ᠰᠠᠴᠣᠷᠠᠯ ᠵᠣᠬᠢᠶᠠᠪᠠ | ᠠᠯᠳᠠᠨ ᠰᠢᠷᠭᠠᠯ ᠨᠠᠪᠴᠢᠰ | ᠵᠢᠷᠦᠬᠡᠨ ᠲᠡᠭᠡᠷ᠎ᠡ ᠵᠢᠩᠲᠡᠶᠢᠬᠡᠨ ᠤᠨᠠᠨ᠎ᠠ | ᠠᠮᠢᠵᠢᠷᠠᠯ ᠰᠡᠯᠭᠦᠭᠰᠡᠨ ᠮᠦᠴᠢᠷ ᠨᠠᠮᠠᠭᠠᠳ ᠢ | ᠲᠣᠭᠲᠠᠭᠤᠷᠢ ᠠᠯᠳᠠᠭᠤᠯᠤᠨ ᠰᠠᠵᠢᠯᠠᠭᠤᠯᠵᠦ | ᠠᠮᠢᠳᠤᠷᠠᠯ ᠳᠤ ᠵᠦᠳᠡᠷᠡᠭᠰᠡᠨ ᠠᠪᠤ ᠶᠢᠨ ᠮᠢᠨᠢ | ᠲᠤᠰᠤ ᠲᠠᠢ ᠲᠤᠯᠣᠭᠠᠢ ᠶᠢ ᠨᠢ ᠬᠠᠯᠴᠠᠷᠠᠭᠤᠯᠤᠭᠠ ᠴᠦ ᠶᠤᠮ ᠤᠤ | ᠠᠯᠳᠠᠨ ᠰᠢᠷᠭᠠᠯ ᠨᠠᠪᠴᠢᠰ | ᠡᠪᠴᠢᠭᠦᠨ ᠲᠡᠭᠡᠷ᠎ᠡ ᠡᠮᠵᠡᠭᠬᠡᠨ ᠤᠨᠠᠨ᠎ᠠ | ᠠᠮᠳᠠᠳᠦ ᠵᠢᠮᠢᠰ ᠢᠶᠠᠨ ᠬᠦᠮᠦᠰ ᠲᠤ ᠪᠡᠯᠡᠭᠯᠡᠭᠡᠳ | ᠦᠵᠡᠳᠡᠯ᠎ᠡ ᠪᠤᠭᠤᠷᠤᠯᠳᠠᠭᠰᠠᠨ ᠮᠣᠳᠤᠳ | ᠠᠯᠢᠪᠠ ᠪᠠᠨ ᠦᠭᠭᠦᠭᠰᠡᠨ ᠡᠵᠢ ᠶᠢᠨ ᠮᠢᠨᠢ | ᠠᠴᠢᠯᠠᠯ ᠢ ᠲᠤᠷᠠᠰᠤᠨ ᠤᠬᠢᠯᠠᠭ᠎ᠠ ᠴᠦ ᠶᠤᠮ ᠤᠤ | ᠠᠯᠳᠠᠨ ᠰᠢᠷᠭᠠᠯ ᠨᠠᠪᠴᠢᠰ | ᠠᠮᠠᠷᠠᠭ ᠤᠨ ᠤᠷᠤᠭᠤᠯ ᠰᠢᠭ᠋ ᠤᠯᠠᠶᠢᠵᠦ ᠤᠨᠠᠨ᠎ᠠ | ᠠᠷᠢᠭ ᠴᠠᠭᠠᠨ ᠰᠠᠷᠠᠨ ᠤ ᠲᠤᠶᠠᠭᠠᠨ ᠳᠤ | ᠡᠬᠡ ᠭᠠᠵᠠᠷ ᠲᠤ ᠡᠯᠢᠭᠡ ᠪᠠᠷ ᠢᠶᠠᠨ ᠰᠢᠩᠭᠡᠵᠦ | ᠠᠷᠭ᠎ᠠ ᠦᠭᠡᠢ ᠡᠩᠭᠦᠷᠡᠢ ᠪᠦᠰᠡᠭᠦᠢ ᠶᠢᠨ ᠮᠢᠨᠢ | ᠠᠮᠢᠨᠴᠢᠬᠠᠨ ᠬᠠᠶᠢᠷ᠎ᠠ ᠶᠢ ᠰᠢᠨᠠᠯᠭᠠᠭᠠ ᠴᠦ ᠶᠤᠮ ᠤᠤ | ᠠᠯᠳᠠᠨ ᠰᠢᠷᠭᠠᠯ ᠨᠠᠪᠴᠢᠰ | ᠠᠳᠤᠭᠤᠨ ᠤ ᠲᠣᠭᠤᠰᠤ ᠰᠢᠭ᠋ ᠰᠡᠩᠰᠡᠷᠡᠵᠦ ᠤᠨᠠᠨ᠎ᠠ | ᠠᠯᠢᠮᠠᠨ ᠨᠠᠷᠠᠨ ᠤ ᠭᠡᠷᠡᠯ ᠢ ᠰᠢᠩᠭᠡᠭᠡᠨ | ᠦᠪᠡᠷ ᠤᠨ ᠢᠶᠠᠨ ᠦᠩᠭᠡ ᠪᠠᠷ ᠢᠶᠠᠨ ᠭᠢᠯᠪᠠᠵᠦ | ᠠᠯᠤᠰ ᠲᠤ ᠮᠤᠷᠳᠠᠬᠤ ᠬᠦᠦ ᠢᠶᠠᠨ ᠮᠢᠨᠢ | ᠠᠶᠠᠨ ᠤ ᠲᠦᠷᠦᠭᠡ ᠶᠢ ᠨᠢ ᠮᠢᠯᠢᠶᠠᠭᠠ ᠴᠦ ᠶᠤᠮ ᠤᠤ | | 地址;通辽市科左中旗舍伯吐中心校 | 姓名;笔名〔萨楚日啦〕实名;〔包锁柱〕 | 手机;15947447898 | |