ᠪᠠᠭ᠎ᠠ ᠶᠢᠨ ᠨᠤᠳᠤᠭ ᠤᠨ ᠲᠠᠷᠠᠰᠤᠮᠵᠢ
ᠨᠡᠶᠢᠲᠡᠯᠡᠭᠰᠡᠨ ᠴᠠᠭ᠄
2020/11/9
 ︵ᠬᠡᠥᠬᠡᠳ  ᠤᠨ ᠰᠢᠯᠦᠭ︶         ᠸ᠊᠂ ᠠᠭᠤᠯᠠ ᠵᠤᠬᠢᠶᠠᠪᠠ ᠠ ᠦᠰᠦᠭ ᠠᠩᠬ᠎ᠠ ᠰᠤᠷᠤᠭᠰᠠᠨᠠᠩᠬᠠᠨ ᠤ ᠡᠳᠦᠷ ᠡᠨᠡ ᠨᠤᠳᠤᠭ ᠲᠤ ᠪᠤᠢ︕ᠪᠤᠳᠤᠯᠭ᠎ᠠ  ᠰᠠᠨᠠᠭ᠎ᠠ  ᠎ ᠶᠢ  ᠬᠠᠳᠠᠭᠤᠵᠢᠭᠤᠯᠤᠭᠰᠠᠨᠪᠤᠭᠤᠷᠤᠯ ᠱᠠᠩᠰᠢ ᠮᠠᠨᠢ ᠡᠨᠡ ᠨᠤᠳᠤᠭ ᠲᠤ  ᠪᠤᠢ︕ᠪᠤᠰᠤᠭ᠎ᠠ ᠦᠰᠦᠭ ᠎ ᠤᠨ ᠪᠤᠯᠪᠠᠰᠤᠷᠠᠯ ᠬᠦᠷᠳᠡᠭᠰᠡᠨᠪᠠᠳᠤ  ᠎ ᠲᠠᠢ ᠰᠠᠭᠤᠷᠢ ᠡᠨᠡ ᠨᠤᠳᠤᠭ ᠲᠤ ᠪᠤᠢ︕ᠪᠠᠶᠠᠷ ᠵᠢᠷᠭᠠᠯ  ᠢ ᠵᠡᠷᠭᠡ  ᠎ ᠪᠠᠷ ᠬᠤᠥᠰᠯᠠᠭᠤᠯᠤᠭᠰᠠᠨᠪᠤᠭᠤᠮᠳᠠ ᠶᠢᠨ ᠮᠦᠴᠡ ᠡᠨᠡ ᠨᠤᠳᠤᠭ  ᠎ ᠲᠤ ᠪᠤᠢ︕︽ᠪᠠᠶᠠᠨ ᠨᠠᠮᠤᠷ︾ ᠭᠡᠵᠤ ᠠᠩᠬ᠎ᠠ ᠪᠠᠳᠠᠭᠯᠠᠭᠰᠠᠨᠪᠠᠭ᠋ᠠᠷᠤᠯᠳᠤ  ᠲᠠᠰᠬᠠᠯ ᠡᠨᠡ ᠨᠤᠳᠤᠭ ᠲᠤ ᠪᠤᠢ︕ᠪᠢᠴᠢᠭᠳᠦ ᠶᠢᠨ ᠲᠠᠯ᠎ᠠ ᠪᠠᠷ ᠪᠡᠯᠴᠢᠭᠡᠷ ᠪᠤᠯᠭᠠᠭᠰᠠᠨᠪᠢᠴᠢᠬᠠᠨ ᠤ ᠮᠦᠷ  ᠡᠨᠡ ᠨᠤᠳᠤᠭ ᠲᠤ ᠪᠤᠢ︕ᠲᠠᠭᠠᠨ᠎ᠠ ᠭᠤᠭᠤᠳ   ᠲᠡᠭᠦᠵᠤ  ᠭᠦᠶᠦᠭᠰᠡᠨᠲᠠᠪᠳᠠᠢ  ᠬᠤᠨᠤᠭ ᠡᠨᠡ ᠨᠤᠳᠤᠭ ᠲᠤ ᠪᠤᠢ︕ᠲᠠᠪᠤ ᠠᠷᠪᠠ ᠪᠠᠷ  ᠬᠡᠯᠬᠢᠶᠡᠷᠡᠨ ᠱᠤᠩᠪᠠᠭᠰᠠᠨᠲᠠᠭᠠᠳᠠᠢ ᠤᠮᠪᠠᠯᠳᠠ ᠡᠨᠡ ᠨᠤᠳᠤᠭ ᠲᠤ ᠪᠤᠢ︕ᠲᠠᠮᠤ ᠶᠢᠨ ᠴᠠᠭᠠᠨ ᠢ ᠰᠠᠷᠠᠪᠴᠢᠯᠠᠨ ᠪᠠᠷᠠᠭᠠᠳᠠᠭᠰᠠᠨᠲᠡᠭᠵᠢᠨ ᠬᠦᠰᠡᠯ ᠡᠨᠡ  ᠨᠤᠳᠤᠭ ᠲᠤ ᠪᠤᠢ︕ᠰᠢᠷ᠎ᠠ  ᠤᠯᠠᠭᠠᠨ ᠴᠡᠴᠡᠭ  ᠲᠡᠭᠦᠭᠦᠭᠰᠡᠨ ᠰᠢᠮᠳᠠᠭᠰᠠᠨ  ᠭᠦᠶᠦᠳᠡᠯ ᠡᠨᠡ ᠨᠤᠳᠤᠭ ᠲᠤ ᠪᠤᠢ  ︕ᠰᠠᠯᠬᠢᠨ ᠵᠡᠭᠡᠷᠳᠡ  ᠎ ᠶᠢᠨ ᠮᠢᠨᠢ ᠲᠤᠷᠭᠠᠨ ᠲᠠᠪᠬᠢᠯᠳᠠ ᠰᠠᠶᠢᠬᠠᠨ‌ᠮᠤᠷᠢᠨ ᠰᠤᠶᠤᠯ ᠡᠨᠡ ᠨᠤᠳᠤᠭ ᠲᠤ ᠪᠤᠢ︕ᠰᠤᠮᠤᠨ ᠳᠤ ᠬᠦᠷᠦᠭᠡᠳ ᠨᠢᠭᠡᠳᠦᠯᠳᠡᠢ ᠰᠢᠯᠭᠠᠭᠰᠠᠨᠰᠢᠯᠢᠳᠡᠭ ᠮᠦᠷᠦᠶᠢᠴᠡᠭᠡᠨ ᠡᠨᠡ ᠨᠤᠳᠤᠭ ᠲᠤ ᠪᠤᠢ︕ᠮᠦᠰᠦ ᠲᠠᠰᠢᠨ ᠭᠤᠯᠭᠤᠭᠤᠷ ᠭᠦᠶᠦᠯᠭᠡᠭᠰᠡᠨᠮᠠᠰᠢᠨᠴᠢᠯᠠᠬᠤ ᠬᠦᠰᠡᠯ ᠡᠨᠡ ᠨᠤᠳᠤᠭ ᠲᠤ ᠪᠤᠢ︕ᠮᠠᠩᠨᠠᠢ ᠲᠠᠨᠢᠭᠦᠨ  ᠤᠷᠠᠬ᠎ᠠ ᠲᠤᠥᠷ ᠲᠠᠯᠪᠢᠭᠰᠠᠨᠮᠢᠬᠠᠴᠢᠨ  ᠎ ᠤ ᠤᠨ ᠰᠠᠷ᠎ᠠ ᠨᠡᠨ ᠨᠤᠳᠤᠭ ᠲᠤ ᠪᠤᠢ︕ᠮᠠᠭᠠᠳ ᠪᠠᠶᠠᠷᠯᠠᠨ ᠨᠤᠶᠠᠨᠰᠢᠰᠢ ᠴᠠᠭᠠᠯᠠᠭᠰᠠᠨᠮᠠᠩᠵᠢᠨ ᠲᠤᠭᠤᠭ᠎ᠠ ᠮᠠᠨᠢ ᠡᠨᠡ ᠨᠤᠳᠤᠭ ᠲᠤ ᠪᠤᠢ︕ᠦᠳᠡᠰᠢ ᠡᠵᠢ  ᠎ ᠳᠤ ᠡᠮ ᠵᠠᠯᠠᠨ ᠭᠦᠶᠦᠭᠰᠡᠨᠠᠶᠤᠮᠳᠠᠭᠠᠢ ᠦᠯᠢᠭᠡᠷ ᠡᠨᠡ ᠨᠤᠳᠤᠭ ᠲᠤ ᠪᠤᠢ︕ᠰᠢᠷ᠎ᠠ ᠪᠤᠯᠠᠭ  ᠎ ᠲᠤ ︽ᠬᠦᠷᠦᠭ︾  ᠪᠤᠯᠢᠶᠠᠯᠳᠤᠭᠰᠠᠨ  @ᠰᠢᠯᠭᠠᠭᠤᠷᠳᠤ ᠪᠤᠷᠤ ᠬᠤᠨᠤᠭ  ᠡᠨᠡ ᠨᠤᠳᠤᠭ ᠲᠤ  ᠪᠤᠢ︕ᠰᠢᠮᠳᠠᠨ  ᠲᠠᠪᠳᠠᠭᠠᠳ ᠰᠠᠩ ᠬᠠᠮᠢᠶᠠᠷᠤᠭᠰᠠᠨᠰᠢᠳᠢᠳᠦ ᠠᠮᠢᠳᠤᠷᠠᠯ ᠡᠨᠡ ᠨᠤᠳᠤᠭ ᠲᠤ ᠪᠤᠢ︕ᠡᠯᠪᠡᠭ ᠬᠤᠷᠢᠶᠠᠯᠳᠠ ᠶᠢᠨ ᠡᠭᠡᠰᠢᠭ ᠬᠠᠩᠭᠢᠨᠠᠭᠤᠯᠤᠭᠰᠠᠨᠡᠩᠬᠡ ᠵᠢᠷᠭᠠᠯᠳᠤ ᠡᠳᠦᠷ ᠡᠨᠡ ᠨᠤᠳᠤᠭ ᠲᠤ ᠪᠤᠢ︕ᠦᠳᠦᠷᠮ᠎ᠡ ᠰᠠᠬᠢᠭᠠᠳ ᠡᠪᠦᠭᠡᠨ ᠲᠠᠢ ᠵᠤᠭᠤᠭᠳᠠᠭᠰᠠᠨᠦᠯᠢᠭᠡᠷ ᠲᠠᠢ  ᠦᠳᠡᠰᠢ ᠡᠨᠡ ᠨᠤᠳᠤᠭ ᠲᠤ ᠪᠤᠢ︕ᠤᠯᠤᠰ ᠤᠨ ᠬᠤᠶᠠᠳᠡᠬᠢ ᠨᠢᠭᠡᠳᠦᠯᠳᠡᠢ ᠰᠢᠯᠭᠠᠯᠳᠠᠦᠪᠡᠷ ᠤᠨ ᠵᠠᠶᠠᠭ᠎ᠠ  ᠡᠨᠡ ᠨᠤᠳᠤᠭ ᠲᠤ ᠪᠤᠢ︕ᠮᠡᠳᠡᠭᠳᠡᠯ ᠤᠨ ᠪᠢᠴᠢᠭ  ᠤᠮᠤᠭᠳᠠᠶᠢᠬᠠᠨ ᠲᠤᠰᠤᠭᠠᠳᠮᠠᠩᠨᠠᠢ ᠲᠡᠨᠡᠶᠢᠭᠰᠡᠨ ᠮᠦᠴᠡ ᠡᠨᠡ ᠨᠤᠳᠤᠭ ᠲᠤ ᠪᠤᠢ︕ᠵᠠᠯᠠᠭᠤ ᠨᠠᠰᠤᠨ ᠤ ᠡᠬᠢᠯᠡᠯᠳᠡ ᠶᠢᠨ ᠴᠡᠭᠵᠠᠪᠳᠠᠭᠰᠠᠨ  ᠴᠢᠷᠮᠠᠶᠢᠯᠳᠠ ᠡᠨᠡ ᠨᠤᠳᠤᠭ ᠲᠤ ᠪᠤᠢ︕ᠬᠦᠰᠡᠯ ᠤᠨ ᠵᠡᠭᠦᠳᠦ ᠪᠠᠨ ᠲᠡᠷᠭᠡᠯᠰᠢᠭᠦᠯᠦᠭᠰᠡᠨᠬᠦᠮᠡᠬᠡᠢ  ᠵᠠᠭᠤᠯᠳᠠ ᠡᠨᠡ ᠨᠤᠳᠤᠭ  ᠎ ᠲᠤ ᠪᠤᠢ︕ᠬᠡᠥᠬᠡᠳ  ᠦᠶ᠎ᠡ  ᠎ ᠶᠢᠨ ᠵᠢᠪᠬᠤᠭᠠᠳᠤ ᠲᠠᠭᠤᠥᠬᠢᠵᠢᠶᠡᠳᠡ ᠡᠨᠡ ᠨᠤᠳᠤᠭ ᠲᠤ  ᠬᠠᠩᠭᠢᠨᠠᠭᠠᠰᠠᠢ  ︕ᠬᠤᠷᠢᠭᠤᠯ ᠲᠤᠥᠷ ᠢᠶᠠᠨ ᠡᠪᠳᠡᠵᠤ ᠨᠢᠰᠦᠭᠰᠡᠨᠬᠠᠶᠢᠷᠠᠳᠤ ᠨᠤᠳᠤᠭ ᠮᠠᠨᠢ ᠦᠭᠡᠳᠡᠷᠬᠡᠭ ᠪᠠᠶᠢᠭᠠᠰᠠᠢ  ︕ ᠲᠠᠶᠢᠯᠪᠤᠷᠢ᠄ (@ ᠲᠠᠶᠢᠯᠪᠤᠷᠢ᠄ ᠪᠠᠭ᠎ᠠ  ᠰᠤᠷᠭᠠᠭᠤᠯᠢ ᠶᠢᠨ ᠨᠢᠭᠡᠳᠦᠭᠡᠷ ᠤᠨ ᠤ ᠱᠠᠳᠤᠨ ᠳᠤ ᠲᠠᠷᠤᠢ 69 ᠤᠨ  ᠎ ᠤ ᠰᠢᠷᠭᠠᠯ ᠨᠠᠮᠤᠷ  ᠂ ᠲᠡᠭᠡᠳᠦ ᠤᠨ ᠤ ᠨᠦᠬᠦᠳ ᠢ ᠲᠠᠭᠠᠵᠤ  ᠂ ᠪᠢᠴᠢᠭᠳᠦ ᠶᠢᠨᠰᠢᠷ᠎ᠠ ᠪᠤᠯᠠᠭ ‍ᠤᠨ‌‍ᠬᠦ᠋ᠪᠡᠭᠡᠨ ᠳᠤ ᠰᠢᠷ᠎ᠠ ᠬᠤᠸᠠᠷ ᠲᠡᠭᠦᠵᠤᠪᠠᠶᠢᠭᠠᠳ ᠬᠢᠶᠠᠭᠳᠤ ᠶᠢᠨ ᠠᠶᠢᠯ ᠶᠢᠨ ᠬᠡᠥᠬᠡᠳ ᠲᠠᠢ ᠲᠡᠷᠢᠭᠦᠯᠡᠭᠴᠢ᠎ ᠶᠢᠨ ᠬᠦᠷᠦᠭ  ᠪᠤᠯᠢᠶᠠᠯᠳᠤᠨ ᠨᠠᠭᠠᠳᠤᠭᠰᠠᠨ  ᠶᠠᠪᠤᠳᠠᠯ  ᠎ ᠨᠢᠲᠤᠬᠠᠢ ᠶᠢᠨ  ᠦᠶ᠎ᠡ  ᠎ ᠳᠤ ᠯᠠᠥᠰ ᠲᠤ ᠲᠡᠮᠦᠷᠬᠠᠶᠠᠭᠰᠠᠨ ᠶᠠᠪᠤᠳᠠᠯ  ᠪᠤᠯᠵᠤ ᠦᠩᠭᠡᠷᠡᠭᠰᠡᠨ ᠶᠤᠮ  ︶
 
ᠢᠷᠡᠯᠲᠡ᠄ ᠸ᠊᠂ ᠠᠭᠤᠯᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号