ᠦᠶᠠᠷ | ︵ᠬᠦᠳᠦᠯᠦᠬᠡ ᠨᠢᠬᠡ︶ | ᠦᠩᠬᠡᠷᠡᠭᠰᠡᠨ ᠬᠤᠨᠤᠭ ᠤᠳ ᠲᠤ ᠪᠢ | ᠰᠢᠪᠠᠭᠤᠨ ᠠᠴᠠ ᠦᠨᠳᠦᠷ ᠨᠢᠰᠦᠯᠠ ᠬᠡᠵᠤ | ᠰᠠᠶᠢᠬᠠᠨ ᠵᠡᠬᠦᠳᠦᠯᠡᠵᠤ ᠪᠠᠶᠢᠭᠰᠠᠨ | ᠦᠴᠦᠬᠡᠳᠦᠷ ᠰᠦᠨᠢ ᠨᠠᠮ᠎ᠠ ᠶᠢ | ᠦᠶᠠᠷ ᠢᠷᠡᠵᠤ ᠬᠠᠰᠢᠯᠠ ᠬᠡᠵᠤ | ᠵᠡᠬᠦᠳᠦᠯᠡᠭᠡ ᠦᠬᠡᠢ ᠵᠡᠬᠦᠳᠤ ᠤᠴᠠᠷᠠᠭᠰᠠᠨ | ᠵᠠᠮᠠᠭ ᠤᠨ ᠨᠤᠭᠤᠭᠠᠨ ᠦᠩᠬᠡ ᠲᠠᠢ | ᠰᠢᠷᠦᠬᠦᠨ ᠤᠷᠤᠰᠤᠭᠰᠠᠨ ᠦᠶᠠᠷ | ᠵᠠᠶᠢᠯᠠᠬᠤ ᠴᠢᠯᠦᠬᠡ ᠦᠭᠬᠦᠯ ᠦᠬᠡᠢ | ᠵᠢᠵᠢᠭᠬᠡᠨ ︿︿ᠠᠷᠠᠯ﹀﹀ ᠳᠡᠬᠡᠷ᠎ᠡ ᠬᠠᠪᠴᠢᠯ᠎ᠠ | ᠬᠡᠨᠡᠳᠳᠡ ᠶᠢᠨ ᠳᠤᠬᠢᠶᠠᠯ ᠳᠤ ᠪᠠᠴᠢᠮᠳᠠᠭᠠ ᠦᠬᠡᠢ | ᠬᠡᠳᠡᠷᠬᠦ ᠬᠠᠨᠳᠤᠭᠠᠳ ᠰᠠᠨᠳᠤᠷᠤᠭᠠ ᠦᠬᠡᠢ | ᠬᠡᠳᠤᠢ ᠦᠷᠬᠡᠨ ᠪᠠᠭᠤᠭᠰᠠᠨ ᠴᠤ | ᠳᠡᠬᠡᠬᠦᠷ ᠨᠢ ᠨᠢᠰᠦᠬᠡᠳ ᠵᠠᠶᠢᠯᠠᠶ᠎ᠠ | ᠬᠡᠳᠤᠢ ᠬᠦᠨ ᠪᠠᠶᠢᠭᠰᠠᠨ ᠴᠤ | ᠳᠤᠮᠳᠠᠭᠤᠷ ᠨᠢ ᠤᠮᠪᠠᠭᠠᠳ ᠬᠡᠳᠦᠯᠦᠶᠠ ᠬᠡᠮᠡᠨ | ᠳᠤᠳᠤᠷ᠎ᠠ ᠪᠠᠨ ᠳᠤᠭ᠎ᠠ ᠲᠠᠢ ᠵᠤᠭᠰᠤᠬᠤ ᠳᠤ | ᠳᠤᠤᠷ᠎ᠠ ᠪᠠᠨ ᠪᠤᠷᠤ ᠮᠦᠷ ᠢᠶᠠᠷ ᠢᠶᠠᠨ ᠪᠤᠴᠠᠯ᠎ᠠ | ᠦᠶᠠᠷ ᠠᠴᠠ ᠪᠢ ᠠᠶᠤᠭᠰᠠᠨ ᠦᠬᠡᠢ | ᠦᠶᠡᠷ ᠨᠠᠳᠠ ᠠᠴᠠ ᠠᠶᠤᠴᠢᠬᠠᠯᠠ | ᠦᠨᠡᠭᠡ | ᠰᠡᠬᠦᠯ ᠳᠤ ᠪᠠᠨ ᠮᠡᠭᠡ ᠲᠠᠢ | ᠰᠡᠬᠦᠳᠡᠷ ᠠᠴᠠ ᠪᠠᠨ ᠰᠡᠵᠢᠭᠯᠡᠳᠡᠭ | ᠮᠠᠩᠬᠠᠨ ᠰᠢᠷ᠎ᠠ ᠦᠨᠡᠭᠡ | ᠮᠠᠰᠢ ᠬᠤᠯᠵᠢᠨ ᠠᠮᠢᠳᠠᠨ | ᠬᠤᠸᠠᠷ ᠴᠡᠴᠡᠭ ᠢ ᠴᠤ ᠦᠨᠦᠷᠯᠡᠨ᠎ᠡ | ᠬᠤᠷᠠᠭ᠎ᠠ ᠢᠰᠢᠬᠡ ᠶᠢ ᠴᠤ ᠦᠨᠦᠰᠦᠨᠠ | ᠬᠤᠪᠢᠷᠠᠰᠢ ᠦᠬᠡᠢ ᠳᠡᠬᠦᠨ ᠤ | ᠬᠠᠭᠤᠷᠮᠠᠭ ᠲᠦᠷᠢ ᠦᠯᠡᠮᠵᠢ | ᠦᠨᠡᠨ ᠴᠢᠨᠠᠷ ᠢᠶᠠᠨ ᠡᠰᠡ ᠢᠯᠡᠷᠡᠬᠦᠯᠳᠡᠭ | ᠦᠩᠬᠡᠨ ᠴᠢᠳᠬᠦᠷ ᠦᠨᠡᠭᠡ | ᠡᠳᠤᠷ ᠳᠤᠳᠤᠮ ᠤᠨ ᠠᠮᠢᠳᠤᠷᠠᠯ ᠳᠤ | ᠦᠷᠬᠦᠯᠵᠢ ᠬᠦᠮᠦᠰ ᠲᠤ ᠬᠠᠷᠠᠭᠳᠠᠨ᠎ᠠ | | | |