︽ᠵᠤᠤ ᠤᠳᠠ︾ ᠭᠡᠬᠦ ᠦᠭᠡ ᠶᠢᠨ ᠮᠦᠷᠳᠡᠯ | 1639 ᠤᠨ ᠳᠤ ᠮᠠᠨᠵᠤ ᠶᠢᠨ ᠬᠤᠸᠠᠩ ᠲᠠᠶᠢᠵᠢ ᠭᠡᠰᠢᠭᠳᠡᠨ᠂ ᠪᠠᠭᠠᠷᠢᠨ᠂ ᠠᠷᠦ ᠬᠤᠷᠴᠢᠨ᠂ ᠤᠩᠨᠢᠭᠤᠳ | ᠂ ᠠᠤᠬᠠᠨ᠂ ᠬᠠᠯᠬ᠎ᠠ ᠵᠡᠭᠦᠨ ᠭᠠᠷᠤᠨ ᠵᠠᠷᠤᠳ᠂ ᠨᠠᠢᠮᠠᠨ ᠵᠡᠷᠭᠡ ᠨᠠᠢᠮᠠᠨ ᠠᠶᠢᠮᠠᠭ ᠢᠶᠠᠷ ᠵᠤᠤ ᠤᠳᠠ ᠶᠢᠨ | ᠴᠢᠭᠤᠯᠭᠠᠨ ᠢ ᠪᠦᠷᠢᠯᠳᠦᠭᠦᠵᠦ ᠂ ᠵᠤᠤ ᠤᠳᠠ ᠶᠢᠨ ᠴᠤᠭᠯᠠᠭᠠᠨ ᠨᠢ 1956 ᠤᠨ ᠳᠤ ᠳᠤ ᠰᠢᠨ᠎ᠡ ᠪᠠᠷ | ᠵᠤᠬᠢᠶᠠᠨ ᠪᠠᠶᠢᠭᠤᠯᠤᠭᠳᠠᠨ ᠵᠤᠤ ᠤᠳᠠ ᠠᠶᠢᠠᠮᠭ ᠭᠡᠬᠦ ᠪᠤᠯᠵᠤ 1983 ᠤᠨ ᠳᠤ ᠪᠦᠬᠦᠳᠡ ᠨᠠᠶᠢᠷᠠᠮᠳᠠᠬᠤ | ᠲᠤᠮᠳᠠᠳᠤ ᠠᠷᠠᠳ ᠤᠯᠤᠰ ᠤᠨ ᠤᠯᠤᠰ ᠤᠨ ᠶᠠᠪᠤᠳᠠᠯ ᠤᠨ ᠬᠤᠷᠢᠶ᠎ᠠ ᠠᠴᠠ ︽ᠤᠯᠠᠭᠠᠨᠬᠠᠳᠠ ᠬᠤᠳᠠ ︾ | ᠭᠡᠵᠦ ᠦᠭᠡᠷᠴᠢᠯᠡᠵᠦ ᠨᠡᠷᠡᠶᠢᠳᠦᠭᠰᠡᠨ ᠠᠴᠠ ︽ ᠵᠤᠤ ᠤᠳᠠ︾ ᠭᠡᠬᠦ ᠦᠭᠡ ᠬᠦᠮᠦᠰ ᠤᠨ ᠰᠡᠳᠬᠢᠯ ᠵᠢᠷᠦᠭᠡᠨ | ᠠᠴᠠ ᠠᠶᠠᠨᠳᠠᠭᠠᠨ ᠬᠤᠯᠠᠳᠴᠦ ᠶᠠᠪᠤᠭᠰᠨ᠃ | 2007 ᠤᠨ ᠤ ᠬᠠᠪᠤᠷ ᠤᠨ ᠰᠠᠯᠬᠢᠨ ᠲᠠᠢ ᠵᠤᠨ ᠤ ᠡᠳᠦᠷ ᠪᠢ ᠬᠤᠳᠠ ᠤᠷᠤᠭᠠᠳ ᠬᠢᠳᠡᠯ ᠠᠯᠳᠠᠬᠤ | ᠳᠠᠭᠠᠨ ︽ᠵᠤᠤ ᠤᠳᠠ︾ ᠭᠡᠬᠦ ᠦᠭᠡ ᠶᠢᠨ ᠡᠷᠢᠯ ᠳᠤ ᠭᠠᠷᠤᠭᠰᠠᠨ ᠂ ᠶᠠᠷᠢᠶᠠᠨ ᠦᠭᠡᠢ ︽ᠵᠤᠤ ᠤᠳᠠ ︾ | ᠵᠠᠮ ᠪᠠᠶᠢᠨ᠎ᠠ᠂ ᠵᠤᠤ ᠤᠳᠠ ᠶᠢᠨ ᠤᠤᠬ᠎ᠠ ᠶᠢ ᠰᠤᠳᠤᠯᠤᠭᠰᠠᠨ ᠢᠶᠠᠷ ᠡᠭᠦᠰᠦᠭᠰᠡᠨ ︽ᠵᠠᠭᠤᠨ ᠤᠳᠠ︾ ᠭᠡᠬᠦ | ᠨᠡᠷ᠎ᠡ ᠲᠠᠢ ᠲᠡᠯᠭᠡᠭᠦᠷ ᠪᠠᠶᠢᠨ᠎ᠠ᠂ ﹇ᠵᠤᠤ ᠤᠳᠠ︾ ᠶᠢ ︽ᠵᠠᠭᠤᠨ ᠤᠳᠠ︾ ᠭᠡᠵᠦ ᠲᠠᠶᠢᠯᠪᠤᠷᠢᠯᠠᠬᠤ ᠳᠤ ᠪᠢ | ᠶᠡᠷᠦᠨᠢ ᠰᠡᠵᠢᠭ ᠲᠠᠢ ᠪᠠᠶᠢᠳᠠᠭ᠂ 370 ᠵᠢᠯ ᠤᠨ ᠡᠮᠦᠨᠡᠬᠢ ᠸᠠᠩ ᠬᠦᠩ ᠨᠠᠷ ︽ᠤᠳᠠ︾ ᠲᠠᠷᠢᠵᠦ ᠲᠤᠷᠠᠰᠬᠠᠯ | ᠦᠯᠡᠳᠡᠭᠡᠬᠦ ᠷᠤᠮᠠᠨᠲ᠋ᠢᠭ ᠰᠡᠳᠬᠢᠯ ᠪᠠᠶᠢᠭᠰᠠᠨ ᠡᠰᠡᠬᠦ ᠳᠤ ᠰᠡᠵᠢᠭ ᠲᠦᠷᠦᠳᠡᠭ᠂ ᠬᠠᠷᠢᠨ ︽ ᠵᠤᠤ ᠭᠠᠵᠠᠷ︾ | ᠤᠨ ᠭᠡᠰᠡᠨ ᠯᠡ ᠤᠤᠬ᠎ᠠ ᠲᠠᠢ ᠪᠠᠶᠢᠭ᠎ᠠ ᠭᠡᠵᠦ ᠪᠤᠳᠤᠳᠠᠭ ᠃ ᠭᠡᠳᠡᠯ᠎ᠡ ︽ᠵᠠᠭᠤᠨ ᠤᠳᠠ︾ ᠲᠡᠯᠭᠡᠬᠦᠷ ᠲᠡᠭᠡᠨ | ᠬᠤᠷᠢᠨ ᠵᠢᠯ ᠤᠨ ᠲᠤᠷᠰᠢ ᠬᠠᠮᠤᠭ ᠤᠨ ᠬᠠᠶᠢᠷ᠎ᠠ ᠰᠡᠳᠬᠢᠯ ᠲᠠᠢ ᠠᠪᠴᠦ ᠪᠤᠯᠳᠠᠭ ᠶᠠᠭᠤᠮ᠎ᠠ ᠪᠠᠨ ᠲᠡᠨᠳᠡ ᠠᠴᠠ | ᠬᠤᠳᠠᠯᠳᠤᠨ ᠠᠪᠳᠠᠭ᠃ ᠬᠠᠮᠤᠭ ᠰᠡᠭᠦᠯ ᠳᠤᠨᠢ ︽ᠵᠤᠤ ᠤᠳᠠ︾ ᠬᠦᠭᠦᠷᠭᠡ ᠶᠢ ᠤᠯᠵᠤ ᠠᠪᠤᠯ᠎ᠠ᠂ | ᠪᠤᠷᠵᠢᠨ ᠴᠢᠯᠠᠭᠤ ᠪᠠᠷ ᠪᠤᠰᠬᠠᠭᠰᠠᠨ ᠲᠡᠷᠡᠬᠦ ᠬᠡᠷᠦᠭᠡ ᠶᠢ ᠤᠳᠠᠳᠠᠯ᠎ᠠ ᠰᠢᠷᠳᠡᠨ ᠢᠯᠪᠢᠨ ᠵᠤᠭᠰᠤᠭᠰᠠᠨ ᠃ | ᠵᠤᠤ ᠤᠳᠠ ᠠᠶᠢᠮᠭ ᠤᠨ ᠨᠡᠷ᠎ᠡ ᠶᠢ ᠦᠭᠡᠶᠢᠰᠡᠭᠰᠡᠨ ᠠᠴᠠ ︽ ᠵᠤᠤ ᠤᠳᠠ︾ ᠪᠠᠷ ᠡᠬᠢᠯᠡᠭᠰᠡᠨ ᠪᠠᠶᠢᠭᠤᠯᠤᠯᠭ᠎ᠠ | ᠨᠢᠭᠡᠴᠨ ᠢᠶᠠᠷ ᠨᠡᠷ᠎ᠡ ᠴᠦ ᠠᠶᠠᠨᠳᠠᠭᠠᠨ ︽ᠤᠯᠠᠭᠠᠨᠬᠠᠳᠠ ︾ ᠪᠠᠷ ᠡᠬᠢᠯᠡᠵᠦ ᠲᠠᠭᠠᠤᠳᠠᠭᠳᠠᠬᠤ ᠪᠤᠯᠤᠭᠰᠠᠨ ᠂ | ᠡᠭᠦᠨ ᠳᠤ ᠬᠠᠮᠤᠭ ᠤᠨ ᠨᠡᠶᠢᠳᠡᠯᠢᠭ ᠵᠢᠰᠢᠶ᠎ᠡ ᠨᠢ ︽ᠵᠤᠤ ᠤᠳᠠ ᠶᠢᠨ ᠮᠤᠩᠭᠤᠯ ᠦᠨᠳᠦᠰᠤᠳᠡᠨ ᠤ ᠪᠠᠭᠰᠢ | ᠶᠢᠨ ᠰᠤᠷᠭᠠᠭᠤᠯᠢ ︾ ᠪᠤᠯᠤᠨ᠎ᠠ᠂ ᠡᠨᠡᠬᠦ ᠨᠡᠷ᠎ᠡ ᠨᠢ 1995 ᠤᠨ ᠪᠤᠯᠬᠤ ᠳᠤ ︽ᠤᠯᠠᠭᠠᠨᠬᠠᠳᠠ ᠶᠢᠨ | ᠦᠨᠳᠦᠰᠦᠳᠡᠨ ᠤ ᠪᠠᠭᠰᠢ ᠶᠢᠨ ᠰᠤᠷᠭᠠᠭᠤᠯᠢ ︾ ᠭᠡᠵᠦ ᠦᠭᠡᠷᠴᠢᠯᠡᠭᠳᠡᠵᠠᠢ᠃ ᠤᠳᠤᠬᠠᠨ ᠳᠤ ︽ᠵᠤᠤ | ᠤᠳᠠ ︾ ᠪᠠᠷ ᠡᠬᠢᠯᠡᠭᠰᠡᠨ ᠠᠯᠪᠠᠨ ᠪᠠᠶᠢᠭᠤᠯᠤᠯᠭ᠎ᠠ ᠭᠡᠪᠡᠯ ᠭᠡᠪᠡᠯ ᠭᠠᠭᠴᠠᠬᠦ ︽ᠵᠤᠤ ᠤᠳᠠ ᠶᠢᠨ | ᠤᠷᠴᠢᠭᠤᠯᠠᠯᠭᠠ ᠶᠢᠨ ᠬᠤᠷᠢᠶ᠎ᠠ︾ ᠪᠠᠶᠢᠨ᠎ᠠ ᠂ ᠲᠠᠪᠤᠨ ᠠᠵᠢᠯᠳᠠᠨ ᠲᠠᠢ 1991 ᠤᠨ ᠳᠤ | ᠲᠠᠩᠰᠠᠯᠠᠭᠤᠯᠵᠤ ᠪᠤᠰᠬᠠᠭᠰᠠᠨ ᠠᠵᠢᠯ ᠦᠢᠯᠡᠰ ᠴᠢᠨᠠᠷᠳᠠᠢ ᠤᠷᠴᠢᠭᠤᠯᠭ᠎ᠠ ᠶᠢᠨ ᠬᠤᠷᠢᠶ᠎ᠠ ᠪᠠᠶᠢᠳᠠᠭ᠃ | ︽ ᠵᠤᠤ ᠤᠳᠠ ︾ ᠭᠡᠬᠦ ᠨᠡᠷ᠎ᠡ ᠨᠡᠶᠢᠭᠡᠮ ᠤᠨ ᠴᠦᠭᠡᠨ ᠬᠡᠷᠡᠭᠯᠡᠳᠡᠬᠦ ᠲᠤᠳᠤᠮ ᠲᠡᠭᠦᠨ ᠤ ᠲᠡᠦᠭᠡᠳᠦ ᠪᠠᠶᠢᠷᠢ | ᠰᠠᠭᠤᠷᠢ ᠵᠢᠴᠢ ᠰᠤᠶᠤᠯ ᠤᠨ ᠦᠨ᠎ᠡ ᠦᠷᠳᠡᠭ ᠨᠢ ᠤᠯᠠᠮ ᠬᠦᠨᠳᠦ ᠪᠤᠯᠳᠠᠭ ᠪᠠᠶᠢᠨ᠎ᠠ᠃ ᠡᠭᠦᠨ ᠳᠤ ᠠᠷᠤ | ᠬᠤᠷᠴᠢᠨ ᠤ ᠬᠠᠳᠠᠨᠪᠠᠭᠠᠳᠤᠷ ᠨᠠᠷ ᠤᠨ ᠵᠤᠬᠢᠶᠠᠨ ᠪᠠᠶᠢᠭᠤᠯᠵᠤ ᠲᠠᠩᠰᠠᠯᠠᠭᠤᠵᠤ ᠵᠦᠪᠰᠢᠶᠡᠷᠡᠭᠦᠯᠦᠭᠰᠨᠨ ︽ᠵᠤᠤ | ᠤᠳᠠ ᠶᠢᠨ ᠮᠤᠩᠭᠤᠯ ᠤᠷᠠᠨ ᠵᠤᠬᠢᠶᠠᠯᠴᠢᠳ ᠤᠨ ᠨᠡᠶᠢᠭᠡᠮᠯᠢᠭ ︾ ᠨᠢ ︽ᠵᠤᠤ ᠤᠳᠠ ︾ ᠭᠡᠬᠦ ᠦᠭᠡ ᠶᠢ | ᠰᠡᠷᠭᠦᠭᠡᠨ ᠬᠡᠷᠡᠭᠯᠡᠵᠦ ᠬᠦᠮᠦᠰ ᠤᠨ ᠰᠡᠳᠬᠢᠯ ᠳᠤ ᠤᠷᠤᠨ ᠪᠠᠶᠢᠷᠢ ᠪᠠᠨ ᠲᠤᠳᠤ ᠂ ᠪᠠᠳᠤ ᠤᠯᠵᠤ ᠴᠢᠳᠠᠵᠠᠢ ᠃ | ᠡᠭᠦᠨ ᠤ ᠵᠡᠷᠭᠡᠪᠡᠷ ᠬᠤᠳᠠ ᠶᠢᠨ ᠦᠨᠳᠦᠰᠤᠳᠡᠨ ᠤ ᠬᠡᠷᠡᠭ ᠡᠷᠬᠢᠯᠡᠬᠦ ᠵᠦᠪᠯᠡᠯ ᠠᠴᠠ ᠰᠡᠷᠭᠦᠭᠡᠨ ᠬᠡᠪᠯᠡᠭᠰᠡᠨ | ︽ᠵᠤᠤ ᠤᠳᠠ︾ ᠭᠡᠬᠦ ᠰᠡᠳᠭᠦᠯ ᠨᠢ ᠴᠦ ᠲᠡᠦᠭᠡ ᠰᠤᠶᠤᠯ ᠤᠨ ᠬᠠᠳᠠᠭᠤ ᠭᠡᠷᠡᠴᠢ ᠪᠤᠯᠵᠤ ᠬᠡᠪᠯᠡᠭᠳᠡᠵᠦ | ᠲᠠᠷᠬᠠᠭᠳᠠᠵᠤ ᠪᠠᠶᠢᠨ᠎ᠠ᠃ ᠶᠠᠷᠢᠶᠠᠨ ᠦᠭᠡᠢ ︽ᠵᠤᠤ ᠤᠳᠠ︾ ᠶᠢᠨ ᠲᠤᠳᠤᠣᠬᠠᠯ ᠲᠠᠢ ᠠᠯᠪᠠᠨ ᠨᠢᠭᠡᠴᠨ | ᠪᠤᠰᠤᠳ ᠪᠠᠰᠠ ᠪᠠᠶᠢᠬᠤ ᠨᠢ ᠯᠠᠪᠳᠠᠢ᠃ ᠮᠡᠳᠡᠭ᠊ ᠨᠦᠬᠦᠳ ᠨᠦᠬᠦᠵᠦ ᠦᠯᠡᠳᠡᠭᠡᠬᠦ ᠶᠢ ᠬᠦᠰᠡᠨ᠎ᠡ᠃ | | |