ᠮᠠᠨ ᠤ ᠨᠤᠳᠤᠭ ᠤᠨ ᠬᠢᠨᠢ ᠤᠯᠤᠰ ᠪᠠᠶᠢᠭᠤᠯᠤᠭᠳᠠᠬᠤ ᠶᠢᠨ ᠡᠬᠢ ᠪᠠᠷ ᠪᠠᠷᠢᠭᠠᠳᠠ ᠪᠠᠶᠢᠭᠤᠯᠤᠭᠳᠠᠵᠤ ᠨᠡᠶᠢᠲᠡ ᠪᠠᠷ | ᠮᠠᠯᠵᠢᠵᠤ ᠲᠠᠷᠢᠶᠠᠯᠠᠳᠠᠭ ᠪᠤᠯᠵᠠᠢ᠃ ᠵᠢᠯ ᠪᠦᠷᠢ ᠶᠢᠨ ᠨᠠᠮᠤᠷ ᠤᠯᠤᠰ ᠲᠤ ᠦᠬᠡᠷ ᠬᠤᠨᠢ ᠠᠴᠠ ᠪᠠᠨ ᠬᠤᠳᠠᠯᠳᠣᠵᠤ | ᠥᠭᠳᠡᠭ ᠪᠠ ᠦᠳᠦᠷᠮ᠎ᠡ ᠪᠠᠨ ᠠᠪᠴᠤ ᠪᠠᠷᠠᠪᠠᠯ ᠮᠠᠨ ᠤ ᠭᠠᠴᠠᠭ᠎ᠠ ᠠᠴᠠ ᠬᠠᠮᠤᠭ ᠤᠶᠢᠷ᠎ᠠ ᠭᠡᠳᠡᠭ ᠶᠡᠬᠡᠲᠡᠯᠡ ᠳᠠᠬᠢ | ᠤᠯᠤᠰ ᠤᠨ ᠠᠮᠤ ᠪᠤᠳᠠᠭᠠᠨ ᠤ ᠬᠦᠮᠦᠷᠭᠡ ᠳᠤ ᠦᠬᠡᠷ ᠲᠡᠷᠭᠡ ᠪᠠᠷ ᠬᠦᠷᠭᠡᠵᠦ ᠶᠠᠪᠤᠳᠠᠭ ᠪᠠᠶᠢᠵᠠᠢ᠃ | ᠨᠢᠭᠡ ᠵᠢᠯ ᠤᠨ ᠨᠠᠮᠤᠷ ᠮᠢᠨᠦ ᠡᠪᠦᠭᠡ ᠠᠯᠪᠠᠨ ᠠᠮᠤ ᠬᠦᠷᠭᠡᠵᠦ ᠤᠴᠢᠭᠰᠠᠨ ᠳᠤ ᠬᠦᠮᠦᠷᠭᠡ ᠶᠢᠨ ᠠᠵᠢᠯᠴᠢᠳ ᠨᠢ | ᠲᠡᠷᠭᠡᠨ ᠲᠡᠭᠡᠷ᠎ᠡ ᠠᠴᠠ ᠨᠢ ᠪᠤᠳᠠᠭ᠎ᠠ ᠶᠢ ᠨᠢ ᠪᠠᠭᠤᠯᠭᠠᠨ ᠠᠪᠴᠤ ᠪᠦᠳᠦᠭᠦᠨ ᠮᠠᠳᠠᠢ ᠳᠤ ᠤᠭᠤᠲᠠᠯᠠᠵᠤ ᠠᠪᠤᠭᠠᠳ | ᠬᠤᠶᠠᠷ ᠬᠦᠮᠦᠨ ᠲᠤᠮᠳᠠ ᠪᠠᠨ ᠳᠠᠮᠨᠠᠨ ᠶᠠᠪᠤᠵᠣ ᠬᠦᠮᠦᠷᠭᠡ ᠳᠤ ᠪᠠᠨ ᠵᠢᠩᠯᠡᠨ ᠤᠷᠤᠭᠤᠯᠵᠤ ᠪᠠᠶᠢᠪᠠ᠃ ᠡᠪᠦᠭᠡ ᠮᠠᠨᠢ | ᠦᠵᠡᠭᠰᠡᠭᠡᠷ ᠪᠠᠶᠢᠵᠤ ︿︿ᠢᠩᠭᠢᠵᠦ ᠵᠦᠭᠡᠷ ᠵᠤᠭᠰᠤᠭᠰᠠᠨ ᠴᠤ ᠵᠤᠭᠰᠣᠨ᠎ᠠ᠂ ᠲᠡᠭᠡᠭᠡᠳ ᠲᠠᠭᠠᠷᠠᠵᠤ ᠵᠤᠭᠰᠣᠨ᠎ᠠ᠂ | ᠲᠡᠭᠡᠬᠦ ᠶᠢᠨ ᠤᠷᠤᠨ ᠳᠤ ᠲᠡᠳᠡᠨᠦᠰ ᠲᠤ ᠬᠠᠮᠵᠢᠭᠠᠳ ᠥᠭᠬᠦ ᠳᠤ ᠲᠡᠷᠭᠡ ᠦᠬᠡᠷ ᠢᠶᠠᠨ ᠡᠷᠲᠡ ᠪᠠᠭᠤᠯᠭᠠᠵᠤ ᠠᠮᠠᠷᠠᠵᠤ | ᠠᠮᠢᠰᠬᠤᠬᠤ ᠳᠤ ᠮᠠᠨᠢ ᠰᠠᠶᠢᠨ ᠶᠤᠮ﹀﹀ ᠭᠡᠵᠦ ᠰᠠᠨᠠᠵᠤ ᠠᠮᠵᠢᠬᠤ ᠳᠠᠭᠠᠨ ᠲᠡᠲᠡᠨ ᠤ ᠬᠠᠵᠠᠭᠤ ᠪᠠᠷ | ᠭᠠᠭᠴᠠᠭᠠᠷ ᠢᠶᠠᠷ ᠢᠶᠠᠨ ᠨᠢᠭᠡ ᠮᠡᠳᠡᠢ ᠪᠤᠳᠠᠭ᠎ᠠ ᠶᠢ ᠰᠦᠷ ᠭᠡᠲᠡᠯ᠎ᠡ ᠠᠪᠴᠤ ᠡᠭᠦᠷᠦᠭᠡᠳ ᠬᠦᠮᠦᠷᠭᠡ ᠳᠤᠨᠢ ᠤᠷᠤᠭᠤᠯᠵᠤ | ᠡᠬᠢᠯᠡᠵᠡᠢ᠃ | ᠲᠡᠳᠡᠭᠡᠷ ᠠᠵᠢᠯᠴᠢᠳ ᠪᠦᠷ ᠭᠠᠶᠢᠬᠠᠯ ᠪᠤᠯᠣᠭᠰᠠᠨ ᠤ ᠲᠤᠲᠤᠷ᠎ᠠ ᠤᠴᠢᠷ ᠨᠠᠴᠢᠷ ᠲᠤ ᠲᠤᠷᠠᠳᠠᠢ ᠨᠢᠭᠡ ᠨᠢ ︿︿ | ᠲᠠ ᠬᠡᠷᠪᠡ ᠬᠤᠶᠠᠷ ᠮᠠᠳᠠᠢ ᠶᠢ ᠡᠭᠦᠷᠴᠦ ᠲᠡᠶᠢᠯᠪᠡᠯ ᠪᠢᠳᠡ ᠴᠢᠮ᠎ᠠ ᠳᠤ ᠬᠤᠶᠠᠷ ᠮᠠᠳᠠᠢ ᠪᠤᠳᠠᠭ᠎ᠠ ᠪᠠᠷ ᠱᠠᠩᠨᠠᠶ᠎ᠠ﹀﹀ | ᠭᠡᠳ ᠮᠡᠭ ᠮᠡᠭ ᠱᠤᠬᠤᠷᠬᠠᠨ ᠢᠨᠢᠶᠡᠪᠡ᠃ ᠮᠢᠨᠦ ᠡᠪᠦᠭᠡ ᠬᠦᠯᠢᠭᠡᠯᠵᠡᠵᠦ ᠪᠠᠶᠢᠲᠠᠯ᠎ᠠ ᠤᠯᠠᠨ ᠢᠶᠠᠷ ᠢᠶᠠᠨ ᠲᠠᠭᠤ | ᠨᠡᠶᠢᠯᠡᠭᠦᠯᠦᠨ ︿︿ᠲᠠ ᠦᠨᠡᠨ ᠬᠤᠶᠠᠷ ᠮᠠᠳᠠᠢ ᠡᠭᠦᠷᠴᠦ ᠲᠡᠶᠢᠯᠪᠡᠯ ᠯᠡᠪᠳᠡᠢ ᠬᠤᠶᠠᠷ ᠮᠠᠳᠠᠢ ᠪᠤᠳᠠᠭ᠎ᠠ ᠥᠭᠭᠦᠨ᠎ᠡ﹀﹀ | ᠭᠡᠳ ᠳᠦᠷᠭᠢᠯᠳᠦᠵᠡᠢ᠃ | ᠮᠢᠨᠦ ᠡᠪᠦᠭᠡ ᠤᠷᠢᠳᠠᠪᠡᠷ ᠨᠢᠭᠡ ᠮᠠᠳᠡᠢ ᠪᠤᠳᠠᠭ᠎ᠠ ᠶᠢ ᠦᠪᠡᠷᠳᠡᠭᠡᠨ ᠮᠦᠷᠦᠨ ᠲᠡᠭᠡᠷ᠎ᠡ ᠪᠠᠨ ᠠᠪᠴᠤ | ᠲᠠᠯᠪᠢᠭᠠᠳ ᠲᠤᠭᠤᠷᠢᠵᠣ ᠵᠤᠭᠰᠤᠭᠰᠠᠨ ᠬᠦᠮᠦᠰ ᠢ ᠲᠡᠭᠡᠷ᠎ᠡ ᠨᠢ ᠨᠢᠭᠡ ᠮᠡᠳᠡᠢ ᠨᠡᠮᠡᠵᠦ ᠲᠠᠯᠪᠢ ᠭᠡᠵᠡᠢ᠃ ᠥᠨᠥᠬᠢ | ᠦᠢᠮᠡᠭᠡᠨ ᠳᠤ ᠲᠤᠷᠠᠳᠠᠢ ᠬᠦᠮᠦᠨ ᠨᠦᠭᠦᠭᠡ ᠨᠢᠭᠡ ᠪᠠᠨ ᠳᠠᠭᠤᠳᠠᠨ ᠬᠤᠶᠠᠭᠤᠯᠠ ᠪᠠᠨ ᠨᠢᠭᠡ ᠮᠡᠳᠡᠢ ᠪᠤᠳᠠᠭ᠎ᠠ ᠡᠷᠭᠦᠨ | ᠠᠪᠴᠤ ᠡᠪᠦᠭᠡ ᠶᠢᠨ ᠮᠦᠷᠦᠨ ᠲᠡᠭᠡᠷ᠎ᠡ ᠳᠠᠪᠬᠤᠷᠯᠠᠵᠤ ᠲᠠᠯᠪᠢᠭᠰᠠᠨ ᠪᠠᠶᠢᠯ᠎ᠠ᠃ ᠡᠪᠦᠭᠡ ᠵᠡᠭᠦᠨ ᠭᠠᠷ ᠢᠶᠠᠷ ᠢᠶᠠᠨ | ᠰᠦᠪᠡᠭᠡ ᠪᠠᠨ ᠲᠤᠯᠵᠤ᠂ ᠪᠠᠷᠠᠭᠤᠨ ᠭᠠᠷ ᠢᠶᠠᠷ ᠢᠶᠠᠨ ᠪᠤᠳᠠᠭ᠎ᠠ ᠪᠠᠨ ᠲᠦᠰᠢᠭᠰᠡᠭᠡᠷ ᠨᠢᠭᠡᠯᠡ ᠠᠮᠢᠰᠬᠤᠭᠠᠨ ᠲᠡᠭᠡᠷ᠎ᠡ | ᠵᠢᠷᠭᠤᠭᠠᠨ ᠮᠠᠳᠠᠢ ᠪᠤᠳᠠᠭ᠎ᠠ ᠶᠢ ᠬᠤᠶᠢᠨ᠎ᠠ ᠬᠤᠶᠢᠨ᠎ᠠ ᠠᠴᠠ ᠨᠢ ᠬᠦᠮᠦᠷᠭᠡ ᠳᠤᠨᠢ ᠤᠷᠣᠭᠤᠯᠵᠤ ᠥᠭᠪᠡ᠃ ᠡᠭᠦᠨ ᠢ | ᠦᠵᠡᠭᠰᠡᠨ ᠤᠯᠠᠨ ᠬᠦᠮᠦᠰ ᠨᠢᠳᠦ ᠪᠠᠨ ᠢᠲᠡᠭᠡᠵᠦ ᠶᠠᠳᠠᠨ ᠪᠠᠶᠢᠲᠠᠯ᠎ᠠ ᠴᠠᠭᠠᠨ᠎ᠠ ᠠᠴᠠ ᠨᠢᠭᠡ ᠰᠢᠷᠠᠪᠳᠣᠷ ᠴᠢᠷᠠᠢ ᠲᠠᠢ | ᠳᠠᠷᠤᠭ᠎ᠠ ᠬᠦᠮᠦᠨ ᠬᠦᠷᠴᠦ ᠢᠷᠡᠭᠡᠳ ︿︿ᠲᠠᠨᠤᠰ ᠬᠡᠯᠡᠭᠰᠡᠨ ᠦᠭᠡᠨ ᠳᠡᠭᠡᠨ ᠰᠠᠭᠤᠵᠤ ᠶᠠᠪᠤ ᠳ᠋ᠡ᠂ ᠦᠭᠡᠢ ᠪᠣᠯ | ᠶᠡᠬᠡᠲᠡᠯᠡ ᠬᠦᠮᠦᠷᠭᠡ ᠶᠢᠨ ᠨᠢᠭᠤᠷ ᠶᠢ ᠭᠡᠭᠡᠬᠦ ᠶᠤᠮ﹀﹀ ᠭᠡᠵᠦ ᠬᠦᠮᠦᠷᠭᠡ ᠶᠢᠨ ᠠᠵᠢᠯᠴᠢᠳ ᠲᠠᠭᠠᠨ ᠬᠡᠯᠡᠭᠡᠳ ᠶᠠᠪᠤᠪᠠ | ᠃ ᠠᠵᠢᠯᠴᠢᠳ ᠨᠢ ᠲᠠᠷᠤᠭ᠎ᠠ ᠶᠢᠨ ᠢᠶᠠᠨ ᠬᠡᠯᠡᠭᠰᠡᠨ ᠦᠭᠡ ᠶᠢ ᠬᠡᠷᠬᠢᠨ ᠠᠷᠭᠠᠴᠠᠬᠤ ᠲᠤᠬᠠᠢ ᠠᠷᠭ᠎ᠠ ᠣᠯᠳᠠᠬᠤ ᠦᠭᠡᠢ | ᠬᠠᠷᠢᠯᠴᠢᠨ ᠨᠢᠭᠡᠨ ᠨᠢᠭᠡ ᠪᠠᠨ ᠬᠠᠷᠠᠭᠠᠳ ᠮᠡᠯᠡᠷᠡᠵᠦ ᠪᠠᠶᠢᠲᠠᠯ᠎ᠠ ᠡᠪᠦᠭᠡ ᠴᠢᠮᠡᠭᠡ ᠢᠮᠡᠭᠡ ᠦᠭᠡᠢ ᠲᠡᠷᠭᠡ ᠦᠬᠡᠷ ᠢᠶᠠᠨ | ᠠᠪᠴᠤ ᠲᠡᠨᠳᠡ ᠠᠴᠠ ᠦᠭᠡ ᠦᠭᠡᠢ ᠰᠠᠯᠵᠤ ᠶᠠᠪᠤᠵᠠᠢ᠃ | ᠡᠪᠦᠭᠡ ᠲᠡᠷᠭᠡ ᠦᠬᠡᠷ ᠢᠶᠠᠨ ᠪᠠᠭᠤᠯᠭᠠᠭᠠᠳ ᠪᠠᠷᠠᠲᠠᠯ᠎ᠠ ᠨᠠᠷᠠ ᠪᠠᠷᠠᠭᠤᠨᠰᠢ ᠵᠢᠷᠭᠠᠵᠤ ᠡᠬᠢᠯᠡᠪᠡ᠃ ᠲᠤᠬᠠᠢ ᠶᠢᠨ | ᠦᠶᠡᠰ ᠤᠯᠤᠰ ᠤᠨ ᠠᠮᠤ ᠪᠤᠳᠠᠭᠠᠨ ᠤ ᠬᠦᠮᠦᠷᠭᠡ ᠶᠢᠨ ᠬᠢᠨ ᠠᠯᠪᠠᠨ ᠠᠮᠤ ᠬᠦᠷᠭᠡᠵᠦ ᠢᠷᠡᠭᠰᠡᠨ ᠠᠶᠢᠯ | ᠭᠠᠴᠠᠭᠠᠨ ᠤ ᠬᠦᠮᠦᠰ ᠲᠤ ᠦᠷᠦᠭᠡ ᠪᠠᠭᠤᠳᠠᠯ ᠲᠤᠬᠢᠷᠠᠭᠤᠯᠵᠤ ᠥᠭᠳᠡᠭ ᠪᠦᠭᠡᠳ ᠲᠡᠷᠭᠡ ᠤᠨᠤᠭ᠎ᠠ ᠳᠤᠨᠢ ᠪᠠᠰᠠ | ᠬᠦᠷᠢᠶ᠎ᠠ ᠬᠠᠰᠢᠶ᠎ᠠ ᠲᠠᠢ ᠪᠠᠶᠢᠵᠠᠢ᠃ ᠡᠪᠦᠭᠡ ᠮᠠᠨᠢ ᠪᠦᠬᠦᠯᠢ ᠨᠢᠭᠡ ᠡᠳᠦᠷ ᠵᠠᠮᠨᠠᠭᠰᠠᠨ ᠦᠬᠡᠷ ᠤᠳ ᠢᠶᠠᠨ ᠳᠠᠷᠤᠭᠤᠯ | ᠬᠤᠳᠳᠤᠭ ᠠᠴᠠ ᠤᠰᠤ ᠲᠠᠲᠠᠨ ᠤᠰᠤᠯᠠᠵᠤ ᠪᠠᠷᠠᠭᠠᠳ ᠡᠪᠡᠰᠦ ᠪᠤᠷᠳᠤᠭ᠎ᠠ ᠶᠢ ᠨᠢ ᠠᠮᠵᠢᠭᠤᠯᠵᠤ ᠠᠲᠠᠯ᠎ᠠ ᠨᠢᠭᠡ | ᠦᠨᠳᠦᠷᠬᠡᠨ ᠵᠠᠯᠠᠭᠤ ᠢᠷᠡᠵᠦ ︿︿ᠳᠠᠷᠤᠭ᠎ᠠ ᠲᠠᠨ ᠢ ᠵᠠᠯᠠᠵᠤ ᠪᠠᠶᠢᠨ᠎ᠠ﹀﹀ ᠭᠡᠳ ᠳᠠᠭᠠᠭᠤᠯᠵᠤ ᠤᠴᠢᠪᠠ᠃ ᠤᠳᠣ | ᠪᠤᠳᠤᠪᠠᠯ ᠲᠤᠬᠠᠢ ᠶᠢᠨ ᠦᠶᠡᠰ ᠬᠡᠳᠦᠶᠢᠪᠡᠷ ᠠᠵᠤ ᠠᠬᠤᠢ ᠶᠠᠳᠠᠭᠤ ᠬᠤᠴᠤᠷᠣᠩᠭᠤᠢ᠂ ᠠᠷᠠᠳ ᠨᠡᠶᠢᠲᠡ ᠶᠢᠨ ᠠᠵᠤ | ᠠᠮᠢᠲᠤᠷᠠᠯ ᠬᠦᠴᠢᠷᠳᠡᠢ ᠪᠠᠶᠢᠭᠰᠠᠨ ᠪᠤᠯᠪᠠᠴᠤ ᠤᠯᠠᠨ ᠨᠡᠶᠢᠲᠡ ᠶᠢᠨ ᠶᠤᠰᠤ ᠲᠥᠷᠢᠮ ᠭᠡᠭᠴᠢ ᠨᠠᠷᠢᠨ ᠲᠤᠲᠤᠷᠬᠠᠢ | ᠪᠦᠭᠡᠳ ᠬᠦᠮᠦᠨ ᠠᠷᠠᠳ ᠤᠨ ᠰᠠᠨᠠᠭ᠎ᠠ ᠰᠡᠳᠬᠢᠯ ᠭᠡᠳ ᠠᠰᠪᠤᠷᠢ ᠴᠠᠶᠢᠯᠭᠠᠨ ᠢᠶᠠᠷ ᠢᠶᠠᠨ ᠪᠠᠶᠢᠭᠰᠠᠨ ᠨᠢ ᠭᠠᠶᠢᠬᠠᠯᠲᠠᠢ | ᠶᠤᠮ᠃ | ᠥᠨᠥᠬᠢ ᠵᠠᠯᠠᠭᠤ ᠡᠪᠦᠭᠡ ᠶᠢ ᠳᠠᠭᠠᠭᠤᠯᠤᠨ ᠬᠦᠮᠦᠷᠭᠡ ᠶᠢᠨ ᠨᠡᠶᠢᠲᠡ ᠶᠢᠨ ᠬᠤᠭᠤᠯᠠᠨ ᠭᠡᠷ ᠤᠨ ᠪᠠᠷᠠᠭᠤᠨ | ᠵᠠᠬ᠎ᠠ ᠶᠢᠨ ᠨᠢᠭᠡ ᠵᠢᠵᠢᠭ ᠲᠠᠰᠣᠯᠭ᠎ᠠ ᠳᠤ ᠤᠷᠤᠵᠤ ᠤᠴᠢᠬᠤ ᠳᠤ ᠥᠨᠥᠬᠢ ︿︿ᠲᠠᠨᠤᠰ ᠬᠡᠯᠡᠭᠰᠡᠨ ᠦᠭᠡᠨ ᠳᠡᠭᠡᠨ | ᠰᠠᠭᠤᠵᠤ ᠶᠠᠪᠤ ᠳ᠋ᠡ᠂ ᠦᠭᠡᠢ ᠪᠣᠯ ᠶᠡᠬᠡᠲᠡᠯᠡ ᠬᠦᠮᠦᠷᠭᠡ ᠶᠢᠨ ᠨᠢᠭᠤᠷ ᠶᠢ ᠭᠡᠭᠡᠬᠦ ᠶᠤᠮ﹀﹀ ᠭᠡᠵᠦ ᠬᠡᠯᠡᠵᠦ ᠪᠠᠶᠢᠭᠰᠠᠨ | ᠰᠢᠷ᠎ᠠ ᠳᠠᠷᠤᠭ᠎ᠠ ᠤᠷᠢᠳᠡᠪᠡᠷ ᠢᠷᠡᠴᠢᠭᠡᠭᠡᠳ ᠰᠠᠭᠤᠵᠣ ᠪᠠᠶᠢᠯ᠎ᠠ᠃ ᠰᠢᠷ᠎ᠠ ᠳᠠᠷᠤᠭ᠎ᠠ ᠡᠪᠦᠭᠡ ᠶᠢ ᠬᠠᠵᠠᠭᠤ ᠳᠠᠭᠠᠨ | ᠠᠪᠤᠨ ᠰᠠᠭᠤᠯᠭᠠᠵᠤ ᠵᠠᠯᠠᠭᠤ ᠶᠢ ᠡᠰᠡᠷᠭᠦ ᠲᠠᠯ᠎ᠠ ᠳᠠᠭᠠᠨ ᠰᠠᠭᠤ ᠭᠡᠵᠦ ᠭᠠᠷ ᠲᠣᠬᠢᠵᠠᠢ᠃ ᠵᠠᠯᠠᠭᠤ ᠰᠠᠭᠤᠭᠰᠠᠨ ᠦᠭᠡᠢ | ᠪᠡᠶ᠎ᠡ ᠡᠷᠭᠢᠨ ᠲᠡᠮᠦᠷ ᠵᠤᠤᠬᠠᠨ ᠲᠡᠭᠡᠷᠡᠬᠢ ᠬᠠᠷ᠎ᠠ ᠯᠠᠵᠠᠨ ᠳᠡᠪᠦᠷ᠎ᠡ ᠶᠢ ᠠᠪᠴᠤ ᠰᠢᠷ᠎ᠠ ᠳᠠᠷᠤᠭ᠎ᠠ ᠶᠢᠨ ᠬᠠᠷ᠎ᠠ ᠴᠠᠢ | ᠪᠦᠷᠢᠭᠡᠳ ᠪᠠᠶᠢᠭᠰᠠᠨ ᠴᠣᠮᠣᠨ ᠳᠤ ᠤᠰᠤ ᠨᠡᠮᠡᠨ ᠥᠭᠴᠦ ᠲᠠᠬᠢᠨ ᠡᠪᠦᠭᠡ ᠳᠤ ᠰᠢᠨ᠎ᠡ ᠴᠠᠢ ᠪᠦᠷᠢᠵᠦ ᠥᠭᠭᠦᠭᠡᠳ | ᠭᠠᠷᠴᠤ ᠶᠠᠪᠤᠪᠠ᠃ | ᠰᠢᠷ᠎ᠠ ᠳᠠᠷᠤᠭ᠎ᠠ ᠠᠮᠠ ᠨᠡᠬᠡᠭᠡᠵᠦ ︿︿ᠡᠪᠦᠭᠡᠨ ᠠᠬ᠎ᠠ ᠶᠢ ᠦᠨᠡᠬᠡᠷ ᠪᠢᠰᠢᠷᠡᠯ᠎ᠡ᠃ ᠶᠤᠰᠤᠳᠠᠢ ᠡᠷ᠎ᠡ ᠬᠦᠮᠦᠨ ᠤ | ᠰᠦᠷ ᠭᠡᠷᠡᠯ ᠴᠢᠳᠠᠯ ᠳᠤᠷᠪᠢ ᠶᠢ ᠲᠡᠭᠰᠢ ᠰᠠᠶᠢᠬᠠᠨ ᠠᠪᠴᠤ ᠲᠦᠷᠦᠭᠰᠡᠨ ᠬᠦᠮᠦᠨ | ᠪᠠᠶᠢᠨ᠎ᠠ ᠳ᠋ᠡ﹀﹀ ᠭᠡᠭᠰᠡᠭᠡᠷ ᠪᠡᠶ᠎ᠡ ᠦᠨᠳᠡᠶᠢᠨ ᠪᠤᠰᠴᠤ ᠰᠠᠶ᠋ᠢᠬᠠᠨ ᠬᠤᠶᠠᠷ ᠠᠮᠠ ᠤᠭᠤᠴᠠᠭᠰᠠᠨ ᠴᠤᠮᠤ ᠲᠠᠢ ᠴᠠᠢ | ᠲᠡᠭᠡᠷ᠎ᠡ ᠨᠢ ᠬᠠᠯᠠᠭᠤᠨ ᠤᠰᠤ ᠨᠡᠮᠡᠵᠦ ᠥᠭᠪᠡ᠃ ᠡᠪᠦᠭᠡ ︿︿ᠶᠠᠭᠤ ᠯᠡ ᠪᠠᠶᠢᠬᠤ ᠳ᠋ᠡ᠂ ᠮᠠᠨ ᠤ ᠬᠦᠳᠡᠭᠡ ᠶᠢᠨ | ᠤᠯᠤᠰ ᠭᠡᠵᠦ ᠲᠠᠷᠢᠶ᠎ᠠ ᠪᠠᠨ ᠲᠠᠷᠢᠵᠤ ᠮᠠᠯ ᠢᠶᠠᠨ ᠮᠠᠯᠵᠢᠵᠤ ᠶᠠᠪᠤᠭᠰᠠᠨ ᠡᠭᠡᠯ ᠵᠢᠷ ᠤᠨ ᠬᠦᠮᠦᠰ ᠰᠢᠦ ᠳ᠋ᠡ᠂ ᠪᠣᠯᠳᠠᠭ | ᠪᠣᠯ ᠬᠡᠵᠢᠶ᠎ᠡ ᠬᠠᠮᠢᠭ᠎ᠠ ᠭᠡᠰᠡᠨ ᠦᠭᠡᠢ ᠬᠡᠨ ᠨᠢᠭᠡᠨ ᠳᠡᠭᠡᠨ ᠲᠤᠰᠠ ᠳᠡᠮ ᠪᠣᠯᠤᠭᠠᠳ ᠥᠭᠳᠡᠭ ᠯᠡ ᠶᠤᠮ﹀﹀ ᠭᠡᠵᠦ | ᠡᠷᠢᠶ᠎ᠡ ᠵᠢᠷᠤᠭ᠎ᠠ ᠲᠠᠢ ᠬᠡᠳᠦᠨ ᠦᠭᠡ ᠪᠠᠨ ᠠᠳᠡ ᠲᠡᠨᠳᠡ ᠠᠴᠠ ᠲᠡᠭᠦᠵᠦ ᠲᠤᠭᠰᠢᠨ ᠬᠡᠯᠡᠵᠦ ᠪᠠᠷᠠᠲᠠᠯ᠎ᠠ ᠰᠢᠷ᠎ᠠ | ᠳᠠᠷᠤᠭ᠎ᠠ ᠪᠠᠰᠠ ᠦᠭᠡ ᠵᠠᠯᠭᠠᠵᠠᠢ᠃ | ᠡᠪᠦᠭᠡᠨ ᠠᠬ᠎ᠠ ᠭᠡᠵᠦ ᠦᠨᠡᠬᠡᠷ ᠬᠤᠪᠤᠷᠬᠠᠨ ᠬᠠᠷᠭᠤᠳᠠᠭ ᠠᠪᠤᠷᠭᠤ ᠬᠦᠮᠦᠨ ᠪᠠᠶᠢᠨ᠎ᠠ᠃ ᠲᠡᠭᠡᠭᠡᠳ ᠦᠷᠦᠭᠡᠯ | ᠪᠤᠰᠣᠳ ᠲᠤ ᠬᠤᠶᠢᠰᠢ ᠦᠭᠡᠢ ᠦᠨᠡᠨᠴᠢ ᠴᠠᠶᠢᠯᠭᠠᠨ ᠵᠠᠩ ᠲᠠᠢ ᠮᠠᠨ ᠤ ᠮᠣᠩᠭᠤᠯ ᠬᠦᠮᠦᠨ ᠤ ᠨᠢᠭᠡ ᠪᠤᠢ᠃ | ᠪᠤᠰᠤᠳ ᠠᠶᠢᠯ ᠭᠠᠴᠠᠭᠠᠨ ᠤ ᠬᠢᠨ ᠠᠯᠪᠠᠨ ᠠᠮᠤ ᠬᠦᠷᠭᠡᠵᠦ ᠢᠷᠡᠳᠡᠭ ᠤᠯᠠᠨ ᠤᠯᠠᠨ ᠬᠦᠮᠦᠰ ᠤᠨ ᠲᠤᠲᠤᠷ᠎ᠠ ᠴᠢᠮ᠎ᠠ | ᠳᠤ ᠰᠢᠭ᠋ ᠡᠶᠢᠮᠦᠷᠡᠬᠦ ᠮᠠᠨ ᠤ ᠠᠵᠢᠯᠴᠢᠳ ᠲᠤ ᠬᠠᠪᠰᠣᠷᠠᠭᠠ ᠪᠤᠯᠣᠭᠰᠠᠨ ᠬᠦᠮᠦᠨ ᠢ ᠶᠡᠷᠦ ᠤᠯᠵᠣ ᠦᠵᠡᠭᠡ ᠦᠭᠡᠢ | ᠶᠤᠮ᠃ ᠥᠨᠥᠳᠦᠷ ᠡᠪᠦᠭᠡᠨ ᠠᠬ᠎ᠠ ᠲᠠᠢ ᠲᠠᠨᠢᠯᠴᠠᠬᠤ ᠶᠢᠨ ᠬᠠᠮᠳᠣ ᠶᠠᠳᠠᠷᠠᠭ᠎ᠠ ᠶᠢ ᠴᠢᠨᠢ ᠲᠠᠶᠢᠯᠵᠤ ᠬᠤᠶᠠᠷ | ᠬᠤᠨᠳᠠᠭ᠎ᠠ ᠤᠤᠭᠤᠬᠤ ᠶᠢ ᠪᠤᠳᠤᠭᠰᠠᠨ ᠭᠡᠵᠦ ᠬᠡᠯᠡᠵᠦ ᠵᠠᠪᠲᠠᠲᠠᠯᠠ ᠥᠨᠥᠬᠢ ᠵᠠᠯᠠᠭᠤ ᠨᠢᠭᠡ ᠪᠦᠳᠦᠭᠦᠨ ᠠᠶᠠᠭ᠎ᠠ | ᠬᠤᠨᠢᠨ ᠮᠢᠬ᠎ᠠ ᠲᠠᠢ ᠬᠠᠯᠠᠭᠤᠨ ᠱᠦᠯᠥ ᠠᠪᠴᠤ ᠤᠷᠤᠵᠤ ᠢᠷᠡᠭᠰᠡᠨ ᠪᠠ ᠬᠤᠶᠠᠷ ᠪᠦᠰᠡᠭᠦᠢ ᠨᠢᠭᠡ ᠨᠢ ᠬᠤᠶᠠᠷ | ᠫᠢᠯᠡ ᠬᠠᠭᠤᠷᠢᠯᠭᠠ ᠪᠠᠷᠢᠵᠤ ᠨᠦᠭᠦᠭᠡ ᠨᠢ ᠠᠯᠠᠭ ᠰᠣᠳᠠᠰᠣ ᠲᠠᠢ ᠱᠠᠭᠠᠵᠢᠩ ᠬᠤᠪᠢᠩ ᠳᠤ ᠬᠠᠯᠠᠭᠤᠯᠤᠭᠰᠠᠨ ᠬᠠᠷ᠎ᠠ | ᠠᠷᠢᠬᠢ ᠪᠠᠷᠢᠵᠤ ᠢᠷᠡᠭᠡᠳ ᠰᠢᠷ᠎ᠠ ᠳᠠᠷᠤᠭ᠎ᠠ ᠪᠣᠯᠤᠨ ᠡᠪᠦᠭᠡ ᠶᠢᠨ ᠡᠮᠦᠨ᠎ᠡ ᠬᠤᠨᠳᠠᠭᠠᠯᠠᠨ ᠲᠡᠯᠪᠢᠪᠡ᠃ ᠵᠠᠯᠠᠭᠤ ᠨᠢ | ᠠᠷᠢᠬᠢ ᠤᠤᠭᠤᠵᠤ | ᠰᠣᠷᠣᠭᠠᠳᠣᠢ ᠪᠠᠶᠢᠭᠰᠠᠭᠠᠷ ᠭᠡᠳ ᠤᠤᠭᠤᠭᠰᠠᠨ ᠦᠭᠡᠢ ᠤᠰᠤ ᠴᠠᠢ ᠨᠡᠮᠡᠵᠦ ᠰᠠᠭᠤᠵᠠᠢ᠃ | ᠠᠷᠢᠬᠢ ᠡᠷᠭᠢᠵᠦ ᠡᠬᠢᠯᠡᠬᠦ ᠪᠠᠷ ᠯᠡ ᠰᠢᠷᠡᠭᠡ ᠬᠦᠭᠵᠢᠶᠡᠨ ᠲᠠᠢ ᠪᠣᠯᠵᠤ ᠭᠠᠷᠤᠨ᠎ᠠ᠃ ᠡᠪᠦᠭᠡ ᠮᠠᠨᠢ | ᠵᠠᠯᠠᠭᠤ ᠳᠠᠭᠠᠨ ᠠᠷᠢᠬᠢ ᠶᠡᠭᠡ ᠤᠤᠭᠤᠳᠠᠭ ᠪᠦᠭᠡᠳ ᠰᠠᠶᠢᠨ ᠤᠤᠭᠤᠳᠠᠭ ᠪᠠᠶᠢᠵᠠᠢ᠃ ᠭᠡᠪᠡᠴᠦ ᠨᠢᠭᠡ ᠤᠳᠠᠭᠠᠨ ᠤ | ᠶᠠᠪᠤᠳᠠᠯ ᠠᠴᠠ ᠪᠣᠯᠵᠤ ᠨᠢᠭᠡ ᠨᠠᠰᠣᠨ ᠳᠠᠭᠠᠨ ᠠᠷᠢᠬᠢᠨ ᠳᠤ ᠤᠷᠤᠭᠤᠯ ᠬᠦᠷᠭᠡᠯ ᠦᠭᠡᠢ ᠶᠠᠪᠤᠭᠰᠠᠭᠠᠷ ᠪᠢᠯᠡ᠃ | ᠡᠪᠦᠭᠡ ᠶᠢ ᠪᠠᠭ᠎ᠠ ᠪᠠᠶᠢᠬᠤ ᠳᠤᠨᠢ ᠡᠴᠢᠭᠡ ᠨᠢ ︿︿ᠤᠯᠠᠭᠠᠨ ᠮᠠᠯᠠᠭᠠᠶᠢᠲᠠᠨ ᠤ ᠦᠢᠮᠡᠭᠡᠨ﹀﹀ ᠠᠴᠠ ᠵᠠᠶᠢᠯᠠᠨ ᠠᠶᠢᠯ | ᠭᠡᠷ ᠢᠶᠠᠨ ᠠᠪᠴᠤ ᠣᠳᠣ ᠶᠢᠨ ᠡᠨᠡ ᠨᠤᠲᠤᠭ ᠲᠤ ᠤᠷᠤᠩᠨᠠᠵᠤ ᠢᠷᠡᠭᠰᠡᠨ ᠪᠤᠯᠪᠠᠴᠤ ᠪᠠᠶᠠᠨ ᠴᠠᠳᠬᠤᠯᠠᠩ ᠤᠰᠤ | ᠨᠤᠲᠤᠭ ᠠᠵᠤ ᠠᠮᠢᠲᠤᠷᠠᠯ ᠢᠶᠠᠨ ᠠᠯᠳᠠᠭᠠᠳ ᠡᠳᠦᠷᠵᠢᠨ ᠰᠦᠨᠢᠵᠢᠨ ᠰᠠᠨᠠᠭ᠎ᠠ ᠰᠢᠨᠡᠯᠭᠡᠨ ᠰᠠᠳᠬᠢᠯ ᠢᠶᠠᠷ ᠢᠶᠠᠨ | ᠤᠨᠠᠳᠠᠭ ᠪᠣᠯᠵᠤ ᠠᠷᠢᠬᠢᠨ ᠳᠤ ᠶᠡᠭᠡ ᠤᠷᠤᠭᠰᠠᠨ ᠪᠠ ᠵᠠᠩ ᠠᠭᠠᠰᠢ ᠨᠢ ᠴᠤ ᠡᠲᠡᠭᠡᠳ ᠲᠤᠭᠰᠢᠨ ᠪᠤᠯᠵᠠᠢ᠃ ᠵᠠᠷᠢᠮ | ᠦᠶᠡᠰ ᠠᠷᠢᠬᠢ ᠪᠠᠨ ᠪᠠᠭ᠎ᠠ ᠬᠡᠳᠦᠷᠢᠪᠡᠯ ᠰᠡᠳᠬᠢᠯ ᠤᠨ ᠪᠤᠬᠢᠨᠢᠳᠦᠯ ᠢᠶᠠᠨ ᠬᠠᠰᠢᠵᠤ ᠲᠡᠶᠢᠯᠬᠦ ᠦᠭᠡᠢ ᠴᠢᠨᠠᠭᠰᠢᠲᠠ | ᠬᠠᠷᠢᠨ ᠶᠠᠮᠠᠷ ᠴᠤ ᠰᠢᠯᠲᠠᠭ ᠪᠢᠰᠢ ᠶᠠᠭᠤᠮ᠎ᠠ ᠶᠢ ᠰᠢᠯᠲᠠᠭ ᠪᠤᠯᠭᠠᠨ ᠡᠪᠦᠭᠡ ᠡᠮᠡᠭᠡ ᠬᠤᠶᠠᠭᠤᠯᠠ ᠶᠢ ᠶᠠᠯᠠᠳᠠᠨ | ᠵᠤᠪᠠᠭᠠᠳᠠᠭ᠃ | ᠨᠢᠭᠡ ᠡᠳᠦᠷ ᠤᠨ ᠦᠳᠡᠰᠢ ᠠᠷᠢᠬᠢ ᠪᠠᠨ ᠪᠠᠰᠠ ᠪᠠᠭ᠎ᠠ ᠬᠡᠳᠦᠷᠢᠭᠰᠡᠨ ᠬᠤᠶᠢᠨ᠎ᠠ ᠡᠪᠦᠭᠡ ᠡᠮᠡᠭᠡ ᠬᠤᠶᠠᠷ ᠶᠢᠨ | ᠲᠤᠯᠤᠭᠠᠢ ᠲᠡᠭᠡᠷ᠎ᠡ ᠲᠦᠭᠦᠷᠡᠩ ᠤᠰᠤ ᠲᠠᠢ ᠪᠦᠳᠦᠭᠦᠨ ᠠᠶᠠᠭ᠎ᠠ ᠲᠠᠯᠪᠢᠵᠤ ᠰᠢᠷᠡᠭᠡᠨ ᠡᠮᠦᠨ᠎ᠡ ᠪᠠᠨ ᠰᠦᠭᠦᠳᠭᠡᠭᠡᠳ | ᠦᠪᠡᠷᠳᠡᠭᠡᠨ ᠠᠷᠢᠬᠢ ᠪᠠᠨ ᠰᠢᠮᠠᠵᠦ ᠰᠠᠭᠤᠪᠠ᠃ ᠭᠡᠨᠡᠳᠲᠡ ᠡᠪᠦᠭᠡ ᠶᠢ ᠳᠠᠭᠤᠳᠠᠵᠣ ᠪᠤᠰᠠᠬᠠᠭᠠᠳ ᠬᠠᠨᠢ ᠪᠣᠯᠵᠤ | ᠠᠷᠢᠬᠢ ᠤᠤᠭᠤ ᠭᠡᠵᠦ ᠵᠠᠩᠨᠠᠵᠠᠢ᠃ ᠡᠪᠦᠭᠡ ᠤᠤᠭᠤᠬᠤ ᠦᠭᠡᠢ ᠪᠣᠯᠬᠤᠷ ᠮᠣᠷᠢᠨ ᠲᠠᠰᠢᠭᠤᠷ ᠠᠪᠴᠢᠷᠠᠨ ᠭᠤᠶᠠᠳᠠᠵᠤ | ᠡᠬᠢᠯᠡᠪᠡ᠃ ᠭᠤᠶᠠᠳᠠᠵᠤ ᠮᠤᠬᠤᠭᠰᠠᠨ ᠬᠤᠶᠢᠨ᠎ᠠ ︿︿ᠪᠢ ᠭᠠᠷ ᠢᠶᠠᠨ ᠬᠦᠰᠢᠲᠡᠯ᠎ᠡ ᠭᠤᠶᠠᠳᠠᠵᠤ ᠪᠠᠶᠢᠲᠠᠯ᠎ᠠ ᠴᠢ | ᠬᠠᠷᠢᠨ ᠨᠢᠭᠡ ᠦᠭᠡ ᠴᠤ ᠬᠠᠷᠢᠭᠤ ᠪᠣᠯᠬᠤ ᠦᠭᠡᠢ ᠨᠠᠳᠠ ᠲᠠᠢ ᠦᠰᠢᠬᠦ ᠳᠡᠭᠡᠨ﹀﹀ ᠭᠡᠳ ᠲᠠᠭᠤ ᠲᠠᠯᠪᠢᠵᠤ | ᠤᠬᠢᠯᠠᠭᠰᠠᠨ ᠭᠡᠨ᠎ᠡ᠃ ᠲᠡᠭᠡᠭᠡᠳ ᠡᠪᠦᠭᠡ ᠭᠦᠶᠦᠵᠦ ᠪᠤᠰᠤᠭᠠᠳ ᠠᠷᠤ ᠳᠤᠨᠢ ᠪᠠᠶᠢᠭᠰᠠᠨ ᠲᠠᠪᠤᠨ ᠵᠢᠩ ᠤᠨ | ᠲᠠᠭᠠᠷᠴᠤᠭ ᠲᠠᠢ ᠬᠠᠷ᠎ᠠ ᠠᠷᠢᠬᠢ ᠶᠢ ᠨᠢ ᠨᠢᠭᠡᠯᠡ ᠬᠦᠨᠳᠦᠷᠴᠦ ᠤᠷᠭᠢᠭᠠᠳ ᠬᠤᠶᠠᠷ ᠡᠳᠦᠷ ᠭᠤᠷᠪᠠᠨ ᠰᠦᠨᠢ | ᠬᠤᠷᠬᠢᠷᠠᠨ ᠤᠨᠳᠠᠵᠠᠢ᠃ ᠲᠡᠭᠦᠨ ᠠᠴᠠ ᠬᠤᠶᠢᠰᠢ ᠡᠪᠦᠭᠡ ᠮᠠᠨᠢ ︿︿ᠡᠨᠡ ᠪᠡᠶ᠎ᠡ ᠳᠡᠭᠡᠨ ᠲᠠᠬᠢᠵᠤ ᠠᠷᠢᠬᠢ ᠤᠤᠭᠤᠬᠤ | ᠦᠬᠡᠢ﹀﹀ ᠭᠡᠵᠦ ᠠᠮᠠᠨ ᠳᠠᠩᠭᠠᠷᠢᠭ ᠬᠢᠭᠡᠳ ᠥᠨᠡᠬᠡᠷ ᠦᠬᠦᠨ ᠦᠬᠦᠲᠡᠯ᠎ᠡ ᠶᠡᠷᠦ ᠨᠢᠭᠡ ᠬᠤᠨᠳᠠᠭ᠎ᠠ ᠴᠤ ᠠᠷᠢᠬᠢ | ᠤᠤᠭᠤᠭᠰᠠᠨ ᠦᠭᠡᠢ ᠪᠢᠯᠡ᠃ | ᠰᠤᠨᠢᠷᠬᠠᠯᠳᠠᠢ ᠨᠢ ᠭᠡᠪᠡᠯ ᠡᠪᠦᠭᠡ ᠮᠢᠨᠢ ᠰᠢᠷ᠎ᠠ ᠳᠠᠷᠤᠭ᠎ᠠ ᠶᠢᠨ ᠰᠢᠷᠡᠭᠡᠨ ᠳᠡᠭᠡᠷ᠎ᠡ ᠨᠢᠭᠡ ᠬᠤᠪᠢᠩ ᠤᠤᠭᠤᠵᠠᠢ | ᠃ ᠰᠢᠷ᠎ᠠ ᠳᠠᠷᠤᠭ᠎ᠠ ᠪᠠᠰᠠ ᠨᠢᠭᠡ ᠬᠤᠪᠢᠩ ᠤᠤᠭᠤᠭᠠᠳ ᠴᠠᠰᠢ ᠤᠤᠭᠤᠬᠤ ᠠᠷᠢᠬᠢ ᠦᠭᠡᠢ ᠪᠤᠯᠵᠠᠢ᠃ ᠶᠠᠭᠤ ᠭᠡᠪᠡᠯ | ᠲᠤᠬᠠᠢ ᠶᠢᠨ ᠦᠶᠡᠰ ᠠᠮᠤ ᠲᠠᠷᠢᠶ᠎ᠠ ᠬᠤᠷᠢᠶᠠᠯᠳᠠ ᠲᠤᠤᠷ᠎ᠠ᠂ ᠠᠷᠢᠬᠢ ᠳᠠᠷᠠᠰᠦ ᠨᠡᠷᠡᠵᠦ ᠬᠤᠳᠠᠯᠳᠣᠬᠤ ᠨᠢ ᠴᠦᠬᠡᠨ | ᠪᠠᠶᠢᠪᠠ᠃ ᠲᠡᠶᠢᠮᠦ ᠠᠴᠠ ᠬᠡᠮᠵᠢᠶᠡᠳᠡᠢ ᠠᠷᠢᠬᠢ ᠪᠠᠨ ᠤᠤᠭᠤᠵᠤ ᠪᠠᠷᠠᠭᠰᠠᠨ ᠤ ᠳᠠᠷᠠᠭ᠎ᠠ ᠰᠢᠷ᠎ᠠ ᠳᠠᠷᠤᠭ᠎ᠠ ᠪᠤᠯᠣᠨ | ᠵᠠᠯᠠᠭᠤ ᠬᠤᠶᠠᠭᠤᠯᠠ ᠨᠢᠭᠡ ᠬᠦᠮᠦᠨ ᠬᠤᠶᠠᠷ ᠮᠠᠨᠲ᠋ᠧᠦ ᠢ ᠦᠯᠡᠳᠡᠭᠰᠡᠨ ᠵᠠᠭᠤᠰᠢ ᠪᠠ ᠱᠦᠯᠦᠨ ᠳᠤ ᠲᠦᠷᠢᠵᠦ | ᠢᠳᠡᠭᠰᠡᠨ ᠪᠠ ᠡᠪᠦᠭᠡ ᠭᠤᠷᠪᠠ ᠶᠢ ᠢᠳᠡᠵᠡᠢ᠃ ᠰᠢᠷᠡᠭᠡᠨ ᠠᠴᠠ ᠰᠠᠯᠬᠤ ᠦᠶᠡᠰ ᠨᠢᠭᠡ ᠡᠮᠡᠭᠳᠡᠢ ᠲᠣᠭᠤᠭᠠᠴᠢ | ᠴᠠᠭᠠᠨ ᠪᠥᠰ ᠪᠤᠭᠤᠳᠠᠯ ᠲᠠᠢ ᠶᠠᠭᠤᠮ᠎ᠠ ᠠᠪᠴᠤ ᠢᠷᠡᠭᠡᠳ ᠰᠢᠷ᠎ᠠ ᠳᠠᠷᠤᠭ᠎ᠠ ᠳᠤ ᠠᠳᠬᠤᠭᠤᠯᠪᠠ᠃ ᠰᠢᠷ᠎ᠠ ᠳᠠᠷᠤᠭ᠎ᠠ | ᠲᠤᠰᠴᠣ ᠠᠪᠤᠭᠠᠳ ︿︿ᠵᠠ᠂ ᠡᠪᠦᠭᠡᠨ ᠠᠬ᠎ᠠ ᠳᠤ ᠪᠠᠨ ᠥᠭᠡᠷ᠎ᠡ ᠪᠡᠯᠡᠭ ᠪᠣᠯᠭᠠᠮᠠᠷ ᠤᠯᠢᠭᠳᠠᠢ ᠶᠠᠭᠤᠮ᠎ᠠ ᠪᠠᠶᠢᠭ᠎ᠠ | ᠦᠭᠡᠢ᠂ ᠡᠭᠦᠨ ᠢ ᠵᠠᠮ ᠶᠢᠨ ᠬᠦᠨᠡᠰᠦ ᠪᠤᠯᠭᠠᠭᠠᠷᠠᠢ﹀﹀ ᠭᠡᠳ ᠪᠡᠯᠡᠭᠯᠡᠭᠰᠡᠨ ᠪᠠᠶᠢᠪᠠ᠃ | ᠡᠪᠦᠭᠡ ᠮᠠᠷᠭᠠᠰᠢ ᠨᠢ ᠲᠡᠷᠭᠡ ᠪᠠᠨ ᠪᠠᠷᠢᠵᠤ ᠪᠤᠴᠠᠬᠤ ᠵᠠᠮ ᠳᠠᠭᠠᠨ ᠰᠢᠷ᠎ᠠ ᠳᠠᠷᠤᠭ᠎ᠠ ᠶᠢᠨ ᠦᠭᠭᠦᠭᠰᠡᠨ ᠪᠤᠭᠤᠳᠠᠯ ᠢ | ᠠᠯᠳᠠᠷᠠᠭᠠᠵᠤ ᠦᠵᠡᠭᠰᠡᠨ ᠳᠤ ᠲᠡᠷᠡ ᠨᠢ ᠴᠠᠭᠠᠨ ᠭᠤᠯᠢᠷ ᠢᠶᠠᠷ ᠬᠢᠭᠰᠡᠨ ᠲᠠᠪᠤᠨ ᠮᠠᠨᠲ᠋ᠧᠦ ᠪᠠᠶᠢᠵᠠᠢ᠃ ᠡᠪᠦᠭᠡ | ᠥᠨᠥᠬᠢ ᠶᠢ ᠨᠢ ᠠᠮᠠ ᠬᠦᠷᠭᠡᠯ ᠦᠭᠡᠢ ᠬᠠᠯᠠᠭᠤᠨ ᠡᠪᠦᠷ ᠲᠡᠭᠡᠨ ᠡᠪᠦᠷᠯᠡᠭᠡᠳ ᠪᠤᠴᠠᠵᠤ ᠢᠷᠡᠭᠰᠡᠨ ᠶᠤᠮ᠃ ᠬᠤᠵᠢᠮ | ᠨᠢ ᠰᠣᠨᠣᠰᠬᠤᠯᠠᠷ ᠰᠢᠷ᠎ᠠ ᠳᠠᠷᠤᠭ᠎ᠠ ᠠᠮᠢᠨ ᠤ ᠮᠦᠩᠭᠦ ᠪᠠᠨ ᠭᠠᠷᠭᠠᠵᠤ ᠡᠪᠦᠭᠡ ᠶᠢ ᠬᠤᠪᠢᠨ ᠤ ᠬᠡᠶᠢᠴᠢᠨ ᠢᠶᠠᠨ | ᠪᠤᠯᠭᠠᠵᠤ ᠵᠤᠴᠢᠯᠠᠭᠰᠠᠨᠭᠡᠨᠡ᠃ ᠶᠠᠭᠤᠨ ᠳᠤ ᠭᠡᠪᠡᠯ ᠨᠢᠭᠡ ᠳᠤ ᠡᠪᠦᠭᠡ ᠶᠢᠨ ᠠᠵᠢᠯᠴᠢᠳ ᠲᠤᠨᠢ ᠬᠠᠮᠵᠢᠯᠭ᠎ᠠ | ᠪᠤᠯᠤᠭᠰᠠᠨ ᠳᠤ ᠰᠡᠳᠬᠢᠯ ᠬᠦᠳᠡᠯᠪᠡ ᠭᠡᠨ᠎ᠡ᠃ ᠬᠤᠶᠠᠷ ᠲᠤ ᠠᠵᠢᠯᠴᠢᠳ ᠤᠨ ᠢᠶᠠᠨ ᠠᠮᠠ ᠠᠯᠳᠠᠭᠰᠠᠨ ᠤᠴᠢᠷ ᠢ | ᠰᠢᠯᠤᠭᠤᠳᠬᠠᠭᠰᠠᠨ ᠶᠤᠮ ᠭᠡᠨ᠎ᠡ᠃ ᠲᠡᠷᠡ ᠤᠳᠠᠭ᠎ᠠ ᠠᠴᠠ ᠬᠤᠶᠢᠰᠢ ᠡᠪᠦᠭᠡ ᠶᠢᠨ ᠮᠢᠨᠢ ᠲᠡᠷᠡᠬᠦ ︿︿ᠦᠬᠡᠷ ᠵᠠᠮᠰᠤ﹀ | ﹀ ᠭᠡᠬᠦ ᠦᠪᠡᠷ ᠤᠨ ᠤᠳᠬ᠎ᠠ ᠪᠦᠬᠦᠢ ᠬᠠᠴᠢᠨ ᠲᠤᠲᠤᠳᠬᠠᠯ ᠨᠢ ᠤᠯᠠᠮ ᠢᠶᠠᠷ ᠲᠡᠯᠭᠡᠷᠡᠵᠦ ᠲᠦᠷᠦᠭᠰᠡᠨ ᠨᠣᠳᠤᠭ ᠤᠨ | ᠬᠢᠵᠠᠭᠠᠷ ᠳᠠᠪᠠᠵᠤ ᠡᠷᠭᠢᠨ ᠲᠤᠭᠤᠷᠢᠨ ᠬᠤᠰᠢᠭᠤ ᠳᠠᠶᠠᠭᠠᠷ ᠨᠡᠶᠢᠳᠡᠮ ᠲᠠᠷᠬᠠᠵᠤ ᠶᠤᠮᠰᠠᠨ᠃ | |