠨ  ᠪᠤᠯᠪᠠᠰᠤ  ᠬᠡᠷᠡᠭ  ᠎ ᠤᠨ  ᠶᠡᠷᠦᠩᠬᠢ ᠲᠦᠷᠦᠬᠦᠦ ᠪᠤᠯᠠᠢ᠃  ᠲᠤᠰ ᠶᠠᠯᠠᠳᠠᠨ ᠯᠢ ᠭᠤᠸᠠᠩ  ᠲᠡᠭᠦᠨ ᠎ ᠤ ᠵᠢᠭᠤᠷᠠᠯᠳᠤᠨ  ᠲᠠᠳᠠᠬᠤ ᠶᠢ ᠡᠶᠡᠳᠡᠨ ᠲᠠᠭᠠᠵᠤ  ᠮᠢᠩᠭᠠᠨ ᠢᠯᠡᠭᠦᠦ ᠬᠦᠮᠦᠨ ᠴᠤᠭᠯᠠᠭᠤᠯᠵᠤ  ᠦᠪᠡᠷ ᠢ  ᠎ ᠪᠠᠨ ᠲᠦᠷᠦᠭᠦᠦ ᠡᠷᠭᠦᠮᠵᠢᠯᠡᠨ  ᠂ ᠵᠠᠮ ᠬᠤᠪᠢᠶᠠᠨ ᠠᠯᠠᠵᠤ ᠰᠢᠳᠠᠭᠠᠨ᠂    ᠴᠤᠤᠶᠠᠩ  ᠰᠢᠶᠠᠨ ᠤ ᠵᠡᠭᠡᠯᠢ ᠶᠢ ᠲᠠᠭᠠᠷᠢᠨ ᠡᠵᠡᠯᠡᠵᠦ  ᠂  ᠠᠯᠪᠠᠨ ᠴᠡᠷᠢᠭ ᠲᠠᠢ ᠤᠯᠠᠨᠳᠠ ᠲᠤᠯᠤᠯᠳᠤᠨ  ᠲᠡᠭᠦᠨ ᠤ ᠶᠠᠯ᠎ᠠ ᠠᠨᠤ ᠲᠡᠭᠷᠢ ᠲᠤᠯᠤᠮ᠎ᠠ ᠪᠤᠯᠵᠠᠢ᠂  ᠬᠡᠷᠪᠡ ᠲᠡᠭᠦᠨ ᠢ ᠠᠭᠤᠴᠢᠯᠠᠪᠠᠰᠤ ᠪᠢᠳᠡᠨ ᠤ   ᠶᠠᠯ᠎ᠠ ᠴᠦ ᠠᠭᠤᠴᠢᠯᠠᠵᠤ ᠪᠤᠯᠤᠰᠢ  ᠦᠭᠡᠢ ᠪᠤᠯᠤᠮᠦᠢ᠂  ᠡᠶᠢᠮᠦ ᠎ ᠠᠴᠠ ᠲᠡᠭᠦᠨ ᠢ  ᠵᠢᠭᠠᠬᠠᠨ ᠴᠦ ᠠᠭᠤᠴᠢᠯᠠᠵᠤ ᠪᠤᠯᠬᠤ ᠦᠭᠡᠢ᠂  ᠪᠠᠶᠢᠴᠠᠭᠠᠨ ᠲᠤᠳᠤᠯᠠᠭᠰᠠᠨ ᠤ ᠲᠠᠷᠠᠭ᠎ᠠ ᠲᠤᠰ ᠬᠤᠶᠠᠷ ᠶᠠᠯᠠᠳᠠᠨ ᠢ  ᠠᠷᠠᠯᠵᠢᠶ᠎ᠠ  ᠬᠤᠷᠠᠬᠤ ᠳᠤ ᠤᠶᠠᠵᠤ  ᠠᠪᠠᠴᠢᠨ  ᠬᠠᠦᠯᠢ ᠪᠠᠷ ᠮᠦᠴᠢᠯᠡᠨ  ᠠᠯᠠᠵᠤ᠂ ᠲᠡᠷᠢᠭᠦᠨ ᠎ ᠢ  ᠠᠨᠤ  ᠭᠡᠷᠡᠭ ᠲᠠᠳᠠᠭᠰᠠ ᠭᠠᠵᠠᠷ ᠲᠤ  ᠎ ᠨᠢ  ᠠᠪᠠᠴᠢᠵᠤ   ᠱᠤᠷᠠᠭ ᠲᠤ ᠡᠯᠭᠦᠨ  ᠴᠡᠭᠡᠷᠯᠡᠨ  ᠪᠤᠯᠭᠠᠨ ᠤᠯᠤᠰ ᠎ ᠤᠨ  ᠬᠠᠦᠯᠢ  ᠎ ᠶᠢᠨ ᠰᠦᠷ ᠢ  ᠮᠠᠨᠳᠤᠭᠤᠯᠤᠨ  ᠤᠯᠠᠨ ᠤ ᠰᠡᠳᠬᠢᠯ ᠢ   ᠠᠮᠦᠷᠵᠢᠭᠤᠯᠤᠮᠤ  ᠃ ᠶᠠᠩ ᠶᠤᠸᠠᠢ ᠴᠦᠨ ᠎ ᠤ ᠡᠭᠡ  ᠭᠦᠩ ᠤᠪᠤᠭᠳᠤ ᠨᠢ  ᠯᠢ ᠭᠤᠸᠠᠩ  ᠂ ᠯᠢᠦᠢ  ᠶᠢᠩ ᠶᠤᠸᠠᠨ  ᠎ ᠶᠢᠨ ᠰᠠᠳᠤᠨ  ᠪᠤᠯᠤᠨ᠎ᠠ᠂  ᠤᠳᠤᠬᠠᠨ ᠎ ᠳᠤ ᠦᠭᠦᠭᠰᠡᠨ ᠠᠮᠢᠳᠤ ᠶᠢ ᠮᠡᠳᠡᠬᠦ ᠦᠭᠡᠢ᠂ ᠪᠠᠶᠢᠴᠠᠭᠠᠨ ᠲᠤᠳᠤᠯᠠᠭᠰᠠᠨ ᠤ ᠲᠠᠷᠠᠭ᠎ᠠ  ᠬᠠᠥᠯᠢ ᠵᠤᠷᠪᠤᠰ ᠢᠶᠠᠷ  ᠰᠡᠢᠳᠪᠤᠷᠢᠯᠡᠮᠦ᠂  ᠲᠤᠰ ᠶᠠᠯᠠᠳᠠᠨ ᠤ ᠡᠳ᠋ ᠬᠦᠷᠦᠩᠭᠡ ᠶᠢ  ᠪᠠᠶᠢᠴᠠᠭᠠᠨ  ᠪᠢᠳᠡᠭᠦᠮᠵᠢᠯᠡᠵᠤ ᠠᠯᠪᠠᠨ ᠰᠠᠩ ᠳᠤ  ᠤᠷᠤᠭᠤᠯᠪᠠ᠃  ᠶᠠᠩ ᠶᠤᠸᠠᠢ ᠴᠦᠨ ᠤ ᠬᠦᠪᠡᠭᠦᠨ ᠢ  ᠨᠢᠭᠡᠨᠳᠡ  ᠰᠢᠭᠦᠨ  ᠦᠩᠭᠡᠷᠡᠪᠡ᠂  ᠲᠠᠷᠠᠭ᠎ᠠ ᠪᠠᠨ  ᠰᠢᠭᠦᠨ  ᠲᠤᠳᠤᠯᠠᠵᠤ  ᠦᠨᠡᠭᠡᠷ  ᠬᠠᠮᠳᠤ ᠪᠠᠷ ᠬᠤᠤᠪᠢᠯᠳᠤᠨ ᠭᠡᠷᠡᠭ ᠡᠳᠦᠭᠰᠡᠨ ᠦᠭᠡᠢ ᠪᠤᠯᠪᠠᠯ  ᠬᠠᠦᠯᠢ ᠪᠠᠷ ᠲᠡᠭᠦᠨ ᠢ  ᠬᠤᠯᠪᠤᠭᠳᠠᠭᠤᠯᠤᠨ ᠶᠠᠯᠠᠯᠠᠬᠤ ᠠᠴᠠ  ᠬᠡᠯᠳᠦᠷᠢᠭᠦᠯᠦᠰᠤ  ᠃ ᠲᠠᠷᠠᠭ᠎ᠠ ᠳᠤ ᠨᠢ ᠶᠠᠩ ᠬᠤᠸᠠᠢ ᠴᠦᠨ᠂  ᠶᠠᠩ ᠴᠢᠩ ᠴᠦᠨ᠂  ᠶᠠᠩ  ᠵᠠᠨ ᠰᠢᠶᠠᠨ᠂  ᠺᠦᠩ ᠴᠢᠩ ᠭᠤᠸᠠᠩ  ᠲᠦᠷᠪᠡᠨ ᠶᠠᠯᠠᠳᠠᠨ  ᠎ ᠢ ᠠᠤᠬᠠᠨ ᠤ ᠪᠠᠶᠢᠰᠠ ᠤᠷᠳᠤᠨ ᠳᠠᠭᠠᠨ  ᠪᠤᠴᠠᠭᠰᠠᠨ ᠤ ᠲᠠᠷᠠᠭ᠎ᠠ  ᠂ ᠬᠠᠤᠯᠢ ᠪᠠᠷ  ᠰᠢᠳᠭᠡᠨ  ᠰᠡᠢᠳᠪᠤᠷᠢᠯᠡᠨ  ᠬᠢᠯᠢᠰ ᠢ ᠴᠠᠭᠠᠳᠬᠠᠨ ᠭᠡᠭᠡᠷᠡᠭᠦᠯᠦᠨ ᠴᠡᠭᠡᠷᠡᠯᠡᠭᠦᠯᠦᠰᠤ  ᠃       ᠨᠠᠷᠢᠨ   ᠨᠡᠷᠡᠰ ᠤᠨ  ᠪᠦᠷᠢᠳᠭᠡᠯ ᠢ  ᠴᠡᠷᠢᠭ ᠤᠨ  ᠨᠢᠭᠤᠴᠨ ᠶᠢ ᠬᠠᠮᠠᠭᠠᠯᠠᠬᠤ ᠭᠠᠵᠠᠷ᠂  ᠡᠯ᠎ᠡ  ᠰᠢᠭᠦᠨ ᠲᠤᠳᠤᠯᠠᠬᠤ ᠶᠠᠮᠤᠨ  ᠎ ᠳᠤ  ᠬᠦᠷᠭᠡᠪᠡ  ᠂  ᠶᠤᠰᠤᠨ᠎ᠠ ᠨᠡᠶᠢᠴᠡᠭᠦᠯᠦᠨ ᠬᠡᠴᠢᠶᠡᠩᠭᠦᠶᠢᠯᠡᠨ ᠪᠦᠷᠢᠨ  ᠲᠤᠭᠠᠴᠢᠢᠪᠠ᠂  ᠬᠠᠭᠠᠨ ᠡᠵᠡᠨ  ᠭᠡᠭᠡᠨ ᠳᠡᠭᠡᠨ ᠲᠤᠯᠢᠳᠠᠬᠤ ᠶᠢ ᠮᠦᠷᠭᠦᠨ  ᠭᠤᠶᠤᠮᠦᠢ᠂   ᠬᠢᠴᠢᠶᠡᠩᠭᠦᠢ ᠠᠶᠢᠯᠠᠳᠬᠠᠯ  ᠃       ᠪᠠᠳᠠᠷᠠᠭᠤᠯᠳᠤ ᠲᠦᠷᠦ ᠶᠢᠨ  ᠭᠤᠴᠢᠨ ᠨᠠᠢᠮᠠᠨ ᠤᠨ ᠤ  ᠴᠠᠭᠠᠨ ᠰᠠᠷᠠᠶᠢᠨ  ᠬᠤᠷᠢᠨ ᠭᠤᠷᠪᠠᠨ  ᠎ ᠤ ᠡᠳᠦᠷ  ᠂ ᠬᠠᠭᠠᠨ ᠤ  ᠰᠢᠩᠬᠤᠨ ᠴᠤᠬᠤᠯᠠᠪᠤᠷᠢ   ᠭᠠᠷᠴᠠᠢ  ᠃  ᠡᠷᠡᠭᠦᠦ ᠢ  ᠶᠠᠮᠤᠨ ᠮᠡᠳᠡᠮᠦᠢ᠃                   ᠡᠵᠡᠨ  ᠠᠴᠠ          ︵ᠴᠡᠷᠢᠭ ᠤᠨ  ᠨᠢᠭᠤᠴᠨ ᠶᠢ ᠬᠠᠮᠠᠭᠠᠯᠠᠬᠤ ᠭᠠᠵᠠᠷ ᠤᠨ  ᠬᠠᠭᠤᠯᠠᠪᠤᠷᠢ  ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号