—— ᠦᠭᠡᠷᠡᠴᠢᠯᠠᠯᠳᠠ ᠬᠢᠵᠤ ᠴᠢᠯᠦᠭᠡᠳᠡᠢ ᠶᠠᠪᠤᠯᠴᠠᠬᠰᠠᠨ | 40 ᠵᠢᠯ ᠤᠨ ᠬᠤᠪᠢᠷᠠᠯᠳᠠ ᠶᠢ ᠲᠡᠮᠳᠡᠭᠯᠡᠪᠡ | ᠪᠠ᠊ · ᠤᠳᠽᠠᠷ | ᠠᠭᠤᠤ ᠨᠠᠮ ᠤᠨ ᠰᠤᠳᠤ ᠮᠡᠷᠭᠡᠨ ᠤᠳᠤᠷᠢᠳᠤᠯᠭ᠎ᠠ ᠪᠠᠷ | ᠠᠷᠪᠠ ᠶᠢᠰᠦᠲᠦᠭᠡᠷ ᠶᠡᠭᠡ ᠬᠤᠷᠠᠯ ᠪᠡᠭᠡᠵᠢᠩ ᠳᠤ ᠬᠤᠷᠠᠯᠳᠤᠯ᠎ᠠ | ᠠᠮᠵᠢᠯᠳᠠ ᠲᠡᠬᠦᠰ ᠲᠤᠮᠳᠠᠳᠤ ᠶᠢᠨ ᠵᠡᠬᠦᠳᠤᠨ ᠤ | ᠠᠯᠤᠰ ᠤᠨ ᠬᠠᠷᠠᠯᠳᠠ ᠪᠠᠨ ᠠᠳᠠ ᠲᠤᠬᠳᠠᠭᠠᠯ᠎ᠠ᠃ | ᠦᠡᠭᠭᠡᠷᠡᠭᠰᠡᠨ ᠤ ᠪᠠᠶᠠᠯᠢᠭ ᠲᠤᠷᠰᠢᠯᠭ᠎ᠠ ᠪᠠᠨ ᠳ᠋ᠦᠡᠭᠨᠠᠨ | ᠢᠷᠡᠭᠡᠳᠤᠢ ᠶᠢᠨ ᠭᠡᠭᠡᠨ ᠴᠢᠭᠯᠡᠯ ᠢ ᠲᠤᠷᠠᠳᠤᠯ᠎ᠠ᠃ | ᠢᠷᠡᠬᠦ ᠮᠠᠷᠭᠠᠰᠢ ᠶᠢᠨ ᠬᠦᠰᠡᠯ ᠢᠶᠠᠨ ᠪᠡᠯᠭᠡᠳᠡᠵᠤ | ᠢᠳᠠ ᠲᠡᠬᠦᠰ ᠬᠠᠭᠤᠳᠠᠰᠤ ᠪᠠᠨ ᠪᠢᠴᠢᠭᠯᠡᠯᠠ᠃ | ᠦᠨᠡᠨ ᠠᠴᠠ ᠵᠦᠪ ᠢ ᠡᠷᠢᠯᠭᠡᠭᠯᠡᠬᠦ ᠵᠠᠮ ᠢᠶᠠᠷ | ᠦᠨᠲᠦᠰᠦᠳᠡᠨ ᠪᠦᠬᠦᠨ ᠴᠢᠯᠦᠭᠡᠳᠡᠢ ᠤᠷᠤᠬᠰᠢᠯᠠᠨ᠎ᠠ | ᠦᠢᠯᠡᠰᠴᠢ ᠬᠦᠳᠡᠯᠮᠤᠷᠢ ᠬᠤᠶᠠᠷ ᠭᠠᠷ ᠢᠶᠠᠷ ᠢᠶᠠᠨ | ᠦᠭᠡᠳᠠ ᠲᠠᠢ ᠴᠢᠨᠡᠭᠡᠯᠢᠭ ᠠᠮᠢᠳᠤᠷᠠᠯ ᠢ ᠦᠡᠭᠭᠡᠷᠡᠭᠡᠨᠡ᠃ | ᠤᠯᠤᠰ ᠪᠠᠶᠢᠭᠤᠯᠤᠬᠳᠠᠬᠰᠠᠨ 68 ᠵᠢᠯ ᠠᠴᠠ ᠨᠠᠰᠢ | ᠦᠭᠡᠷᠡᠴᠢᠯᠠᠯᠳᠠ ᠨᠡᠭᠡᠭᠡᠯᠳᠠ ᠶᠢᠨ 40 ᠵᠢᠯ ᠠᠴᠠ ᠨᠠᠰᠢ | ᠨᠤᠳᠤᠭ ᠮᠢᠨᠢ ᠰᠢᠨ᠎ᠠ ᠬᠤᠪᠢᠷᠠᠯᠳᠠ ᠭᠠᠷᠴᠤ | ᠲᠡᠭᠷᠢ ᠭᠠᠵᠠᠷ ᠤᠨ ᠵᠦᠷᠢᠶ᠎ᠠ ᠲᠠᠢ ᠪᠤᠯᠵᠡᠢ᠃ | ᠰᠠᠯᠪᠠᠷᠬᠠᠢ ᠱᠠᠬᠠᠢ ᠶᠢ ᠴᠦ ᠰᠤᠭᠤᠯᠵᠤ ᠠᠪᠳᠠᠭ | ᠰᠢᠪᠡᠷ ᠪᠠᠯᠴᠢᠭ ᠲᠠᠢ ᠨᠡᠬᠦᠳᠡᠯ ᠤᠨ ᠵᠠᠮ ᠤᠳ ᠨᠢ | ᠬᠠᠯᠳᠤᠷᠢᠵᠤ ᠤᠨᠠᠮᠠ ᠲᠤᠰᠤᠨ ᠵᠠᠮ ᠢᠶᠠᠷ ᠰᠤᠯᠢᠬᠳᠠᠵᠤ | ᠠᠶᠢᠯ ᠡᠷᠦᠭᠡ ᠪᠦᠷᠢ ᠶᠢᠨ ᠡᠬᠦᠳᠠ ᠶᠢ ᠬᠤᠯᠪᠤᠵᠡᠢ᠃ | ᠬᠤᠷ᠎ᠠ ᠪᠤᠷᠤᠭᠠᠨ ᠳᠤ ᠨᠤᠷᠠᠬᠤ ᠰᠢᠬᠠᠬᠰᠠᠨ | ᠰᠢᠪᠡᠷ ᠰᠢᠷᠤᠢ ᠶᠢᠨ ᠭᠡᠷ ᠤᠳ ᠨᠢ | ᠰᠢᠨ᠎ᠠ ᠲᠤᠰᠬᠤᠨ ᠤ ᠲᠦᠯᠦᠪᠵᠢᠬᠦᠯᠭᠡ ᠪᠠᠷ | ᠤᠯᠠᠭᠠᠨ ᠲᠤᠭᠤᠰᠬᠠᠨ ᠭᠡᠷ ᠢᠶᠠᠷ ᠰᠤᠯᠢᠬᠳᠠᠵᠡᠢ᠃ | ᠶᠢᠰᠤᠨ ᠵᠢᠯ ᠤᠨ ᠠᠯᠪᠠᠨ ᠵᠢᠷᠤᠮ ᠤᠨ ᠰᠤᠷᠭᠠᠨ ᠬᠦᠮᠤᠵᠢᠯ ᠲᠦᠭᠡᠮᠡᠯᠵᠢᠯᠡᠭᠳᠡᠪᠡ | ᠮᠠᠯᠴᠢᠨ ᠲᠠᠷᠢᠶᠠᠴᠢᠨ ᠤ ᠭᠠᠶᠢᠯᠢ ᠲᠡᠳᠠᠪᠤᠷᠢ ᠦᠨᠲᠦᠰᠤᠨ ᠳᠡᠭᠡᠨ ᠤᠰᠠᠳᠬᠠᠬᠳᠠᠪᠠ | ᠬᠦᠳᠡᠭᠡ ᠲᠤᠰᠬᠤᠨ ᠤ ᠬᠤᠷᠰᠢᠬᠰᠠᠨ ᠡᠮ ᠡᠮᠨᠡᠯᠭᠡ ᠶᠢᠨ ᠲᠦᠷᠢᠮ ᠭᠡᠷᠡᠭᠵᠢᠬᠦᠯᠦᠭᠳᠡᠪᠡ | ᠰᠢᠨᠵᠢᠯᠡᠬᠦ ᠤᠬᠠᠭᠠᠨᠴᠢ ᠪᠠᠷ ᠲᠠᠷᠢᠶᠠᠯᠠᠬᠤ ᠮᠠᠯᠵᠢᠬᠤ ᠶᠢ ᠲᠦᠷᠢᠮᠵᠢᠬᠦᠯᠪᠡ᠃ | ᠰᠤᠷᠭᠠᠨ ᠬᠦᠮᠤᠵᠢᠯ ᠤᠨ ᠬᠠᠷᠠᠭᠠᠯᠵᠠᠯ ᠢᠶᠠᠷ | ᠰᠤᠷᠤᠬᠴᠢ ᠪᠤᠯᠭᠠᠨ ᠲᠦᠯᠦᠪᠤᠷᠢ ᠦᠭᠡᠢ ᠰᠤᠷᠤᠯᠴᠠᠵᠤ | ᠰᠤᠶᠤᠯ ᠮᠡᠳᠡᠯᠭᠡ ᠲᠠᠢ ᠬᠦᠮᠤᠨ ᠡᠪᠤᠯ ᠤᠨ ᠴᠠᠰᠤ ᠰᠢᠭ᠋ ᠵᠤᠵᠠᠭᠠᠷᠠᠵᠤ | ᠰᠤᠳᠤᠨ ᠴᠢᠳᠠᠪᠤᠷᠢᠳᠠᠳ ᠰᠦᠨᠢ ᠶᠢᠨ ᠤᠳᠤ ᠰᠢᠭ᠋ ᠤᠯᠠᠰᠢᠷᠠᠪᠠ᠃ | ᠠᠬᠠᠮᠠᠳ ᠺᠠᠳ᠋ᠷ ᠤᠨ ᠴᠠᠯᠢᠩ ᠬᠦᠯᠦᠰᠤ ᠦᠰᠦᠭᠡᠳ | ᠦᠳᠡᠯᠦᠭᠡ ᠨᠠᠰᠤᠨ ᠳᠠᠭᠠᠨ ᠵᠢᠷᠭᠠᠵᠤ ᠪᠠᠶᠢᠨ᠎ᠠ | ᠠᠵᠢᠯᠴᠢ ᠠᠶᠢᠯ ᠤᠳ ᠪᠠᠶᠠᠵᠢᠨ ᠴᠢᠨᠡᠭᠡᠯᠢᠭᠵᠢᠭᠡᠳ | ᠬᠤᠳᠠ ᠤᠷᠤᠵᠤ ᠦᠨᠲᠦᠷ ᠠᠰᠠᠷ ᠲᠤ ᠰᠠᠭᠤᠵᠤ ᠪᠠᠶᠢᠨ᠎ᠠ᠃ | ᠭᠠᠳᠠᠭᠠᠳᠤ ᠲᠤᠳᠤᠭᠠᠳᠤ ᠶᠢᠨ ᠬᠠᠷᠢᠴᠠᠭ᠎ᠠ ᠪᠠᠷ | ᠭᠠᠵᠠᠷ ᠤᠰᠤ ᠮᠢᠨᠢ ᠲᠡᠭᠵᠢᠷᠡᠵᠤ | ᠲᠦᠷᠦ ᠤᠯᠤᠰ ᠤᠨ ᠶᠠᠪᠤᠯᠴᠠᠭ᠎ᠠ ᠪᠠᠷ | ᠲᠦᠮᠡᠨ ᠤᠯᠠᠨ ᠪᠠᠶᠠᠵᠢᠨ ᠴᠢᠨᠡᠭᠡᠯᠢᠭᠵᠢᠪᠡ᠃ | ᠬᠤᠪᠢ ᠶᠢᠨ ᠠᠷᠠᠯᠵᠢᠶ᠎ᠠ ᠮᠠᠶᠢᠮᠠᠢ ᠡᠵᠡᠩᠨᠡᠭᠡᠳ | ᠬᠤᠳᠠ ᠶᠢᠨ ᠠᠮᠢᠳᠤᠷᠠᠯ ᠲᠠᠢ ᠤᠶᠢᠷᠠᠳᠤᠭᠤᠯᠵᠤ ᠪᠠᠶᠢᠨ᠎ᠠ | ᠬᠤᠯᠠ ᠶᠢᠨ ᠬᠠᠷᠠᠯᠳᠠ ᠪᠠᠷ ᠰᠢᠨ᠎ᠠ ᠶᠢ ᠡᠬᠦᠲᠦᠭᠡᠳ | ᠬᠤᠤᠰ ᠦᠭᠡᠢ ᠠᠮᠵᠢᠯᠳᠠ ᠶᠢ ᠤᠯᠵᠤ ᠪᠠᠶᠢᠨ᠎ᠠ᠃ | ᠮᠠᠯ ᠤᠨ ᠴᠢᠨᠡᠷ ᠰᠠᠶᠢᠵᠢᠷᠠᠭᠠᠳ | ᠮᠠᠯᠴᠢᠳ ᠤᠨ ᠤᠷᠤᠯᠭ᠎ᠠ ᠨᠡᠮᠡᠭᠳᠡᠵᠤ ᠪᠠᠶᠢᠨ᠎ᠠ | ᠮᠠᠯ ᠤᠨ ᠭᠠᠷᠤᠯᠳᠠ ᠦᠨᠲᠦᠷᠵᠢᠭᠡᠳ | ᠮᠠᠨᠳᠤᠯ ᠤᠨ ᠤᠶᠠᠩᠭ᠎ᠠ ᠲᠠᠭᠤᠷᠢᠰᠤᠭᠤᠯᠵᠤ ᠪᠠᠶᠢᠨ᠎ᠠ᠃ | ᠠᠷᠠᠳ ᠤᠨ ᠤᠳᠤᠷᠢᠳᠤᠬᠴᠢ ᠮᠠᠤ ᠽᠧ ᠳ᠋ᠦᠡᠭ | ᠦᠭᠡᠷᠡᠴᠢᠯᠡᠨ ᠨᠡᠭᠡᠭᠡᠭᠴᠢ ᠳ᠋ᠸᠡᠭ ᠰᠢᠶᠤᠤ ᠫᠢᠡᠭ | ᠰᠢᠨᠡᠴᠢᠯᠠᠨ ᠬᠦᠭᠵᠢᠬᠦᠯᠦᠭᠴᠢ ᠬᠤ᠋ ᠶᠢᠨ ᠲᠤᠤ | ᠰᠢ ᠶᠢᠨ ᠫᠢᠡᠭ ᠤᠨ ᠰᠢᠨ᠎ᠠ ᠴᠠᠭ ᠦᠶ᠎ᠠ | ᠠᠵᠤ ᠠᠬᠤᠢ ᠶᠢ ᠮᠠᠨᠳᠤᠨ ᠬᠦᠭᠵᠢᠬᠦᠯᠬᠦ | ᠪᠠᠳᠤ ᠰᠠᠭᠤᠷᠢ ᠨᠢ ᠰᠠᠶᠢᠨ | ᠠᠷᠠᠳ ᠲᠦᠮᠡᠨ ᠢᠶᠠᠨ ᠪᠠᠶᠠᠵᠢᠨ ᠴᠢᠨᠡᠭᠡᠯᠢᠭᠵᠢᠬᠦᠯᠬᠦ | ᠪᠤᠳᠤᠯᠭ᠎ᠠ ᠰᠢᠢᠳᠪᠤᠷᠢ ᠨᠢ ᠰᠤᠳᠤ ᠮᠡᠷᠭᠡᠨ᠃ | ᠬᠦᠨᠳᠡᠯᠡᠨ ᠭᠤᠯᠳᠤ ᠪᠠᠷ ᠰᠦᠯᠵᠢᠬᠦ | ᠰᠢᠭᠤᠳ ᠶᠠᠪᠤᠯᠴᠠᠭ᠎ᠠ ᠨᠢ ᠰᠠᠶᠢᠬᠠᠨ | ᠬᠦᠮᠤᠨ ᠠᠷᠠᠳ ᠢᠶᠠᠨ ᠪᠠᠶᠠᠰᠬᠠᠬᠤ | ᠰᠡᠲᠦᠪᠤᠷᠢ ᠠᠷᠭ᠎ᠠ ᠨᠢ ᠵᠦᠪ ᠤᠨᠤᠪᠴᠢᠳᠡᠢ᠃ | ᠮᠠᠨ ᠤ ᠨᠤᠳᠤᠭ ᠤᠨ ᠦᠴᠦᠭᠡᠳᠤᠷ | ᠢᠡᠭᠬᠢᠵᠤ ᠬᠤᠪᠢᠷᠠᠬᠤ ᠶᠢ ᠭᠡᠨ ᠴᠦ ᠵᠡᠬᠦᠲᠦᠯᠡᠭᠡ ᠦᠭᠡᠢ | ᠮᠠᠨ ᠤ ᠨᠤᠳᠤᠭ ᠤᠨ ᠦᠨᠦᠲᠦᠷ | ᠢᠡᠭᠬᠢᠵᠤ ᠰᠢᠨᠡᠳᠴᠤ ᠬᠤᠪᠢᠷᠠᠬᠤ ᠶᠢ ᠭᠡᠨ ᠴᠦ ᠪᠤᠳᠤᠭ᠎ᠠ ᠦᠭᠡᠢ᠃ | ᠡᠨᠡ ᠲᠦᠴᠢᠨ ᠵᠢᠯ — ᠲᠡᠤᠭᠡ ᠶᠢ ᠬᠤᠪᠢᠷᠠᠭᠤᠯᠤᠬᠰᠠᠨ | ᠡᠨᠡ ᠲᠦᠴᠢᠨ ᠵᠢᠯ — ᠲᠦᠢᠯᠪᠤᠷᠢᠳᠡᠢ ᠬᠦᠭᠵᠢᠭᠰᠡᠨ | ᠡᠨᠡ ᠲᠦᠴᠢᠨ ᠵᠢᠯ — ᠲᠦᠷᠦ ᠶᠢ ᠡᠩᠭᠡᠵᠢᠬᠦᠯᠦᠭᠰᠡᠨ | ᠡᠨᠡ ᠲᠦᠴᠢᠨ ᠵᠢᠯ — ᠲᠦᠮᠡᠨ ᠢᠶᠠᠨ ᠪᠠᠶᠠᠵᠢᠭᠤᠯᠤᠬᠰᠠᠨ᠃ | ᠲᠦᠡᠭᠯᠢᠶᠤᠤ ᠮᠤᠩᠭᠤᠯ ᠦᠨᠲᠦᠰᠦᠳᠡᠨ ᠤ ᠲᠤᠮᠳᠠᠳᠤ ᠰᠤᠷᠭᠠᠭᠤᠯᠢ | ᠶᠢᠨ ᠮᠤᠩᠭᠤᠯ ᠭᠡᠯᠡᠨ ᠤ ᠵᠢᠭᠠᠨ ᠰᠤᠳᠤᠯᠬᠤ ᠲᠤᠭᠤᠶᠢᠯᠠᠩ | 姓名:敖斯尔 | 手机:15750560906 | ︵ᠤᠷᠤᠯᠳᠤᠭᠠᠨ ᠤ ᠵᠤᠭᠢᠶᠠᠯ︶ | | |