ᠰᠠᠴᠤᠷᠠᠯ ᠵᠤᠬᠢᠶᠠᠪᠠ | ᠨᠠᠮᠣᠷ ᠤᠨ ᠬᠤᠩᠭᠤᠷ ᠰᠠᠯᠬᠢᠨ ᠦᠶ᠎ᠡ ᠦᠶᠡᠬᠡᠨ ᠰᠡᠷᠴᠢᠬᠢᠨᠡᠨᠡ | ᠨᠠᠷᠠᠨ ᠤ ᠠᠯᠳᠠᠨ ᠰᠤᠷᠮᠤᠤᠰᠤ ᠬᠤᠯᠠᠳᠠᠨ ᠬᠤᠯᠠᠳᠠᠵᠦ ᠰᠢᠩᠭᠡᠷᠡᠨᠡ | ᠨᠠᠪᠴᠢᠰ ᠬᠤᠶᠠᠷ ᠨᠢᠭᠡ ᠪᠠᠷ ᠵᠢᠷᠦᠬᠡᠨ ᠲᠡᠭᠡᠷ᠎ᠡ ᠡᠮᠳᠡᠷᠡᠵᠦ ᠤᠨᠠᠨ᠎ᠠ | ᠨᠠᠭᠤᠷ ᠤᠨ ᠬᠡᠳᠦᠨ ᠰᠢᠪᠠᠭᠤᠬᠠᠢ ᠡᠯᠢᠭᠡ ᠨᠢ ᠲᠠᠳᠠᠯᠳᠠᠵᠦ ᠬᠤᠷᠭᠤᠳᠠᠨ᠎ᠠ | ᠨᠢᠮᠭᠡᠨ ᠰᠠᠷᠠᠯ ᠡᠭᠦᠯᠡᠨ ᠠᠴᠠ ᠲᠤᠭᠤᠯ ᠨᠢᠯᠪᠤᠰᠤ ᠲᠣᠰᠤᠯᠠᠨᠠ | ᠨᠢᠴᠦᠭᠦᠷᠡᠵᠦ ᠬᠠᠯᠴᠠᠷᠠᠭᠰᠠᠨ ᠮᠤᠳᠤᠳ ᠲᠤᠷᠠᠰᠤᠯ ᠲᠡᠯᠡᠯᠦᠵᠦ ᠰᠢᠮᠰᠢᠷᠡᠨ᠎ᠡ | ᠨᠠᠮᠤᠷ ᠤᠨ ᠬᠤᠩᠭᠤᠷ ᠰᠠᠯᠬᠢᠨ ᠨᠦᠮᠵᠦᠭ ᠦᠨᠦᠷ ᠢ ᠠᠪᠴᠢᠷᠠᠪᠠ | ᠨᠠᠮᠠᠢᠢ ᠦᠰᠭᠡᠭᠰᠡᠨ ᠨᠤᠳᠤᠭ ᠠᠴᠠ ᠦᠶᠦᠭ ᠬᠠᠩᠬᠤᠯᠤᠭᠤᠬᠠᠨ ᠰᠡᠩᠭᠢᠨᠡᠪᠡ | ᠪᠣᠯᠪᠠᠰᠤᠷᠠᠭᠰᠠᠨ ᠲᠠᠷᠢᠶᠠᠨ ᠲᠦᠷᠦᠭᠦᠦ ᠪᠡᠶ᠎ᠡ ᠪᠠᠨ ᠲᠠᠭᠠᠭᠠᠬᠤ ᠦᠭᠡᠢ ᠪᠦᠭᠦᠯᠵᠠᠪᠠ | ᠪᠤᠮᠪᠠᠶᠢᠭᠰᠠᠨ ᠲᠠᠷᠭᠤᠨ ᠰᠦᠷᠦᠭ ᠦᠭᠡᠬᠦ ᠪᠠᠨ ᠲᠠᠭᠠᠭᠠᠬᠤ ᠦᠭᠡᠢ ᠶᠤᠯᠬᠤᠯᠵᠠᠪᠠ | ᠪᠠᠶᠠᠨ ᠪᠠᠶᠢᠭᠠᠯᠢ ᠶᠢᠨ ᠵᠢᠰᠦ ᠠᠯᠳᠠᠨ ᠤ ᠦᠩᠭᠡ ᠪᠠᠷ ᠰᠢᠷᠭᠠᠯᠳᠤᠪᠠ | ᠪᠠᠳᠠᠭ ᠰᠢᠯᠦᠭ ᠤᠨ ᠱᠠᠳ ᠠᠶᠤᠤᠯᠢᠬᠠᠢ ᠶᠢᠨ ᠬᠡ ᠪᠠᠷ ᠬᠡᠬᠡᠯᠵᠡᠪᠡ | ᠨᠠᠮᠤᠷ ᠤᠨ ᠬᠤᠩᠭᠤᠷ ᠰᠠᠯᠬᠢᠨ ᠲᠡᠪᠡᠯ ᠬᠤᠷᠮᠤᠢ ᠶᠢ ᠰᠡᠮᠡᠷᠡᠭᠦᠯᠵᠡᠢ | ᠨᠠᠷᠠᠳᠦ ᠶᠢᠨ ᠵᠢᠮ᠎ᠡ ᠶᠢ ᠬᠦᠭᠵᠢᠮᠳᠡᠵᠦ ᠨᠠᠮᠠᠢᠢ ᠴᠢᠮᠠᠢᠢ ᠤᠶᠠᠷᠠᠭᠤᠯᠵᠠᠢ | ᠵᠤᠨ ᠤ ᠴᠡᠴᠡᠭᠡᠰ ᠤᠨ ᠦᠷ᠎ᠡ ᠶᠢ ᠲᠡᠯᠡᠭᠡᠢ ᠳᠤ ᠰᠠᠴᠤᠭᠠᠳ ᠭᠦᠶᠦᠯᠳᠦᠵᠡᠢ | ᠵᠤᠨᠵᠢᠨ ᠲᠤᠭᠳᠤᠯᠤᠭᠰᠠᠨ ᠰᠢᠭᠦᠳᠡᠷᠢ ᠢ ᠭᠠᠯᠠᠭᠤᠳ ᠤᠨ ᠰᠡᠭᠦᠯ ᠠᠴᠠ ᠴᠢᠷᠦᠭᠦᠯᠵᠡᠢ | ᠵᠤ ᠲᠣᠯᠤᠭᠠᠳ ᠢ ᠰᠠᠮᠨᠠᠭᠰᠠᠭᠠᠷ ᠠᠪᠤ ᠶᠢᠨ ᠮᠢᠨᠢ ᠵᠣᠯᠠᠢ ᠰᠢᠭ ᠬᠠᠯᠴᠠᠷᠠᠭᠤᠯᠵᠠᠢ | ᠵᠦᠯᠭᠡ ᠡᠪᠡᠰᠦ ᠶᠢ ᠭᠤᠶᠠᠳᠠᠭᠤᠯᠤᠭᠰᠠᠭᠠᠷ ᠡᠵᠢ ᠶᠢᠨ ᠮᠢᠨᠢ ᠭᠡᠵᠢᠭᠡ ᠰᠢᠭ ᠪᠤᠭᠤᠷᠤᠯᠳᠤᠭᠤᠯᠵᠠᠢ…… | 地址;通辽市科左中旗舍伯吐中心校 | 姓名;笔名〔萨楚日啦〕实名;〔包锁柱〕 | 手机;15947447898 | |