ᠣᠬᠠᠭᠠᠷᠠᠯ
ᠨᠡᠶᠢᠲᠡᠯᠡᠭᠰᠡᠨ ᠴᠠᠭ᠄
2020/8/7
ᠵᠦᠴᠤᠭᠡ                   ᠣᠬᠠᠭᠠᠷᠠᠯᠴᠠᠭ  ᠄   ᠣᠷᠴᠢᠮ ᠤᠨ ᠵᠢᠯ ᠤᠳ ᠢᠶᠠᠷ —  ᠵᠣᠨ ᠤ ᠡᠬᠢᠨ ᠤ ᠨᠢᠭᠡᠨ ᠡᠳᠣᠷᠭᠠᠵᠠᠷ  ᠄   ᠮᠠᠯᠵᠢᠬᠤ ᠣᠷᠣᠨᠬᠦᠮᠣᠰ᠄   ᠪᠠᠣᠡᠮ᠎ᠠ — 60 ᠭᠠᠷᠣᠢ ᠨᠠᠰᠣᠲᠠᠢ᠂ ᠮᠠᠯᠴᠢᠨ ᠡᠵᠢ           ᠲᠠᠪᠠᠯᠭᠠᠨ  — ᠭᠤᠳᠣᠯᠴᠢᠨ 32 ᠨᠠᠰᠣᠲᠠᠢ᠂ ᠪᠠᠣᠡᠮ᠎ᠠ ᠡᠵᠢ ᠶᠢᠨ ᠬᠦᠤ           ᠲᠡᠯᠭᠡᠷ  —  ᠰᠣᠷᠪᠣᠯᠵᠢᠯᠠᠭᠴᠢ 28 ᠨᠠᠰᠣᠲᠠᠢ           ᠰᠠᠷᠠᠨ᠎ᠠ —  ᠲᠠᠪᠠᠯᠭᠠᠨ ᠤ ᠨᠠᠶᠢᠵᠠ ᠦᠬᠢᠨᠲᠠᠶᠢᠰᠡᠨ ᠤ ᠵᠠᠰᠡᠯ᠄ ᠠᠯᠣᠰ ᠤᠨ ᠠᠭᠤᠯᠡᠰ ᠢ ᠴᠡᠩᠬᠡᠷ ᠴᠠᠭᠠᠨ ᠡᠭᠦᠯᠡᠰ ᠣᠷᠢᠶᠠᠵᠤ ᠴᠡᠯᠡᠭᠡᠷ ᠨᠤᠭᠤᠭᠠᠨ ᠲᠠᠯ᠎ᠠ ᠶᠢᠨ ᠲᠡᠡᠵᠢᠨ᠎ᠠ ᠮᠣᠩᠭᠤᠯ ᠭᠡᠷ ᠤᠨ ᠡᠭᠦᠳᠠ ᠨᠢ  ᠬᠠᠭᠠᠯᠲᠠᠲᠠᠢ  ᠂ ᠬᠠᠵᠠᠭᠤ ᠳᠤ ᠨᠢ  ᠠᠶᠢᠷᠠᠭ ᠤᠨ ᠰᠠᠪᠠ ᠲᠠᠯᠪᠢᠭᠠᠰᠣᠲᠠᠢ  ᠪᠠᠶᠢᠬᠤ   ᠨᠢ ᠡᠳᠣᠷ ᠤᠨ ᠠᠵᠢᠯ ᠢᠶᠠᠨ ᠡᠬᠢᠯᠡᠭᠦᠯᠬᠦ ᠨᠢ ᠢᠯᠡᠬᠡᠨ ᠪᠠᠶᠢᠨ᠎ᠠ︔ᠨᠢᠭᠡᠳᠦᠭᠡᠷ ᠬᠦᠰᠢᠭᠡ  ᠨᠡᠬᠡᠬᠡᠬᠦ᠄           ᠪᠠᠣᠡᠮ᠎ᠠ ᠡᠵᠢ  ᠄    ︵ ᠮᠣᠩᠭᠤᠯ  ᠭᠡᠷ   ᠠᠴᠠ ᠰᠠᠭᠤᠯᠠᠭ᠎ᠠ  ᠰᠦ  ᠲᠡᠭᠦᠵᠢᠯᠡᠨ  ᠭᠠᠷᠴᠣ  ᠢᠷᠡᠨ  ᠲᠡᠭᠷᠢ   ᠶᠢᠨ ᠪᠠᠶᠢᠳᠠᠯ ᠶᠢ ᠰᠢᠡᠵᠢᠵᠤ  ᠬᠦᠤ   ᠶᠢᠨ ᠬᠤᠶᠢᠨ᠎ᠠ ᠠᠴᠠ  ᠰᠠᠨᠠᠭ᠎ᠠ ᠪᠣᠯᠵᠤ ᠦᠵᠡᠭᠴᠢᠳ ᠣᠷᠣᠭᠤ᠄          ︽ ᠦᠨᠤ  ᠡᠳᠣᠷ   ᠤᠨ  ᠲᠣᠩᠭᠠᠯᠠᠭ  ᠰᠠᠶᠢᠬᠠᠨ  ᠭᠡᠵᠤ᠂ ᠲᠠᠯ᠎ᠠ ᠨᠣᠳᠤᠭ   ᠤᠨ  ᠮᠢᠨᠢ  ᠵᠣᠨ   ᠤ  ᠡᠳᠣᠷ  ᠶᠠᠭᠠᠬᠢᠨ᠋ᠡᠰᠡᠨ ᠰᠠᠶᠢᠬᠠᠨ ᠪᠣᠢ᠂  ᠮᠢᠨᠤ ᠮᠠᠭᠤ ᠬᠦᠤ ᠮᠢᠨᠢ ᠠᠶᠢᠯ ᠲᠣᠭᠤᠷᠢᠵᠤ ᠭᠤᠳᠣᠯ ᠬᠠᠳᠠᠵᠤ ᠬᠡᠳᠣᠨ ᠵᠣᠭᠤᠰ ᠣᠯᠬᠤ ᠪᠠᠷ ᠶᠠᠪᠣᠭᠠᠣᠨ ᠬᠡᠳᠣᠨ‌ᠡᠳᠣᠷ ᠪᠣᠯᠵᠤ ᠪᠠᠶᠢᠨ᠎ᠠ ᠰᠢᠤ︔  ᠶᠠᠭᠠᠬᠢᠵᠤ  ᠪᠠᠶᠢᠭ᠎ᠠ ᠪᠣᠯ︖ ᠦᠢᠯᠠ  ᠨᠢ ᠮᠠᠭᠤ ᠲᠠᠢ ᠦᠷ᠎ᠠ ᠮᠢᠨᠢ ︵ᠣᠷᠣᠡᠡᠰᠢ  ᠲᠠᠪᠰᠢᠨ ᠠᠭᠤᠷᠲᠠᠢ  ᠴᠢᠷᠠᠶᠢᠯᠠᠨ︶ ᠦᠭᠡᠢ— ᠮᠢᠨᠤ  ᠡᠨᠠ  ᠬᠦᠤ  ᠶᠢᠨ ᠨᠡᠷ᠎ᠠ  ᠬᠠᠳᠠᠭᠤ  ᠪᠣᠯᠴᠢᠬᠠᠠᠵᠢ  ᠲᠠᠪᠠᠯᠭᠠᠨ  ᠭᠡᠵᠤ  ᠨᠡᠷ᠎ᠠ ᠦᠭᠭᠦᠭᠰᠡᠨ ᠪᠣᠷᠣᠭᠤᠳᠠᠡᠰᠡᠨ ᠪᠠᠶᠢᠬ᠎ᠠ  ᠂ ᠡᠨᠠ ᠠᠳᠠᠯ ᠠᠮᠢᠳᠣᠷᠠᠯ ᠢ ᠲᠠᠪᠠᠯᠭᠠᠨ ᠲᠣᠯᠭᠢᠶᠠᠨ ᠲᠠᠢ  ᠡᠷᠬᠢᠯᠠᠵᠤ ᠪᠠᠶᠢᠬᠤ ᠨᠢ︖᠂ ᠠᠢ  —  ᠪᠠᠶᠠᠷᠯᠠᠭᠰᠠᠨ  ᠴᠤ ᠨᠢᠭᠡ  ᠡᠳᠤᠷ᠂  ᠵᠤᠪᠠᠭᠰᠠᠨ ᠴᠤ ᠨᠢᠭᠡ  ᠡᠳᠤᠷ ᠡ᠂  ᠴᠢᠩᠬᠢᠬᠦ ᠶᠢᠨ ᠣᠷᠣᠨ ᠳᠤ  ᠡᠷᠳᠡᠬᠡᠨ‌ᠨᠠᠭᠠᠴᠤ ᠡᠵᠢ  ᠶᠢᠨ ᠬᠢᠨᠢ ᠬᠤᠷᠣᠣᠨ ᠢ ᠨᠣᠬᠤᠵᠤ ᠲᠠᠯᠪᠢᠶ᠎ᠠ ᠭᠡᠵᠤ ᠪᠡᠶ᠎ᠡ ᠡᠷᠭᠢᠨ ᠠᠯᠬᠤᠵᠤ ᠠᠶᠢᠷᠠᠭ ᠤᠨ ᠰᠠᠪᠠ ᠲᠠᠢ ᠰᠦ ᠶᠢ ᠨᠣᠬᠤᠵᠤ ᠬᠦᠳᠠᠯᠮᠦᠷᠢᠯᠠᠨ᠎ᠠ  ︔ ᠭᠤᠳᠣᠯᠴᠢᠨ ᠬᠦᠤ — ᠭᠤᠳᠣᠯ ᠬᠠᠳᠠᠨ᠎ᠠ᠂ ᠭᠤᠳᠣᠯ ᠬᠠᠳᠠᠨ᠎ᠠ᠂  ᠠᠷᠠᠰᠣᠨ ᠭᠤᠳᠣᠯ᠂ ᠪᠣᠯᠢᠭᠠᠷᠢ ᠭᠤᠳᠣᠯ᠂ ᠦᠡᠳᠣᠷ ᠪᠣᠭᠤᠨᠢ ᠲᠦᠷᠡᠢ ᠲᠠᠢ ᠭᠤᠳᠣᠯ ᠬᠠᠳᠠᠨ᠎ᠠ ᠭᠡᠵᠤ  ᠪᠠᠷᠬᠢᠷᠠᠨ  ᠲᠠᠶᠢᠰᠠᠨ ᠤ ᠠᠷᠤ ᠳᠤ ᠢᠯᠡᠷᠡᠨ ᠶᠠᠪᠣᠵᠤ  ᠵᠡᠷᠭᠡᠯᠳᠡᠭᠡ ᠠᠶᠢᠯ ᠲᠣᠷᠵᠢ ᠠᠬ᠎ᠠ ᠶᠢᠨ ᠡᠭᠦᠳᠡᠨ᠎ᠠ ᠢᠷᠡᠵᠤ ᠭᠤᠳᠣᠯ ᠬᠠᠳᠠᠵᠤ ᠰᠠᠭᠤᠨ᠎ᠠ︔(  ᠭᠤᠳᠣᠯ ᠢ ᠡᠷᠭᠢᠭᠦᠯᠣᠨ ᠬᠦᠷᠪᠡᠭᠦᠯᠣᠨ ᠰᠢᠡᠵᠢᠵᠤ ᠬᠠᠰᠢᠷ ᠲᠦᠷᠢ  ᠭᠠᠷᠭᠠᠨ ᠶᠠᠷᠢᠵᠤ ᠠᠵᠢᠯᠯᠠᠨ᠎ᠠ  ᠂︶ ᠮᠢᠨᠤ ᠬᠦᠯᠣᠰᠣᠨ  ᠮᠦᠩᠭᠦ ᠶᠢ ᠭᠤᠳᠣᠯ ᠲᠣᠳᠣᠷ᠎ᠠ ᠬᠢᠵᠤ  ᠦᠭᠭᠦᠶ᠎ᠡ ᠭᠡᠵᠤ ᠬᠡᠯᠡᠵᠦ ᠪᠠᠶᠢᠡᠡᠰᠠᠨ᠂ ᠦ — ᠨᠡᠯᠢᠶᠡᠣᠨ ᠭᠡᠳᠣᠨ ᠵᠣᠭᠤᠰ ᠪᠠᠶᠢᠨ᠎ᠠ᠂ ︵ᠶᠡᠬᠡᠳᠠ ᠪᠠᠶᠠᠷᠯᠡᠨ ᠪᠣᠰᠣᠨ ᠵᠣᠡᠡᠰᠣᠵᠤ︶ ᠵᠠ— ᠡᠨᠠ ᠵᠣᠭᠤᠰ ᠢᠶᠠᠷ ᠢᠶᠠᠨ ᠡᠵᠢ ᠳᠡᠭᠡᠨ ᠴᠠᠢ ᠠᠪᠴᠤ ᠦᠭᠭᠦᠶ᠎ᠡ᠂ ᠮᠠᠨ ᠤ ᠭᠡᠷ ᠠᠳᠠ ᠠᠴᠠ  ᠣᠳᠤ  ᠲᠡᠮᠡᠢ ᠬᠤᠯᠠ ᠦᠭᠡᠢ᠂ ᠡᠵᠢ ᠳᠡᠭᠡᠨ  ᠵᠣᠯᠭᠠᠵᠤ ᠪᠠᠶᠠᠷᠯᠠᠭᠤᠯᠣᠶ᠎ᠠ ᠭᠡᠵᠤ  ᠪᠤᠡᠡᠴᠤ ᠢᠶᠠᠨ ᠡᠭᠦᠷᠣᠨ ᠭᠡᠷ ᠣᠷᠣᠭᠤ ᠪᠠᠨ ᠶᠠᠪᠣᠨ᠎ᠠ︔ ᠭᠤᠳᠣᠯᠴᠢᠨ ᠬᠦᠤ — ᠭᠡᠷ ᠤᠨ ᠢᠶᠠᠨ ᠡᠭᠦᠳᠡᠨ ᠳᠤ ᠬᠦᠷᠴᠤ ᠢᠷᠡᠨ ︵ᠭᠤᠳᠣᠯ ᠬᠠᠳᠠᠨ᠎ᠠ᠂ ᠱᠠᠬᠠᠢ ᠬᠠᠳᠠᠨ᠎ᠠ ᠭᠡᠵᠤ  ᠪᠠᠷᠬᠢᠷᠠᠨ ᠡᠵᠢ ᠢᠶᠠᠨ ᠰᠣᠴᠢᠭᠠᠵᠤ ᠪᠢᠯᠢᠩᠰᠢᠭᠦᠯᠣᠨ᠎ᠠ︶︔ ᠡᠵᠢ  — ᠶᠠᠭᠤᠨ ᠤ ᠬᠦᠮᠣᠨ᠂  ᠶᠠᠭᠠᠬᠢᠨᠭᠰᠠᠨ ᠬᠦᠮᠣᠨ ᠪᠣᠢ︖ ᠪᠠᠶᠢᠵᠠ ᠪᠠᠶᠢᠵᠠ — ᠡᠨᠠ  ᠮᠠᠭᠤ ᠬᠦᠤ ᠴᠢᠨᠢ᠂ ᠭᠡᠷ ᠤᠨ ᠢᠶᠠᠨ ᠡᠭᠦᠳᠠᠨ‌‍ᠲ᠋ᠡᠭᠡᠷ᠎ᠠ ᠶᠠᠭᠤ ᠶᠠᠭᠤ ᠬᠠᠰᠬᠢᠷᠤᠭᠠᠳ ᠪᠠᠶᠢᠬᠤ ᠪᠣᠢ︖ ᠭᠤᠳᠣᠯᠴᠢᠨ ᠬᠦᠤ — ᠡᠵᠢ ᠡ᠂ ᠮᠠᠭᠤ ᠬᠦᠤ ᠴᠢᠨᠢ ᠠᠶᠢᠯ ᠠᠶᠢᠯ ᠤᠨ ᠡᠭᠦᠳᠠᠨ ᠲᠡᠭᠡᠷ᠎ᠠ ᠭᠤᠳᠣᠯ  ᠬᠠᠳᠠᠨ᠎ᠠ ᠭᠡᠵᠤ  ᠪᠠᠷᠬᠢᠷᠠᠭᠰᠠᠭᠠᠷ ᠪᠠᠶᠢᠭᠠᠣᠨ ᠳᠠᠳᠬᠠᠯ ᠪᠣᠯᠴᠢᠬᠠᠵᠢ︔ ᠡᠵᠢ  — ᠬᠦᠤ ᠮᠢᠨᠢ᠂ ᠴᠢᠨᠤ ᠪᠡᠶ᠎ᠠ ᠳᠡᠭᠡᠨ ᠡᠷᠢᠭᠰᠡᠨ ᠵᠤᠪᠠᠯᠠᠩ ᠪᠢᠰᠢᠤ ᠳ᠋ᠠ᠂ ᠠᠮᠣᠷ  ᠮᠡᠨᠳᠦᠬᠡᠨ ᠬᠠᠷᠢᠵᠤ ᠢᠷᠩᠰᠡᠨ ᠴᠢᠨᠢ ᠪᠣᠯᠴᠢᠬᠠᠨ᠎ᠠ︔ ︵ᠡᠵᠢ ᠬᠦᠤ ᠮᠣᠩᠭᠤᠯ ᠭᠡᠷ ᠲᠤ ᠴᠠᠢ ᠣᠣᠭᠤᠵᠣ ᠰᠠᠭᠤᠨ᠎ᠠ︶ ᠰᠣᠷᠪᠣᠯᠵᠢᠯᠬᠠᠴᠢ— ︵ᠶᠠᠭ ᠡᠨᠡᠬᠦ ᠦᠶᠠᠰ ᠰᠣᠷᠪᠣᠯᠵᠢᠯᠬᠠᠴᠢ ᠲᠠᠶᠢᠰᠡᠨ᠎ᠠ ᠭᠠᠷᠴᠤ ᠢᠷᠡᠨ᠎ᠡ︔  ᠦᠵᠡᠭᠴᠢᠳ ᠲᠠ ᠪᠦᠬᠦᠨ ᠰᠠᠶᠢᠨ ᠪᠠᠶᠢᠨᠠᠣ︖ ᠪᠢ ᠪᠣᠯ ︽ᠨᠡᠶᠢᠭᠡᠮ ᠠᠵᠢᠭᠯᠠᠯᠲᠠ ᠲᠡᠯᠭᠡᠴᠠ︾ ᠶᠢᠨ ᠰᠤᠷᠪᠤᠯᠵᠢᠯᠠᠭᠴᠢ ᠲᠡᠯᠭᠡᠷ ᠪᠣᠯᠬᠤ ᠶᠣᠮ ᠡ᠂ ᠣᠳᠣᠬᠠᠨ ᠳᠤ ᠨᠠᠮ ᠵᠠᠰᠠᠭ ᠤᠨ ᠣᠳᠣᠷᠢᠳᠣᠯᠭ᠎ᠠ ᠲᠣᠣᠷ᠎ᠠ᠂ ᠣᠯᠣᠰ ᠲᠠᠶᠠᠭᠠᠷ ᠣᠯᠡᠨ ᠲᠦᠮᠡᠡᠴᠢ ᠱᠣᠭᠤᠮ ᠶᠢ ᠰᠣᠷᠣᠯᠴᠠᠵᠤ ᠲᠣᠮᠳᠠᠳᠤ ᠶᠢᠨ ᠬᠦᠰᠡᠯᠡᠩ ᠶᠢ ᠪᠡᠶᠡᠯᠡᠬᠦᠯᠬᠦ ᠶᠢᠨ ᠲᠦᠯᠣᠭᠡ ᠭᠠᠵᠠᠷ ᠪᠣᠯᠭᠠᠨ ᠳᠤ ᠴᠠᠭ ᠮᠦᠴᠠ ᠲᠠᠢ‌ᠣᠷᠣᠯᠳᠣᠵᠤ ᠴᠢᠷᠮᠠᠶᠢᠨ ᠲᠡᠮᠡᠴᠡᠵᠦ ᠶᠠᠪᠣᠭ᠎ᠠ ᠶᠢ ᠦᠵᠡᠭᠴᠢᠳ ᠲᠠ ᠪᠦᠬᠦᠨ ᠶᠠᠭᠤ ᠶᠢ ᠨᠢ ᠠᠡᠳᠣᠬᠤ ᠪᠣᠢ︖    ᠶᠠᠭ ᠡᠶᠢᠮᠦ ᠠᠴᠠ ᠮᠠᠨ ᠤ ︽ᠨᠡᠶᠢᠭᠡᠮ ᠠᠵᠢᠭᠯᠠᠯᠲᠠ ᠲᠡᠯᠭᠡᠴᠠ︾ ᠠᠴᠠ ᠦᠡᠳᠣᠰᠣᠨ ᠱᠠᠳᠣᠨ ᠳᠤ ᠭᠦᠨᠵᠡᠭᠡᠶᠢᠷᠡᠵᠦ ᠣᠯᠠᠨ ᠲᠦᠮᠡᠨ ᠤ ᠲᠣᠮᠳᠠ ᠭᠦᠨᠵᠡᠭᠡᠶᠢᠷᠡᠵᠦ ᠰᠤᠷᠪᠤᠯᠵᠢᠯᠠᠭ᠎ᠠ ᠬᠢᠵᠤ ᠪᠠᠶᠢᠭ᠎ᠠ ᠶᠣᠮ︔ ᠵᠠ ᠪᠢ ᠣᠳᠤ ᠶᠠᠭ ᠪᠠᠳᠮ᠎ᠠ ᠨᠠᠰᠣᠳᠠᠨ ᠤ ᠡᠭᠦᠳᠡᠨ᠎ᠠ ᠬᠦᠷᠴᠤ ᠢᠷᠡᠭᠡᠣᠨ ᠪᠠᠶᠢᠬᠤ ᠶᠣᠮ᠃ ᠡᠳᠡᠨᠡᠶᠢᠬᠡᠨ ᠴᠣᠬᠤᠮ ᠶᠠᠮᠡᠷ ᠰᠢᠤ ᠠᠮᠢᠳᠣᠷᠠᠯ ᠲᠠᠢ ᠪᠠᠶᠢᠬᠤ᠂ ᠪᠠᠰᠠ ᠶᠠᠮᠠᠷ ᠰᠢᠤ ᠬᠦᠰᠡᠯ ᠡᠷᠡᠮᠡᠯᠵᠡᠯ ᠲᠠᠢ ᠪᠠᠶᠢᠬᠤ ᠲᠣᠬᠠᠢ ᠶᠠᠷᠢᠯᠴᠠᠵᠤ ᠦᠵᠡᠶ᠎ᠡ︔         ᠬᠤᠶᠠᠳᠣᠭᠠᠷ ᠬᠦᠰᠢᠭᠡ   ᠡᠵᠢ  ᠂ ᠭᠤᠳᠣᠯᠴᠢᠨ ᠬᠦᠤ᠂ ᠰᠣᠷᠪᠣᠯᠵᠢᠯᠬᠠᠴᠢ ᠶᠢᠨ ᠶᠠᠷᠢᠶ᠎ᠠ︔ ᠰᠣᠷᠪᠣᠯᠵᠢᠯᠬᠠᠴᠢ—  ︵ᠨᠣᠬᠠᠢ ᠪᠠᠨ ᠬᠤᠷᠢ᠂ ᠨᠣᠬᠠᠢ ᠪᠠᠨ ᠬᠤᠷᠢ︶ ᠵᠠ ᠰᠠᠶᠢᠨ ᠪᠠᠶᠢᠨᠠᠣ︖᠂ ᠡᠵᠢ ᠬᠦᠤ ᠵᠠᠷᠭᠡ ᠪᠠᠷ ᠰᠠᠶᠢᠨ ᠰᠠᠶᠢᠨ ᠭᠡᠵᠤ ᠮᠡᠨᠳᠦᠴᠢᠯᠡᠵᠦ ᠭᠡᠷ ᠲᠡᠭᠡᠨ ᠣᠡᠡᠳᠣᠵᠤ ᠣᠷᠣᠭᠤᠯᠣᠨ᠎ᠠ︔ ᠡᠵᠢ — ᠲᠠ ᠴᠢᠨᠢ ᠬᠠᠮᠢᠭ᠎ᠠ ᠠᠴᠠ ᠢᠷᠡᠵᠤ ᠶᠠᠪᠣᠭ᠎ᠠ ᠪᠣᠢ  ︖ ᠶᠠᠭᠤ ᠬᠢᠳᠡᠭ ᠬᠦᠮᠣᠨ ᠪᠣᠢ︖ ᠰᠣᠷᠪᠣᠯᠵᠢᠯᠬᠠᠴᠢ —  ᠪᠢ ᠪᠣᠯ ︽ᠨᠡᠶᠢᠭᠡᠮ ᠠᠵᠢᠭᠯᠠᠯᠲᠠ ᠲᠡᠯᠭᠡᠴᠠ︾ ᠶᠢᠨ ᠰᠣᠷᠪᠣᠯᠵᠢᠯᠬᠠᠴᠢ ᠲᠡᠯᠭᠡᠷ ᠪᠣᠯᠬᠤ ᠶᠣᠮ︔ ᠡᠵᠢ — ᠰᠣᠷᠪᠣᠯᠵᠢᠯᠠᠨ᠎ᠠ ᠰᠣᠷᠪᠣᠯᠵᠢᠯᠠᠨ᠎ᠠ ᠭᠡᠳᠡᠭ ᠴᠢᠨᠢ ᠠᠰᠠᠭᠤᠵᠤ ᠯᠠᠪᠯᠠᠨ᠎ᠠ ᠭᠡᠰᠡᠨ ᠦᠭᠡ  ︖ ᠰᠣᠷᠪᠣᠯᠵᠢᠯᠬᠠᠴᠢ — ᠲᠠᠶᠢᠮᠤ ᠲᠠᠶᠢᠮᠤ᠂ ᠡᠵᠢ ᠲᠠᠨ ᠤ ᠠᠮᠢᠳᠣᠷᠠᠯ ᠠᠬᠤᠢ ᠶᠢᠨ ᠲᠠᠯ᠎ᠠ ᠪᠠᠷ ᠶᠠᠮᠠᠷ ᠰᠢᠦ ᠪᠠᠶᠢᠳᠠᠭ ᠪᠣᠢ︖ ᠡᠵᠢ  — ᠪᠣᠷᠬᠠᠨ᠂ ᠪᠣᠷᠬᠠᠨ — ᠪᠣᠤ ᠭᠠᠷᠭᠠᠵᠤ  ᠬᠡᠯᠠ᠂ ᠭᠠᠷᠭᠠᠵᠤ ᠬᠡᠯᠡᠬᠦ ᠠᠴᠠ ᠵᠣᠪᠠᠨ᠎ᠠ᠂ ᠮᠠᠨ ᠤ ᠠᠶᠢᠯ  ᠳᠤ ᠦᠰᠤ ᠲᠠᠢ ᠶᠠᠭᠤᠮ᠎ᠠ ᠭᠡᠵᠤ ᠬᠠᠰᠢᠶᠠᠨ ᠳᠤ ᠪᠠᠶᠢᠬᠤ ᠲᠡᠷᠠ ᠨᠢᠭᠡ ᠭᠡᠳᠤᠨ ᠬᠤᠨᠢ ᠠᠴᠠ ᠦᠭᠡᠷ᠎ᠠ ᠶᠠᠭᠤᠮ᠎ᠠ ᠦᠭᠡᠢ  ᠂ ᠣᠳᠤ ᠨᠢᠭᠡ  ᠴᠣᠷ ᠤᠨ ᠭᠠᠭᠴᠠ ᠪᠠᠶᠢᠬᠤ ᠨᠢ ᠮᠢᠨᠤ ᠲᠡᠷᠭᠡᠳᠠ ᠪᠠᠶᠢᠬᠤ ᠡᠨᠡ  ᠦᠰᠤ ᠦᠭᠡᠢ ᠮᠠᠯ ᠨᠢᠭᠡ ᠪᠠᠶᠢᠨ᠎ᠠ︔ᠭᠤᠳᠣᠯᠴᠢᠨ ᠬᠦᠤ — ᠡᠵᠢ ᠡ — ᠲᠠ ᠶᠠᠭᠤ ᠶᠠᠷᠢᠵᠤ ᠪᠠᠶᠢᠬᠤ ᠪᠣᠢ︖ ᠪᠢ ᠴᠢᠨᠢ ᠲᠠᠨ ᠤ ᠲᠦᠷᠦᠭᠰᠡᠨ ᠬᠦᠤ ᠰᠢᠦ︔  ︵ᠪᠠᠴᠢᠮᠳᠠᠵᠤ ᠰᠠᠨᠳᠣᠷᠴᠣ ᠬᠦᠬᠡᠷᠣᠬᠦᠨ ᠶᠠᠷᠢᠨ᠎ᠠ  ︶ᠡᠵᠢ  —  ᠲᠦᠷᠦᠭᠰᠡᠨ ᠬᠦᠤ᠂  ᠲᠦᠷᠦᠭᠰᠡᠨ ᠬᠦᠤ᠂  ᠲᠡᠯᠡᠬᠡᠢ ᠳᠤ ᠬᠤᠣᠰ ᠦᠭᠡᠢ ᠲᠡᠯᠪᠡᠷᠡᠬᠦ ᠪᠦᠮᠪᠦᠭᠡ ᠶᠢᠨ ᠨᠢᠭᠡ ᠨᠢ ᠰᠢᠦ ᠴᠢ ᠴᠢᠨᠢ  ︔ᠰᠣᠷᠪᠣᠯᠵᠢᠯᠬᠠᠴᠢ —  ︵ ᠭᠠᠶᠢᠬᠠᠰᠢ ᠠᠯᠳᠠᠵᠤ  ︶ ᠡᠵᠢ ᠲᠠ ᠦᠭᠡ ᠶᠢ ᠶᠠᠭᠠᠬᠢᠭᠠᠣᠨ ᠢᠩᠬᠢᠵᠦ ᠬᠡᠯᠡᠵᠦ ᠪᠠᠶᠢᠬᠤ ᠪᠣᠢ︖ ᠲᠠᠨ ᠤ ᠬᠢ ᠴᠢᠨᠢ ᠪᠣᠯᠣᠮᠠᠷ ᠰᠠᠶᠢᠬᠠᠨ ᠠᠮᠢᠳᠣᠷᠠᠵᠤ  ᠪᠠᠶᠢᠨ᠎ᠠ ᠰᠢᠳᠠ᠂ ᠬᠠᠰᠢᠶ᠎ᠠ ᠬᠦᠷᠢᠶ᠎ᠠ ᠲᠡᠷᠢ ᠲᠡᠭᠰᠢ᠂ ᠰᠠᠭᠠᠯᠢ ᠬᠤᠷᠣᠣᠨ ᠪᠠᠰᠠ ᠡᠯᠪᠡᠭ ᠲᠡᠯᠪᠡᠭ ᠪᠠᠶᠢᠨ᠎ᠠ ᠰᠢᠳᠠ︔ ᠡᠵᠢ   —     ᠦᠭᠡᠢ ᠰᠢᠦ᠂ ᠡᠨᠡ ᠨᠣᠳᠤᠭ ᠴᠢᠨᠢ ᠪᠦᠷ ᠨᠠᠭᠠᠴᠤ ᠡᠵᠢ ᠶᠢᠨ ᠬᠢᠨᠢ ᠨᠣᠳᠤᠭ ᠰᠢᠦ᠂ ᠪᠢᠳᠠ ᠬᠦᠮᠣᠨ ᠤ ᠨᠣᠳᠤᠭ ᠶᠢ ᠵᠢᠭᠡᠯᠡᠵᠦ ᠰᠠᠭᠤᠵᠤ ᠪᠠᠶᠢᠭ᠎ᠠ ᠶᠣᠮ᠂ ᠰᠠᠳᠣᠨ ᠲᠦᠷᠣᠯ ᠪᠣᠯᠬᠤᠯᠠᠷ ᠠᠷᠭ᠎ᠠ ᠦᠭᠡᠢ ᠮᠠᠨᠣᠰ ᠢ ᠪᠠᠭᠲᠠᠭᠠᠵᠣ ᠪᠠᠶᠢᠬᠤ ᠶᠣᠮ ᠭᠡᠵᠤ ᠰᠣᠷᠪᠣᠯᠵᠢᠯᠬᠠᠴᠢ ᠳᠤ ᠴᠠᠢ ᠠᠶᠠᠭᠠᠯᠠᠨ᠎ᠠ︔ ᠰᠣᠷᠪᠣᠯᠵᠢᠯᠬᠠᠴᠢ— ᠵᠠ᠂ ᠡᠵᠢ ᠲᠠ ᠣᠳᠤ ᠶᠠᠮᠠᠷ ᠰᠢᠦ ᠬᠦᠰᠡᠯ ᠡᠷᠡᠮᠡᠯᠵᠡᠯ ᠲᠠᠢ ᠪᠣᠢ︖ ᠡᠵᠢ  — ︵ᠨᠢᠭᠤᠷ ᠲᠦᠭᠦᠷᠡᠩ ᠢᠨᠢᠶᠡᠮᠰᠦᠭᠯᠡᠵᠦ︶ ᠪᠢ ᠴᠢᠨᠢ ᠵᠠᠯᠠᠭᠤ ᠳᠠᠭᠠᠨ ᠲᠠᠭᠤᠴᠢᠨ ᠬᠦᠭᠵᠢᠮᠴᠢᠨ ᠪᠣᠯᠣᠶ᠎ᠠ ᠭᠡᠰᠡᠨ ᠬᠦᠰᠡᠯᠡᠩ ᠲᠠᠪᠠᠭᠤ  ᠪᠠᠶᠢᠵᠠᠢ᠂ ᠣᠳᠤ ᠬᠦᠤ ᠶᠢᠨ ᠠᠪᠤ ᠦᠭᠡᠳᠠ ᠪᠣᠯᠣᠡᠡᠰᠡᠨ ᠠᠴᠠ ᠨᠠᠰᠢ ᠠᠯᠢᠪᠠ ᠬᠦᠰᠡᠯᠡᠩ ᠪᠦᠷ ᠦᠯᠣᠭᠡᠢ ᠳ᠋ᠡᠭᠡᠨ‌‍ᠲ᠋ᠠᠭᠤᠰᠴᠢᠬᠠᠵᠠᠢ︔ ᠲᠡᠷᠠ ᠦᠶ᠎ᠠ ᠳᠤ ᠡᠵᠢ ᠨᠢ ᠪᠢ ᠲᠠᠭᠤᠴᠢᠨ ᠪᠣᠯᠣᠡᠡᠰᠡᠨ ᠪᠣᠯ ᠲᠡᠷᠠ ᠲᠡᠣᠡᠮ᠎ᠠ  ᠰᠡᠴᠡᠩᠭᠤᠸ᠎ᠠ ᠲᠠᠢ ᠠᠳᠠᠯᠢ ᠲᠠᠭᠤᠴᠢᠨ ᠪᠣᠯᠬᠤ ᠶᠤᠮ ᠳ᠋ᠠ︔ ᠭᠤᠳᠣᠯᠴᠢᠨ ᠬᠦᠤ — ᠦᠭᠡᠢ᠂ ᠡᠵᠢ ᠡ᠂ ᠲᠠ ᠪᠣᠷᠣᠭᠤ ᠶᠠᠷᠢᠵᠤ ᠪᠠᠶᠢᠨ᠎ᠠ᠂ ᠰᠡᠴᠡᠩᠭᠤᠸ᠎ᠠ ᠴᠢᠨᠢ ᠺᠢᠨᠣ᠋ ᠲᠤᠭᠯᠠᠭᠴᠢ ᠰᠢᠦ  ᠰᠣᠷᠪᠣᠯᠵᠢᠯᠬᠠᠴᠢ— ︽ᠦ  ︾ ᠡᠵᠢ ᠲᠠ ᠶᠠᠮᠡᠷ ᠰᠠᠶᠢᠨ ᠰᠠᠶᠢᠬᠠᠨ ᠬᠦᠰᠡᠯ ᠡᠷᠡᠮᠡᠯᠵᠡᠯ ᠲᠠᠢ ᠪᠠᠶᠢᠠᠡᠰᠠᠨ ᠪᠣᠢ︖ᠣᠳᠤ ᠴᠢᠩᠬᠢᠪᠡᠯ ᠶᠠᠮᠠᠷ ᠰᠢᠣᠬᠠᠨ ᠬᠦᠰᠡᠯ ᠲᠠᠢ    ᠪᠣᠢ  ︖ᠡᠵᠢ  — ᠣᠳᠤ ᠤᠤ︖ ᠠᠢ  — ᠭᠡᠵᠤ ᠣᠷᠳᠤ ᠰᠠᠨᠠᠭ᠎ᠠ ᠠᠯᠳᠠᠵᠤ ᠶᠠᠮᠠᠷ ᠴᠤ ᠬᠦᠰᠡᠯ ᠡᠷᠡᠮᠡᠯᠵᠡᠯ ᠪᠠᠶᠢᠬᠤ ᠦᠭᠡᠢ᠂ ᠡᠨᠠ ᠬᠦᠤ ᠪᠦᠷ ᠲᠣᠶᠢᠲᠦᠭᠡᠣᠨ ᠪᠠᠷᠠᠭᠠᠴᠢᠬᠠᠵᠠᠢ︔ᠰᠣᠷᠪᠣᠯᠵᠢᠯᠬᠠᠴᠢ — ᠶᠠᠭᠠᠬᠢᠭᠠᠣᠨ  ︖ ᠡᠵᠢ — ᠮᠠᠨ ᠤ ᠬᠢᠨ ᠦᠨᠠᠠᠳᠡᠭᠡᠨ ᠪᠠᠶᠡᠨ ᠴᠢᠨᠡᠭᠡᠯᠢᠭ ᠠᠶᠢᠯ ᠪᠢᠰᠢ ᠪᠣᠯᠪᠠᠴᠤ ᠪᠠᠰᠠ ᠠᠮᠢᠨ ᠳᠠᠭᠠᠨ ᠵᠦᠪ ᠲᠠᠢ ᠠᠶᠢᠯ ᠪᠠᠶᠢᠭᠰᠠᠨ ᠰᠢᠤ  ᠂ ᠭᠡᠨᠨᠣᠨᠳᠠ ᠨᠢᠭᠡ ᠡᠳᠣᠷ ᠮᠢᠨᠤ ᠡᠨᠠ ᠬᠦᠤ ᠬᠤᠳᠠ ᠣᠷᠣᠭᠠᠣᠨ ᠰᠣᠨᠢᠨ ᠬᠠᠴᠢᠨ ᠪᠣᠯᠵᠤ ᠦᠭᠡ ᠨᠣᠮ ᠳᠤ ᠣᠷᠣᠬᠤ ᠦᠭᠡᠢ ᠲᠣᠷ᠎ᠠ ᠪᠠᠷ ᠠᠭᠠᠰᠢᠯᠠᠵᠤ ᠭᠡᠳᠣᠨ ᠵᠠᠭᠤᠨ ᠮᠤ᠋ ᠨᠣᠳᠤᠭ ᠪᠡᠯᠴᠢᠭᠡᠷ ᠢᠶᠠᠨ ᠪᠣᠰᠣᠣᠨ  ᠲᠤ ᠭᠤᠷᠪᠠᠨ ᠵᠢᠯ ᠤᠨ ᠬᠤᠭᠤᠴᠠᠭ᠎ᠠ ᠲᠠᠢ ᠲᠦᠷᠢᠶᠡᠰᠣᠯᠡᠨ ᠦᠭᠴᠤ ᠮᠠᠶᠢᠮᠠᠢ ᠱᠣᠣᠮᠠᠢ ᠬᠢᠭᠡᠣᠨ ᠪᠦᠲᠦᠭᠰᠡᠨ ᠶᠠᠭᠤᠮ᠎ᠠ ᠦᠭᠡᠢ᠂ ᠲᠡᠭᠡᠷ᠎ᠠ ᠨᠢ ᠪᠠᠰᠠ ᠶᠠᠭᠤᠨ ᠤ ᠵᠣᠭᠤᠰ ᠲᠠᠢ ᠮᠦᠷᠣᠶᠢᠴᠡᠭᠡᠨ ︽ᠮᠠᠵᠢᠶᠠᠩ︾ ᠭᠡᠵᠤ ᠨᠠᠭᠠᠳᠣᠭᠠᠣᠨ ᠠᠯᠢᠪᠠ ᠪᠠᠨ ᠪᠠᠷᠠᠭᠰᠠᠨ ᠰᠢᠤ︔ ᠣᠳᠤ ᠴᠢᠩᠭᠢᠭᠡᠣᠨ ᠮᠠᠯᠴᠢᠨ ᠴᠤ ᠪᠢᠰᠢ᠂ ᠮᠠᠶᠢᠮᠠᠶᠢᠴᠢᠨ ᠴᠤ ᠪᠢᠰᠢ ᠂ ᠭᠤᠳᠣᠯᠴᠢᠨ ᠪᠣᠯᠣᠭᠠᠣᠨ ᠠᠶᠢᠯ ᠠᠶᠢᠯ ᠢ ᠲᠣᠭᠤᠷᠢᠨ ᠭᠤᠳᠣᠯ ᠬᠠᠳᠠᠵᠤ ᠭᠤᠩ ᠪᠡᠶ᠎ᠠ ᠭᠤᠵᠣᠩ ᠲᠣᠯᠣᠭᠠᠢ ᠶᠠᠪᠣᠵᠤ ᠡᠵᠢ ᠪᠠᠨ ᠨᠠᠳᠠ ᠶᠢ ᠵᠣᠪᠠᠭᠠᠵᠤ ᠪᠠᠶᠢᠬᠤ  ᠦᠭᠡᠢ ᠤᠤ ᠳ᠋ᠠ᠂ ᠣᠳᠤ ᠮᠢᠨᠤ ᠴᠤᠷᠢ ᠶᠢᠨ ᠭᠠᠭᠴᠠ ᠬᠦᠰᠡᠯ ᠪᠣᠯ ᠡᠷᠳᠠ ᠨᠢᠭᠡ ᠡᠳᠣᠷ ᠡᠨᠠ ᠬᠦᠤ ᠶᠢᠨ ᠪᠡᠶ᠎ᠠ ᠶᠢ ᠪᠦᠳᠣᠭᠡᠵᠤ ᠠᠶᠢᠯ ᠭᠡᠷ ᠪᠣᠯᠭᠠᠨ ᠡᠷᠣᠬᠡ ᠨᠡᠬᠡᠭᠡᠬᠦ ᠶᠢ ᠬᠦᠰᠡᠵᠤ ᠪᠠᠶᠢᠨ᠎ᠠ᠃ᠰᠣᠷᠪᠣᠯᠵᠢᠯᠬᠠᠴᠢ — ᠦ ᠲᠠᠨ ᠤ ᠠᠮᠢᠳᠣᠷᠠᠯ ᠡᠶᠢᠮᠤ ᠬᠦᠴᠢᠷᠲᠠᠢ ᠪᠠᠶᠢᠭ᠎ᠠ ᠶᠣᠮ ᠤᠤ ᠳ᠋ᠠ᠂ ﹇ᠰᠣᠷᠪᠣᠯᠵᠢᠯᠬᠠᠴᠢ ᠭᠤᠳᠣᠯᠴᠢᠨ ᠬᠦᠤ ᠣᠷᠣᠭᠤ ᠬᠠᠨᠳᠣᠨ ᠦᠭᠡ ᠶᠠᠷᠢᠬᠤ ᠭᠡᠳᠡᠯ᠎ᠠ﹈ ᠬᠦᠤ ᠶᠠᠭᠠᠷᠡᠤ ᠰᠠᠨᠳᠤᠷᠤᠤ ᠣᠷᠣᠠ᠋ᠰᠢ ᠲᠠᠪᠰᠢᠨ ᠦᠭᠡ ᠶᠠᠷᠢᠨ᠎ᠠ︔ ᠭᠤᠳᠣᠯᠴᠢᠨ ᠬᠦᠤ — ᠰᠣᠷᠪᠣᠯᠵᠢᠯᠬᠠᠴᠢ ᠠᠬ᠎ᠠ ᠡ᠂ ᠨᠠᠳᠠ ᠬᠦᠰᠡᠯ ᠡᠷᠡᠮᠡᠯᠵᠡᠯ ᠣᠪᠣᠭ᠎ᠠ ᠪᠠᠶᠢᠨ᠎ᠠ ᠰᠢᠤ᠂ ᠮᠠᠨ ᠤ ᠡᠵᠢ ᠲᠡᠩᠳᠡᠭᠦᠤ ᠶᠠᠭᠠᠷᠠᠵᠤ ᠪᠠᠶᠢᠨ᠎ᠠ᠂ ᠨᠠᠳᠠ ᠶᠢ ᠨᠠᠰᠤ ᠶᠠᠪᠣᠴᠢᠬᠠᠯ᠎ᠠ  ᠭᠡᠣᠨ  ᠂᠂᠂᠂ ᠰᠣᠷᠪᠣᠯᠵᠢᠯᠬᠠᠴᠢ  — ᠲᠠ ᠴᠢᠨᠢ ᠣᠳᠤ ᠬᠡᠳᠣᠢ ᠨᠠᠰᠣᠲᠠᠢ ᠪᠣᠢ  ︖ ᠭᠤᠳᠣᠯᠴᠢᠨ ᠬᠦᠤ — ᠪᠢ ᠴᠢᠨᠢ ᠣᠳᠤ ᠭᠤᠴᠢᠨ ᠵᠢᠯ  ᠰᠢᠨᠠᠯᠡᠭᠡᠣᠨ   ︽ᠬᠤᠶᠠᠷ ᠵᠢᠯ ᠪᠣᠯᠵᠤ ᠪᠠᠶᠢᠨ᠎ᠠ︾ ᠭᠠᠯᠠᠭᠤ ᠲᠠᠢ᠂ ﹇ᠦ﹈ ᠪᠢᠰᠢ᠂ ᠪᠢᠰᠢ᠂ ᠲᠠᠬᠢᠶ᠎ᠠ ᠲᠠᠢ ᠲᠠᠬᠢᠶ᠎ᠠ ᠲᠠᠢ︔ᠰᠣᠷᠪᠣᠯᠵᠢᠯᠬᠠᠴᠢ — ᠲᠠ ᠴᠢᠨᠢ ᠶᠡᠭᠡ ᠱᠣᠡᠡᠲᠠᠢ ᠶᠠᠷᠢᠵᠤ ᠪᠠᠶᠢᠨ᠎ᠠ᠂ ᠭᠤᠴᠢ ᠭᠠᠷᠴᠤ ᠪᠠᠶᠢᠪᠡᠯ ᠪᠠᠰᠠ ᠭᠡᠷ ᠪᠦᠯᠢ ᠪᠣᠯᠬᠤ ᠶᠣᠰᠣᠲᠠᠢ᠂ ᠡᠵᠢ ᠶᠢᠨ ᠢᠶᠠᠨ ᠰᠡᠣᠡᠭᠢᠯ ᠢ ᠠᠮᠣᠷᠵᠢᠭᠤᠯᠵᠤ ᠪᠣᠯᠣᠨ᠎ᠠ︔ᠭᠤᠳᠣᠯᠴᠢᠨ ᠬᠦᠤ — ᠭᠡᠪᠡᠴᠤ — ᠰᠣᠷᠪᠣᠯᠵᠢᠯᠬᠠᠴᠢ ᠠᠬ᠎ᠠ ᠡ  — ﹇  ᠬᠥ᠋᠂ ᠴᠢ ᠴᠢᠨᠢ ᠨᠠᠳᠠ ᠠᠴᠠ ᠠᠬ᠎ᠠ ᠪᠠᠶᠢᠭᠠᠣᠨ᠂ ᠪᠢ ᠴᠢᠮ᠎ᠠ ᠳᠤ ᠲᠡᠬᠦᠤ ᠪᠣᠯᠣᠨ᠎ᠠ ᠰᠢᠤ﹈ ᠪᠢ ᠣᠳᠤ ᠦᠨᠣᠳᠣᠷ ᠭᠤᠳᠣᠯᠴᠢᠨ ᠰᠢᠳᠠ᠂ ᠭᠡᠵᠢᠶ᠎ᠠ ᠮᠠᠷᠭᠠᠰᠢ ᠶᠠᠭᠤ ᠪᠣᠯᠬᠤ ᠶᠢ ᠭᠡᠨ ᠮᠡᠳᠡᠬᠦ ᠪᠣᠢ︖ ᠵᠢᠭᠡᠯᠡᠯᠭᠡ ᠠᠪᠣᠭᠠᠣᠨ ᠣᠨ ᠵᠢᠯ ᠤᠨ ᠦᠩᠭᠡ ᠨᠢ ᠲᠠᠭᠠᠷᠠᠪᠠᠯ ᠪᠦᠭᠦᠳᠠ ᠶᠢ ᠡᠭᠡᠭᠦᠯᠣᠭᠡᠣᠨ ᠠᠪᠴᠢᠷᠠᠵᠤ ᠮᠡᠳᠡᠨ᠎ᠠ ᠰᠢᠤ︔ᠰᠣᠷᠪᠣᠯᠵᠢᠯᠬᠠᠴᠢ  — ᠬᠥ᠋᠂ ᠬᠥ᠋᠂ ᠵᠢᠭᠡᠯᠡᠯᠭᠡ ᠭᠡᠳᠡᠭ ᠶᠠᠭᠤᠮ᠎ᠠ ᠲᠠᠢ ᠣᠶᠢᠷᠠᠳᠣᠵᠤ ᠪᠣᠯᠬᠤ ᠦᠭᠡᠢ ᠰᠢᠤ᠂ ᠲᠡᠷᠠ ᠴᠢᠨᠢ ᠴᠣᠬᠤᠮ ᠬᠦᠯ ᠦᠭᠡᠢ ᠨᠦᠭᠡ᠂ ᠪᠢᠳᠡᠭᠡᠢ   ᠣᠶᠢᠷᠠᠲᠣ︔ᠡᠵᠢ — ᠪᠠᠶᠢᠵᠠ᠂ ᠪᠠᠶᠢᠵᠠ  ᠴᠢ ᠪᠢᠳᠡᠭᠡᠢ ᠬᠠᠷ᠎ᠠ ᠡᠳᠣᠷ ᠢᠶᠠᠷ ᠵᠡᠭᠦᠳᠣᠯᠠ᠂ ᠪᠠᠷᠠᠭᠤᠨ ᠠᠶᠢᠯ ᠤᠨ ᠪᠠᠯᠳᠠᠨ ᠤ ᠬᠢᠨ ᠵᠢᠭᠡᠯᠡᠯᠭᠡ ᠶᠢᠨ ᠦᠷᠢ ᠳᠤ ᠠᠯᠢᠪᠠ ᠪᠠᠨ ᠦᠭᠴᠤ  ᠲᠠᠭᠤᠰᠣᠡᠡᠰᠡᠨ ᠰᠣᠷᠭᠠᠮᠵᠢ ᠶᠢ ᠴᠢ ᠮᠠᠷᠳᠠᠵᠤ ᠣᠷᠬᠢᠬᠤ ᠨᠢ  ︖ ᠦᠰᠤ ᠦᠭᠡᠢ ᠮᠠᠯ ᠡ — ᠦᠨᠤ ᠰᠠᠷᠠᠨ᠎ᠠ ᠴᠢᠨᠢ ᠴᠢᠮ᠎ᠠ ᠶᠢ ᠠᠳᠠᠯ ᠠᠮᠢᠳᠣᠷᠠᠯ ᠳᠠᠭᠠᠨ ᠣᠷᠣᠭᠤᠳᠠᠵᠤ ᠪᠦᠳᠣᠯ ᠦᠭᠡᠢ ᠪᠠᠶᠢᠨ᠎ᠠ ᠭᠡᠣᠨ ᠬᠠᠶᠠᠭᠠᠣᠨ ᠶᠠᠪᠤᠡᠡᠰᠡᠨ ᠪᠠᠶᠢᠬᠤ ᠳᠤ ᠴᠢ ᠪᠠᠰᠠ ᠣᠬᠠᠭᠠᠨ ᠣᠷᠣᠬᠤ ᠦᠭᠡᠢ ᠨᠢ︖ᠰᠣᠷᠪᠣᠯᠵᠢᠯᠬᠠᠴᠢ — ᠦ᠂ ᠡᠵᠢ ᠡ᠂ ᠰᠠᠷᠠᠨ᠎ᠠ ᠴᠢᠨᠢ ᠭᠡᠨ ᠪᠣᠯᠴᠢᠬᠠᠬᠤ ᠪᠣᠢ︖ᠡᠵᠢ — ᠰᠠᠷᠠᠨ᠎ᠠ ᠪᠣᠯ ᠮᠢᠨᠤ ᠬᠦᠤ ᠶᠢᠨ ᠣᠷᠤᠭ ᠲᠣᠡᠡᠳ᠋ᠬᠠᠰᠡᠨ ᠪᠡᠷᠢ ᠪᠣᠯᠬᠤ ᠶᠣᠮ᠂ ᠰᠠᠶᠢᠬᠠᠨ ᠴᠤ ᠲᠦᠷᠦᠭᠰᠡᠨ ᠭᠤᠶᠣ ᠭᠡᠣᠭᠡᠨ ᠰᠢᠤ᠂ ᠣᠳᠠᠨ ᠨᠠᠪᠴᠢᠨ ᠬᠦᠮᠦᠰᠬᠡ ᠣᠰᠭᠬᠯ  ᠲᠣᠩᠭᠠᠯᠠᠭ ᠨᠢᠳᠤ ᠲᠠᠢ᠂ ᠣᠷᠡᠨ ᠰᠠᠶᠢᠬᠠᠨ ᠣᠶᠣᠳᠡᠯ ᠤᠨ ᠭᠠᠷ ᠲᠠᠢ ᠣᠷᠠᠯᠢᠭ ᠰᠠᠶᠢᠬᠠᠨ ᠲᠦᠷᠦᠭᠰᠡᠨ ᠭᠡᠣᠭᠡᠨ ᠰᠢᠤ᠂ ᠪᠣᠶᠠᠨ ᠦᠭᠡᠢ — ᠪᠣᠶᠠᠨ ᠦᠭᠡᠢ‌ᠮᠢᠨᠤ ᠡᠨᠠ ᠬᠦᠤ ᠠᠯᠳᠠᠭᠠᠣᠨ ᠶᠠᠪᠤᠭᠤᠯᠴᠢᠬᠠᠵᠠᠢ︔ ᠭᠤᠳᠣᠯᠴᠢᠨ ᠬᠦᠤ — ᠡᠵᠢ ᠡ᠂ ᠲᠠ ᠪᠢᠲᠡᠬᠡᠢ ᠵᠣᠷᠢᠭ ᠶᠢ ᠮᠣᠬᠤᠷᠳᠠᠭᠤᠯᠬᠤ ᠦᠭᠡ ᠶᠠᠷᠢᠭᠠᠣᠨ ᠪᠠᠢ ᠳ᠋ᠠ᠂ ᠰᠠᠷᠠᠨ᠎ᠠ ᠭᠡᠳᠣᠨ ᠡᠳᠣᠷ ᠤᠨ ᠡᠮᠣᠨ᠎ᠠ ᠣᠳᠡᠰᠤ  ᠢᠷᠡᠭᠦᠯᠣᠭᠡᠣᠨ ᠨᠠᠳᠠ ᠶᠢ ᠮᠬᠠᠳᠠᠵᠤ ᠪᠠᠶᠢᠬᠤ ᠳᠤ  ︖ᠡᠵᠢ — ᠦᠭᠡᠢ᠂ ᠴᠢ ᠰᠣᠯᠢᠶ᠎ᠠ ᠣᠯᠢᠶ᠎ᠠ ᠪᠢᠳᠡᠬᠡᠢ ᠳᠤᠩᠭᠤᠳ᠂ ᠰᠠᠷᠠᠨ᠎ᠠ ᠴᠢᠮ᠎ᠠ ᠳᠤ ᠣᠳᠡᠰᠤ ᠢᠷᠡᠭᠦᠯᠣᠨ᠎ᠠ ᠭᠡᠵᠤ ᠪᠢ ᠢᠳᠡᠭᠡᠬᠦ ᠦᠭᠡᠢᠭᠤᠳᠣᠯᠴᠢᠨ ᠬᠦᠤ — ᠡᠵᠢ ᠡ᠂ ᠦᠨᠡᠨ ᠣᠴᠢᠷ᠂ ᠪᠢ ᠬᠤᠳᠡᠯ ᠬᠡᠯᠡᠵᠤ ᠪᠠᠶᠢᠬᠤ ᠦᠭᠡᠢ᠂ ᠨᠠᠳᠠ ᠶᠢ ᠭᠤᠳᠣᠯᠴᠢᠨ ᠪᠣᠯᠣᠡᠡᠰᠡᠨ ᠴᠤ ᠦᠪᠡᠷ ᠤᠨ ᠬᠦᠴᠤ ᠪᠠᠷ ᠢᠶᠠᠨ  ᠬᠦᠳᠡᠯᠮᠣᠷᠢᠯᠡᠵᠤ ᠠᠵᠤ ᠠᠮᠢᠳᠣᠷᠠᠵᠤ ᠪᠠᠶᠢᠬᠤ ᠨᠢ ᠦᠭᠡᠳᠡᠯᠡᠵᠤ ᠲᠠᠪᠰᠢᠬᠤ ᠶᠢᠨ ᠣᠷᠢᠳᠠᠯ ᠨᠦᠬᠦᠴᠡᠯ ᠪᠣᠯᠣᠨ᠎ᠠ᠂ ᠰᠠᠷᠠᠨ᠎ᠠ ᠣᠡᠴᠠᠭᠠᠶᠢᠯᠡᠨ ᠶᠠᠷᠢᠬᠤ ᠨᠢ᠂ ᠮᠠᠨᠣᠰ ᠲᠤ ᠵᠣᠭᠤᠰ ᠵᠢᠭᠡᠯᠡᠭᠦᠯᠦᠨ ᠦᠭᠴᠤ ᠲᠦᠷᠢᠶᠡᠰᠦᠯᠡᠭᠰᠡᠨ ᠨᠣᠳᠤᠭ ᠶᠢ ᠡᠭᠡᠭᠦᠯᠣᠨ ᠠᠪᠣᠭᠠᠣᠨ ᠮᠠᠯᠵᠢᠬᠤ ᠠᠮᠢᠳᠣᠷᠠᠯ ᠢᠶᠠᠨ ᠰᠠᠶᠢᠳᠣᠷ ᠡᠷᠬᠢᠯᠡᠶ᠎ᠠ ᠭᠡᠨ᠎ᠠ︔ ᠪᠢ ᠲᠡᠷᠠ ᠲᠠᠷᠣᠢ   ᠳᠤ ᠨᠢ ᠵᠦᠪᠰᠢᠶᠡᠷᠡᠪᠠ︔ᠰᠣᠷᠪᠣᠯᠵᠢᠯᠬᠠᠴᠢ — ᠣᠣᠬᠠᠢ᠂ ᠲᠠᠭᠠᠷᠠᠵᠤ ᠪᠠᠶᠢᠨ᠎ᠠ᠂ ᠲᠠ᠂ ᠨᠠᠶᠢᠵᠠ ᠶᠢᠨ ᠢᠶᠠᠨ ᠦᠭᠡ ᠶᠢ ᠰᠣᠨᠣᠰᠴᠤ ᠮᠠᠯᠵᠢᠬᠤ ᠠᠮᠢᠳᠣᠷᠠᠯ ᠢᠶᠠᠨ ᠰᠠᠶᠢᠳᠣᠷ ᠡᠷᠬᠢᠯᠡᠵᠤ ᠶᠠᠪᠣᠬᠤ ᠨᠢ ᠵᠦᠢ ᠶᠣᠰᠣᠨ ᠳᠤ ᠨᠠᠶᠢᠴᠡᠨ᠎ᠠ︔           ᠭᠤᠷᠪᠠᠳᠣᠭᠠᠷ ᠬᠦᠰᠢᠭᠡ ᠬᠦᠤ ᠶᠢᠨ ᠭᠠᠷ ᠣᠳᠡᠰᠤ ᠲᠣᠣᠭᠠᠷᠣᠨ᠎ᠠ︔ᠭᠤᠳᠣᠯᠴᠢᠨ ᠬᠦᠤ — ᠣᠳᠡᠰᠤ ᠲᠣᠰᠴᠤ ︽ᠰᠠᠷᠠᠨ᠎ᠠ ᠤᠤ︖᠂ ᠰᠠᠷᠠᠨ᠎ᠠ ᠤᠤ  ︖︾ ᠭᠡᠵᠤ ᠶᠡᠬᠡᠳᠠ ᠪᠠᠶᠠᠷᠯᠡᠨ ᠲᠡᠪᠬᠡᠴᠡᠵᠤ ᠡᠵᠢ ᠣᠷᠣᠭᠤ ᠪᠠᠨ ᠣᠳᠡᠰᠤ ᠲᠠᠮᠵᠢᠭᠤᠯᠣᠨ᠎ᠠ︔ᠡᠵᠢ  — ᠣᠳᠡᠰᠤ ᠲᠣᠰᠣᠨ᠎ᠠ᠂ ︽ᠡᠵᠢ ᠡ᠂ ᠰᠠᠶᠢᠨ ᠤᠤ︖ ᠪᠢ ᠭᠡᠣᠬᠡᠨ ᠴᠢᠨᠢ ᠰᠠᠷᠠᠨ᠎ᠠ᠂ ᠪᠢ ᠲᠠᠪᠠᠯᠭᠠᠨ ᠢ ᠠᠮᠢᠳᠣᠷᠠᠯ ᠤᠨ ᠬᠦᠴᠢᠷ ᠪᠡᠷᠬᠡᠰᠢᠶᠠᠯ ᠢ ᠲᠣᠭᠤᠯᠵᠤ ᠣᠬᠠᠭᠠᠨ ᠤᠷᠤᠭ ᠭᠡᠵᠤ ᠵᠣᠷᠢᠭᠤᠳᠠ ᠬᠠᠶᠠᠵᠤ ᠶᠠᠪᠣᠭᠰᠡᠨ ᠶᠤᠮ ᠂ ᠭᠡᠶ᠎ᠠ ᠪᠢ ᠲᠡᠭᠦᠨ ᠢ ᠬᠠᠵᠠᠭᠤ ᠲᠠᠯ᠎ᠠ ᠠᠴᠠ ᠨᠢ ᠦᠷᠬᠦᠯᠵᠢ ᠠᠩᠬᠠᠷᠴᠤ ᠪᠠᠶᠢᠯ᠎ᠠ᠂ ᠦᠨᠣᠳᠣᠷ ᠲᠡᠭᠦᠨ ᠤ ᠣᠷᠣᠭᠤᠳᠠᠯ ᠤᠨ ᠵᠠᠮ ᠠᠴᠠ ᠦᠭᠡᠳᠡᠯᠡᠬᠦ ᠵᠠᠮ ᠵᠦᠭ ᠬᠠᠨᠳᠣᠵᠤ ᠪᠠᠶᠢᠬᠤ ᠳᠤ ᠨᠢ ᠠᠮᠢᠳᠣᠷᠠᠯ ᠤᠨ ᠬᠢᠨᠢ ᠨᠠᠰᠣᠨ ᠤ ᠬᠢᠨᠢ ᠬᠠᠨᠢ ᠨᠦᠬᠦᠷ ᠪᠣᠯᠵᠤ ᠠᠶᠢᠯ ᠡᠷᠣᠬᠡ ᠪᠠᠨ  ᠪᠣᠰᠬᠠᠶ᠎ᠠ ᠭᠡᠵᠤ ᠪᠠᠶᠢᠨ᠎ᠠ︾  ᠃ᠡᠵᠢ — ︽ᠰᠠᠶᠢᠨ ᠭᠡᠣᠬᠡᠨ᠂ ᠰᠠᠶᠢᠨ ᠭᠡᠣᠬᠡᠨ᠂ ᠡᠵᠢ ᠨᠢ ᠪᠢ ᠲᠣᠩ ᠶᠡᠭᠡ ᠪᠠᠶᠠᠷᠯᠠᠵᠤ ᠪᠠᠶᠢᠨ᠎ᠠ᠂  ᠭᠡᠣᠬᠡ ᠲᠠ ᠬᠡᠵᠢᠶ᠎ᠠ ᠬᠠᠷᠢᠵᠤ ᠢᠷᠡᠬᠦ ᠪᠣᠢ  ︖ ︽ ᠬᠤᠶᠠᠷ ᠡᠳᠣᠷ ᠤᠨ ᠲᠠᠷᠠᠭ᠎ᠠ ᠬᠠᠷᠢᠨ᠎ᠠ  ︾ ᠡᠨᠡᠬᠦ ᠦᠶᠡᠰ ᠬᠦᠤ ᠬᠠᠵᠠᠭᠤ  ᠠᠴᠠ ᠪᠠᠷᠤᠭ  ᠪᠦᠷᠦᠭ ᠰᠣᠨᠣᠰᠣᠨ᠂ ᠡᠵᠢ ᠶᠠᠭᠤ  ︖ ﹇ᠬᠦᠤ ᠮᠢᠨᠢ ᠡ —   ᠣᠳᠤ  ᠴᠢᠨᠤ ᠪᠤᠬ᠎ᠠ ᠴᠢᠨᠢ ᠲᠤᠭᠤᠯᠯᠠᠵᠤ  ᠂ ᠪᠣᠶᠠᠨ ᠴᠢᠨᠢ ᠬᠦᠷᠴᠤ ᠢᠷᠡᠵᠡᠢ᠂  ᠰᠠᠷᠠᠨ᠎ᠠ  ᠬᠤᠶᠠᠷ ᠡᠳᠣᠷ ᠤᠨ ᠲᠠᠷᠠᠭ᠎ᠠ ᠴᠢᠮ᠎ᠠ ᠲᠠᠢ ᠠᠶᠢᠯ ᠡᠷᠣᠬᠡ ᠪᠣᠯᠬᠤ ᠪᠠᠷ ᠢᠷᠡᠬᠦ ᠭᠡᠵᠤ ᠪᠠᠶᠢᠨ᠎ᠠ  ︔ ᠭᠤᠳᠣᠯᠴᠢᠨ ᠬᠦᠤ — ﹇ᠬᠦᠤ ᠣᠷᠣᠨ ᠠᠴᠠ ᠪᠠᠨ‌ᠬᠤᠪᠬᠤ ᠦᠰᠦᠷᠣᠨ ᠪᠣᠰᠴᠤ᠂﹈ ᠦ  ᠰᠠᠷᠠᠨ᠎ᠠ ᠢᠷᠡᠭᠦ ᠭᠡᠵᠤ ᠪᠠᠶᠢᠨ᠎ᠠ᠂ ᠣᠳᠤ ᠮᠠᠨᠠᠶᠢᠬᠢᠨ ᠳᠤ ᠨᠠᠷᠠ ᠭᠠᠷᠴᠠᠢ᠂ ᠡᠵᠢ ᠡ᠂ ᠪᠠᠶᠠᠷᠯᠡᠨ ᠲᠡᠪᠬᠡᠴᠡᠵᠤ᠂ ︽ ᠭᠡᠨᠨᠣᠳᠠ ᠨᠢᠭᠤᠷ ᠴᠢᠷᠠᠢ ᠳᠤ ᠰᠡᠳᠬᠢᠯᠭᠡ ᠶᠢᠨ ᠬᠤᠪᠢᠷᠠᠯᠳᠠ ᠭᠠᠷᠴᠤ  ︾ ᠡᠵᠢ ᠶᠢᠨ ᠡᠮᠣᠨ᠎ᠠ ᠰᠦᠬᠦᠷᠡᠨ ᠰᠠᠭᠤᠵᠤ ᠣᠬᠢᠯᠠᠨ ᠶᠠᠷᠢᠨ᠎ᠠ︔ ᠡᠵᠢ ᠡ — ᠬᠦᠤ ᠴᠢᠨᠢ ᠪᠢ ᠲᠠᠨ ᠳᠤ ᠣᠰᠣᠯ ᠪᠣᠯᠣᠡᠠᠰᠡᠨ ᠢᠶᠠᠨ ᠮᠡᠳᠡᠯ᠎ᠠ᠂ ᠡᠵᠢ ᠲᠠᠨ ᠢ  ᠵᠣᠪᠭᠠᠯ᠎ᠠ᠂ ᠠᠴᠢᠯᠠᠯ ᠦᠭᠡᠢ ᠬᠦᠤ ᠪᠠᠨ ᠠᠭᠤᠴᠢᠯᠠᠭᠠᠷᠠᠢ  — ᠣᠳᠤ ᠪᠢ ᠨᠣᠳᠤᠭ ᠢᠶᠠᠨ ᠡᠭᠡᠭᠦᠯᠣᠨ ᠠᠪᠴᠤ ᠲᠠᠪᠣᠨ ᠬᠤᠰᠢᠭᠤ ᠮᠠᠯ  ᠢᠶᠠᠨ ᠲᠠᠯ᠎ᠠ ᠲᠦᠭᠦᠷᠠᠩ ᠪᠡᠯᠴᠢᠭᠡᠵᠦ ᠮᠠᠯᠵᠢᠬᠤ ᠠᠮᠢᠳᠣᠷᠠᠯ ᠢᠶᠠᠨ ᠰᠠᠶᠢᠳᠣᠷ ᠡᠷᠬᠢᠯᠡᠨ ᠰᠠᠷᠠᠨ᠎ᠠ ᠲᠠ ᠬᠤᠶᠠᠭᠤᠯᠠ ᠶᠢ ᠵᠣᠯ ᠵᠢᠷᠭᠠᠯ ᠲᠠᠢ ᠰᠠᠶᠢᠬᠠᠨ ᠠᠮᠢᠳᠣᠷᠠᠭᠤᠯᠣᠨ᠎ᠠ︔ ﹇ᠡᠵᠢ ᠳᠡᠭᠡᠨ ᠠᠶᠠᠭ᠎ᠠ ᠲᠠᠢ ᠴᠠᠢ ᠡᠷᠭᠦᠨ ᠪᠠᠷᠢᠨ᠎ᠠ᠂ ᠦᠵᠦᠮᠣᠴᠢᠨ ᠨᠣᠳᠤᠭ ᠭᠡᠬᠦ ᠠᠶᠠᠰ ᠬᠠᠪᠰᠣᠷᠭᠠᠨ᠎ᠠ﹈ᠰᠣᠷᠪᠣᠯᠵᠢᠯᠬᠠᠴᠢ — ᠲᠠᠶᠢᠮᠤ ᠡ᠂ ᠲᠠᠶᠢᠮᠤ ᠡ᠂ ᠮᠠᠯᠴᠢᠨ ᠬᠦᠮᠣᠨ ᠨᠣᠳᠤᠭ ᠠᠴᠠ ᠪᠠᠨ ᠰᠠᠯᠵᠤ ᠪᠣᠯᠬᠤ ᠦᠭᠡᠢ᠂ ᠠᠳᠬᠤ ᠰᠢᠷᠣᠢ᠂ ᠰᠢᠷᠬᠡᠭ ᠡᠪᠡᠰᠤ ᠢᠶᠠᠨ ᠬᠦᠷᠳᠡᠯ᠎ᠠ  ᠬᠠᠶᠢᠷᠠᠯᠡᠨ ᠬᠠᠮᠠᠭᠠᠯᠠᠵᠤ ᠮᠠᠯᠵᠢᠬᠤ ᠠᠮᠢᠳᠣᠷᠠᠯ ᠢᠶᠠᠨ ᠰᠠᠶᠢᠳᠣᠷ ᠡᠷᠬᠢᠯᠡᠵᠤ ᠶᠠᠪᠣᠬᠤ ᠨᠢ ᠵᠦᠢ ᠶᠣᠰᠣ ᠲᠠᠢ ᠶᠣᠮ︔ ᠡᠵᠢ  — ᠮᠡᠳᠡᠯᠭᠡ ᠲᠠᠢ ᠬᠦᠮᠣᠨ ᠠᠯᠣᠰ ᠤᠨ ᠪᠣᠳᠣᠯ ᠲᠠᠢ᠂ ᠰᠣᠷᠪᠣᠯᠵᠢᠯᠬᠠᠴᠢ ᠬᠦᠤ ᠮᠢᠨᠢ᠂ ᠦᠨᠣᠳᠣᠷ ᠮᠢᠨᠤ ᠬᠦᠤ ᠲᠠᠪᠠᠯᠭᠠᠨ ᠲᠠᠨᠣᠰ ᠤᠨ ᠬᠦᠳᠦᠯᠣᠯ ᠲᠣᠣᠷ᠎ᠠ  ᠣᠬᠠᠭᠠᠷᠬᠠᠰᠡᠨ‌‍ᠳᠤ ᠡᠵᠢ ᠨᠢ ᠪᠢ ᠲᠣᠩ ᠶᠡᠭᠡ  ᠪᠠᠶᠠᠷᠯᠠᠵᠤ ᠪᠠᠶᠢᠨ᠎ᠠ᠂ ᠵᠠ ᠪᠠᠶᠠᠷ ᠤᠨ ᠲᠠᠭᠤᠤ ᠪᠠᠨ ᠲᠠᠭᠤᠯᠡᠵᠠᠭᠠᠶ᠎ᠠ  — ﹇ᠪᠦᠭᠦᠳᠡᠭᠡᠷ ᠭᠠᠷ ᠬᠤᠯᠪᠣᠨ ︽ᠮᠢᠨᠤ ᠨᠣᠳᠤᠭ ᠤᠨ ᠪᠠᠷ᠎ᠠ  ︾ ᠶᠢ ᠲᠠᠭᠤᠯᠠᠵᠤ ᠬᠦᠰᠢᠭᠡ  ᠬᠠᠭᠠᠨ᠎ᠠ﹈                ᠪᠠᠷᠠᠭᠤᠨ ᠦᠵᠦᠮᠣᠴᠢᠨ ᠬᠤᠰᠢᠭᠤᠨ ᠤ ᠮᠣᠩᠭᠤᠯ ᠲᠣᠮᠳᠠᠳᠤ ᠰᠣᠷᠭᠠᠭᠤᠯᠢ ᠶᠢᠨ  ᠲᠠᠭᠤᠤ ᠬᠦᠭᠵᠢᠮ ᠤᠨ  ᠳᠤᠭᠤᠶᠢᠯᠠᠩ   ᠶᠢᠨ  ᠵᠣᠤ ᠶᠢᠨ ᠧ                                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号