ᠬᠥᠬᠡ ᠡᠪᠦᠭᠡᠨ ᠤ ᠬᠦᠳᠡᠭᠡ ᠪᠤᠷᠤ ᠦᠯᠢᠭᠡᠷ ᠤᠳ 1
ᠨᠡᠶᠢᠲᠡᠯᠡᠭᠰᠡᠨ ᠴᠠᠭ᠄
2020/11/9
︿︿ ᠭᠡᠷᠡᠲᠦ ᠵᠤᠬᠢᠶᠠᠯ﹀﹀᠄       ᠬᠥᠬᠡ ᠡᠪᠦᠭᠡᠨ ᠤ ᠬᠦᠳᠡᠭᠡ ᠪᠤᠷᠤ ᠦᠯᠢᠭᠡᠷ ᠤᠳ            — ᠡᠪᠦᠭᠡ ᠶᠢᠨ ᠦᠪᠡᠷ ᠤᠨ ᠦᠯᠢᠭᠡᠷ ︵1︶                    ᠪ᠊᠂ ᠪᠢᠯᠢᠭ     ᠮᠢᠨᠦ ᠡᠪᠦᠭᠡ ᠶᠢ ᠳ᠋ᠠᠮᠪᠠᠵᠠᠮᠰᠤ ᠭᠡᠳᠡᠭ᠃ ᠣᠨ ᠵᠢᠯ ᠤᠨ ᠤᠷᠳᠣ ᠳᠤ ᠳ᠋ᠠᠮᠪᠠ ᠨᠢ ᠤᠷᠬᠢᠭᠳᠠᠭᠠᠳ ᠤᠷᠤᠨ ᠎ ᠳᠤᠨᠢ ︿︿ᠦᠬᠡᠷ﹀﹀ ᠭᠡᠳᠡᠭ ᠡᠲᠡᠭᠡᠳ ᠨᠢᠭᠡ ᠬᠠᠴᠢᠨ ᠦᠭᠡ ᠪᠤᠢ ᠪᠣᠯᠤᠭᠰᠠᠨ ᠪᠠ ᠦᠬᠦᠨ ᠦᠬᠦᠲᠡᠯ᠎ᠡ ᠲᠠᠭᠠᠯᠳᠤᠵᠠᠢ᠃ ᠭᠡᠲᠡᠯ᠎ᠡ ᠭᠠᠶᠢᠬᠠᠯᠳᠠᠢ ᠨᠢ ᠭᠡᠪᠡᠯ ᠡᠪᠦᠭᠡ ᠮᠢᠨᠢ ᠶᠠᠭ ᠥᠨᠥᠬᠢ ︿︿ᠦᠬᠡᠷ﹀﹀ ᠭᠡᠬᠦ ᠲᠤᠲᠤᠳᠬᠠᠯ ᠢᠶᠠᠷ ᠢᠶᠠᠨ ᠡᠨᠡ ᠰᠠᠶᠢᠬᠠᠨ ᠶᠢᠷᠳᠢᠨᠴᠦ ᠳᠤ ᠡᠲᠡᠭᠡᠳ ᠰᠦᠷᠯᠢᠭ ᠠᠯᠳᠠᠷ ᠴᠤᠤ ᠲᠠᠢ ᠠᠮᠢᠲᠤᠷᠠᠵᠤ ᠦᠪᠡᠷ ᠤᠨ ᠢᠶᠠᠨ ᠭᠡᠰᠡᠨ ᠦᠯᠢᠭᠡᠷ ᠤᠯᠠᠮᠵᠢᠯᠠᠯ ᠲᠠᠢ ᠶᠠᠪᠤᠵᠠᠢ ᠪᠢᠯᠡ᠃     ᠮᠢᠨᠦ ᠡᠪᠦᠭᠡ ᠲᠡᠭᠡᠷ᠎ᠡ ᠵᠠᠭᠤᠨ ᠤ ᠡᠬᠢ ᠪᠠᠷ ᠤᠤᠯ ᠤᠨ ᠵᠤᠰᠤᠳᠣ ᠶᠢᠨ ᠴᠢᠭᠤᠯᠭᠠᠨ ᠤ ᠵᠡᠭᠦᠨ ᠲᠦᠮᠡᠳ ᠬᠤᠰᠢᠭᠤᠨ ᠤ ᠬᠤᠰᠢᠭᠤ ᠸᠠᠩ ᠤᠨ ᠲᠦᠰᠢᠶ᠎ᠡ ᠨᠢᠭᠡ ᠲᠢᠲᠠᠮᠯᠠᠭᠰᠠᠨ ᠡᠷᠬᠡ ᠵᠢᠩᠰᠡ ᠦᠭᠡᠢ ᠪᠤᠯᠪᠠᠴᠤ ᠲᠤᠬᠠᠶᠢᠯᠠᠭᠰᠠᠨ ᠡᠷᠬᠡ ᠮᠡᠳᠡᠯ ᠲᠠᠢ ᠬᠦᠮᠦᠨ ᠤ ᠭᠡᠷ ᠪᠦᠯᠢ ᠳᠤ ᠲᠦᠷᠦᠵᠡᠢ᠃ ᠪᠤᠳᠤᠪᠠᠯ ᠪᠠᠷᠤᠭ 1880 ᠣᠨ ᠤ ᠡᠮᠦᠨ᠎ᠡ ᠬᠤᠶᠢᠭᠤᠷ ᠡᠴᠢᠭᠡ ᠡᠬᠡ ᠨᠢ ᠭᠡᠷ ᠪᠦᠯᠢ ᠪᠠᠨ ᠠᠪᠴᠤ ︿︿ᠤᠯᠠᠭᠠᠨ ᠮᠠᠯᠠᠭᠠᠶᠢᠲᠠᠨ ᠤ ᠦᠢᠮᠡᠭᠡᠨ﹀﹀᠎ ᠠᠴᠠ ᠵᠠᠶᠢᠯᠠᠨ ᠤᠳᠣ ᠶᠢᠨ ᠨᠣᠳᠤᠭ ᠬᠢᠶᠠᠭᠳᠤ ᠳᠤ ᠢᠷᠡᠵᠦ ᠰᠦᠮ᠎ᠡ ᠶᠢᠨ ᠬᠠᠷᠢᠶ᠎ᠠ ᠠᠴᠠ ᠭᠠᠵᠠᠷ ᠨᠣᠳᠤᠭ ᠬᠤᠳᠠᠯᠳᠣᠨ ᠠᠪᠴᠤ ᠰᠠᠭᠤᠷᠢᠰᠢᠪᠠ᠃      ᠡᠪᠦᠭᠡ ᠮᠢᠨᠢ ᠪᠡᠶ᠎ᠡ ᠪᠢᠯᠳᠠᠷ ᠦᠨᠳᠦᠷ ᠰᠦᠷᠯᠡᠬᠦᠨ᠂ ᠮᠦᠷᠦ ᠳᠠᠯᠣ ᠲᠡᠨᠢᠭᠡᠷ ᠲᠠᠭᠰᠢᠨ ᠬᠦᠮᠦᠨ᠃ ᠬᠠᠭᠤᠴᠢᠨ ᠲᠤᠬᠤᠢ ᠪᠠᠷ ᠨᠠᠶᠢᠮᠡᠨ ᠲᠤᠬᠤᠢ ᠳᠠᠪᠠᠭᠰᠠᠨ ᠦᠨᠳᠦᠷ ᠪᠡᠶ᠎ᠡ ᠲᠠᠢ᠂  ᠠᠷᠪᠠᠨ ᠭᠤᠷᠪᠠᠨ ᠲᠤᠬᠤᠢ ᠡᠩ ᠎ ᠲᠠᠢ ᠪᠥᠰ ᠢᠶᠠᠷ ᠳᠡᠪᠡᠯ ᠬᠢᠵᠦ᠂ ᠬᠤᠶᠠᠷ ᠲᠥᠭᠡ ᠵᠠᠪᠳᠠᠭᠤ ᠤᠷᠳᠣ ᠤᠯᠠ ᠲᠠᠢ ᠭᠤᠳᠣᠯ ᠡᠮᠦᠰᠳᠡᠭ ᠭᠡᠵᠦ ᠶᠠᠷᠢᠵᠠᠭᠠᠨ᠎ᠠ᠃ 1932 ᠣᠨ ᠳᠤ ᠶᠠᠫᠦᠨ ᠡᠵᠡᠷᠬᠡᠭ ᠳᠦᠷᠢᠮᠡᠬᠡᠶᠢᠲᠡᠨ ᠤ ᠲᠡᠮᠵᠢᠯᠭᠡ ᠪᠠ ᠦᠳᠦᠭᠡᠯᠭᠡ ᠲᠤᠤᠷ᠎ᠠ ᠬᠠᠭᠤᠴᠢᠨ ᠮᠠᠨᠵᠤ ᠶᠢᠨ ᠬᠠᠮᠤᠭ ᠰᠡᠭᠦᠯᠡᠷᠬᠢ ᠬᠡᠪ ᠶᠤᠰᠤᠳᠣ ︵ᠫᠦ᠋ ᠢ︶ ᠬᠠᠭᠠᠨ ᠰᠢᠨ ᠵᠢᠩ ︵ᠤᠳᠣ ᠶᠢᠨ ᠴᠠᠩᠴᠦ᠋ᠨ︶᠎ ᠳᠤ ᠬᠠᠭᠤᠷᠮᠠᠭ ᠮᠠᠨᠵᠤ ᠶᠢ ᠰᠡᠷᠭᠦᠭᠡᠵᠦ ᠠᠪᠤᠭᠰᠠᠨ ᠪᠠ ᠪᠠᠷᠤᠭ 1934 ᠣᠨ ᠤ ᠦᠶ᠎ᠡ ᠶᠢᠨ ᠨᠢᠭᠡ ᠵᠤᠨ ᠳᠠᠯᠠᠢ ᠶᠡᠭᠡ ᠨᠡᠶᠢᠷ ᠡᠷᠭᠢᠯᠡᠵᠦ ᠦᠪᠡᠳᠡᠭᠰᠢ ᠨᠢᠵᠢᠭᠡᠷ ᠨᠠᠭᠠᠳᠣᠮ ᠪᠤᠯᠵᠠᠢ᠃      ᠡᠨᠡᠬᠦ ᠶᠡᠭᠡ ᠨᠠᠶᠢᠷ ᠲᠤ ᠶᠠᠫᠥᠨ ᠪᠠ ᠵᠡᠭᠦᠨ ᠬᠤᠶᠢᠳᠦ ᠶᠢᠨ ᠭᠤᠷᠪᠠᠨ ᠮᠤᠵᠢ ᠵᠢᠴᠢ ᠦᠪᠦᠷ ᠮᠣᠩᠭᠤᠯ ᠤᠨ ᠵᠡᠭᠦᠨ ᠪᠦᠰᠡ ᠶᠢᠨ ᠬᠤᠰᠢᠭᠤ ᠴᠢᠭᠤᠯᠭᠠᠨ ᠠᠴᠠ ᠪᠦᠬᠡ ᠮᠣᠷᠢ ᠲᠤᠮᠢᠯᠠᠨ   ᠤᠷᠤᠯᠴᠠᠭᠰᠠᠨ ᠪᠠ ᠮᠢᠨᠦ ᠡᠪᠦᠭᠡ ᠪᠢᠩᠲᠦ ᠬᠤᠰᠢᠭᠤᠨ ᠤ ᠬᠠᠷᠠᠴᠤ ᠶᠢᠨ ᠪᠦᠬᠡ ᠪᠠᠷ ᠤᠴᠢᠵᠦ ᠪᠠᠷᠢᠯᠳᠣᠵᠠᠢ᠃ ᠶᠡᠭᠡ ᠨᠠᠶᠢᠷ ᠲᠡᠭᠡᠷ᠎ᠡ ᠬᠤᠶᠠᠷ ᠵᠠᠭᠤ ᠲᠠᠪᠢᠨ ᠵᠢᠷᠭᠤᠭᠠᠨ ᠬᠤᠣᠰ ᠰᠦᠮ᠎ᠡ ᠶᠢᠨ ᠪᠦᠬᠡ ᠪᠣᠯᠤᠨ ᠬᠠᠷᠠᠴᠤ ᠶᠢᠨ ᠪᠦᠬᠡᠴᠤᠳ ᠵᠤᠳᠤᠭᠯᠠᠵᠠᠢ᠃ ᠡᠳᠦᠷ ᠬᠠᠭᠠᠰ ᠤᠨ ᠬᠤᠷᠴᠠ ᠰᠢᠷᠦᠬᠦᠨ ᠲᠡᠮᠡᠴᠡᠭᠡᠨ ᠢ ᠦᠩᠭᠡᠷᠡᠭᠡᠭᠡᠳ ᠰᠡᠭᠦᠯᠴᠢ ᠶᠢᠨ ᠭᠠᠷᠤᠭ᠎ᠠ ᠲᠡᠭᠡᠷ᠎ᠡ  ᠲᠡᠭᠡᠳᠦ ᠲᠦᠷᠪᠡᠨ ᠪᠦᠬᠡ ᠰᠢᠯᠭᠠᠷᠠᠨ ᠦᠯᠡᠳᠡᠬᠦ ᠦᠶᠡᠰ ᠨᠢᠭᠡ ᠶᠠᠫᠦᠨ ᠪᠦᠬᠡ ᠲᠠᠢ ᠮᠢᠨᠦ ᠡᠪᠦᠭᠡ ᠲᠠᠭᠠᠷᠠᠵᠤ ᠬᠤᠶᠠᠷ ᠰᠦᠮ᠎ᠡ ᠶᠢᠨ ᠪᠦᠬᠡ ᠨᠢ ᠬᠤᠭᠤᠷᠤᠨᠳᠦ ᠪᠠᠨ ᠲᠠᠭᠠᠷᠠᠵᠠᠢ᠃ ᠶᠠᠫᠦᠨ ᠪᠦᠬᠡ ᠶᠠᠭ ᠦᠯᠦᠰᠭᠦᠯᠡᠩ ᠠᠵᠠᠷᠠᠭᠠᠨ ᠴᠢᠨ᠋ᠸ᠎ᠠ ᠮᠡᠲᠦ ᠰᠢᠳᠦ ᠢᠷᠵᠠᠶᠢᠯᠭᠠᠨ ᠦᠷᠦᠪᠴᠢ ᠨᠤᠮᠤᠬᠠᠨ ᠬᠤᠨᠢᠨ ᠳᠤ ᠳᠠᠭᠠᠷᠢᠬᠤ ᠰᠢᠭ᠋ ᠤᠯᠠᠩᠭᠠᠰᠣᠨ ᠨᠤᠴᠤᠵᠤ ᠡᠬᠢᠯᠡᠪᠡ     ᠡᠪᠦᠭᠡ ᠮᠢᠨᠢ ᠲᠤᠲᠤᠷ᠎ᠠ ᠪᠠᠨ ᠵᠠᠭᠤᠳᠠᠯ ᠲᠠᠢ ᠲᠤᠯᠤᠭ᠎ᠠ ᠤᠳᠠᠭᠠᠨ ᠤ ᠬᠡᠷᠴᠡᠭᠡᠢ ᠳᠠᠭᠠᠷᠢᠯᠲᠠ ᠳᠤᠨᠢ ᠪᠦᠷ ᠨᠡᠶᠢᠷ ᠲᠠᠯᠪᠢᠨ ᠵᠠᠶᠢᠯᠠᠨ ᠥᠭᠴᠦ ᠭᠠᠷᠤᠲᠠᠯ᠎ᠠ ᠶᠠᠫᠦᠨ ᠪᠦᠬᠡ ᠭᠡᠨᠡᠳᠲᠡ ᠡᠪᠦᠭᠡ ᠶᠢᠨ ᠭᠠᠷ ᠠᠴᠠ ᠮᠤᠯᠲᠤᠷᠴᠦ ᠭᠠᠷᠤᠭᠠᠳ ᠰᠢᠭᠤᠳ ᠪᠠᠷᠠᠭᠤᠨ ᠭᠠᠷ ᠢᠶᠠᠷ ᠢᠶᠠᠨ ᠵᠡᠭᠦᠨ ᠴᠢᠬᠢᠨ ᠲᠡᠭᠡᠷ᠎ᠡ ᠨᠢ ᠭᠠᠯ ᠪᠤᠲᠠᠷᠠᠲᠠᠯ᠎ᠠ ᠠᠯᠠᠭᠳᠠᠵᠤ ᠵᠠᠪᠳᠠᠪᠠ᠃ ᠡᠪᠦᠭᠡ ᠶᠢᠨ ᠨᠢᠳᠦᠨ ᠠᠴᠠ ᠤᠯᠠᠭᠠᠨ ᠨᠤᠭᠤᠭᠠᠨ ᠭᠡᠷᠡᠯ ᠦᠰᠦᠷᠴᠦ ᠭᠠᠷᠤᠭᠠᠳ ᠪᠡᠶ᠎ᠡ ᠪᠠᠨ ᠠᠷᠠᠢ ᠲᠤᠭᠲᠠᠭᠠᠵᠤ ᠠᠪᠬᠤ ᠬᠤᠷᠤᠮ ᠥᠨᠥᠬᠢ ᠶᠠᠫᠦᠨ ᠪᠦᠬᠡ ᠠᠷᠤ ᠲᠠᠯ᠎ᠠ ᠳᠤᠨᠢ ᠵᠠᠪᠳᠠᠨ ᠤᠷᠤᠵᠤ ᠪᠦᠰᠡᠳᠡᠨ ᠲᠠᠷᠤᠬᠤ ᠶᠢ ᠪᠠᠵᠠᠭᠠᠵᠤ ᠪᠠᠶᠢᠲᠠᠯ᠎ᠠ ᠡᠪᠦᠭᠡ ᠶᠢᠨ ᠮᠠᠨᠢ ᠲᠤᠭᠰᠢᠨ ᠣᠮᠤᠭ ᠲᠦᠷᠡᠯᠵᠡᠨ ᠪᠠᠳᠠᠷᠠᠵᠤ ᠲᠡᠭᠦᠨ ᠤ ᠬᠤᠶᠠᠷ ᠲᠠᠯᠤᠨ ᠲᠡᠭᠡᠷ᠎ᠡ ᠠᠴᠠ ᠎ ᠨᠢ ᠠᠷᠤᠨᠰᠢ ᠰᠢᠭᠦᠷᠴᠦ ᠠᠪᠤᠭᠠᠳ ᠡᠮᠦᠨᠡᠰᠢ ᠰᠠᠪᠠᠵᠤ ᠶᠠᠪᠤᠭᠤᠯᠪᠠ᠃ ᠶᠠᠫᠦᠨ ᠪᠦᠬᠡ ᠶᠠᠭ ᠭᠤᠣᠯ ᠨᠢᠷᠣᠭᠤ ᠪᠠᠷ ᠎ ᠢᠶᠠᠨ ᠭᠤᠣᠯᠰᠣᠨ ᠤᠨᠠᠭᠠᠳ ᠲᠡᠬᠢᠵᠤ ᠪᠤᠰᠴᠤ ᠲᠡᠶᠢᠯᠬᠦ ᠪᠠᠨ ᠪᠠᠶᠢᠵᠠᠢ᠃     ᠲᠡᠷᠡᠬᠦ ᠭᠱᠠᠨ ᠶᠡᠭᠡ ᠨᠡᠶᠢᠷ ᠤᠨ ᠦᠷᠭᠡᠨ ᠲᠠᠯᠠᠪᠠᠢ ᠳᠤ ᠴᠤᠭᠯᠠᠷᠠᠭᠰᠠᠨ ᠤᠯᠠᠨ ᠬᠦᠮᠦᠰ ᠪᠠᠶᠠᠰᠣᠨ ᠤᠬᠠᠶᠢᠯᠠᠵᠠᠭᠠᠵᠤ ᠲᠠᠶᠢᠰᠦᠨ ᠢᠶᠠᠨ ᠳᠠᠷᠣᠵᠤ ᠲᠠᠷᠬᠠᠨ ᠴᠣᠯᠠ ᠪᠠᠨ ᠮᠠᠨᠳᠣᠭᠤᠯᠤᠭᠰᠠᠨ ᠳᠤ ᠪᠠᠭ᠋ᠠᠷᠬᠠᠨ ᠪᠠᠶᠠᠰᠴᠤ ᠪᠠᠶᠢᠲᠠᠯ᠎ᠠ ᠶᠠᠫᠦᠨ ᠤ ᠲᠠᠯ᠎ᠠ ᠠᠴᠠ  ᠲᠦᠷᠪᠡᠨ ᠰᠢᠷᠠᠩᠭᠤᠢ ᠬᠤᠪᠴᠠᠰᠤ ᠲᠠᠢ ᠴᠡᠷᠢᠭ  ᠤᠳ ᠢᠷᠡᠵᠦ ᠰᠢᠷᠤᠶᠢᠲᠠᠭᠰᠠᠨ ᠪᠦᠬᠡ ᠪᠠᠨ ᠳᠠᠮᠨᠠᠵᠤ ᠶᠠᠪᠤᠭᠰᠠᠨ ᠪᠠ ᠪᠢᠩᠳᠦ ᠬᠤᠰᠢᠭᠤᠨ ᠤ ᠸᠠᠩ ᠤᠨ ᠲᠤᠰᠠᠯᠠᠭᠴᠢ ᠮᠦᠨ ᠲᠤᠰ ᠤᠳᠠᠭᠠᠨ ᠤ ᠨᠠᠶᠢᠷ ᠤᠨ ᠳᠠᠭᠠᠭᠤᠯᠤᠭᠴᠢ ᠤᠯᠴᠠᠭᠠᠷ ᠰᠢᠷ᠎ᠠ ᠮᠠᠮᠠ ᠴᠢᠷᠠᠢ ᠳᠠᠭᠠᠨ ᠴᠢᠰᠦ ᠦᠭᠡᠢ ᠴᠡᠴᠡᠷᠡᠭᠰᠡᠭᠡᠷ ᠢᠷᠡᠵᠦ ᠡᠪᠦᠭᠡ ᠶᠢ ᠳᠠᠭᠤᠳᠠᠵᠤ  ᠭᠠᠷᠤᠭᠠᠳ ᠨᠢᠭᠡᠨ ᠵᠡᠷᠭᠡ ᠠᠭᠰᠣᠮᠨᠠᠨ ᠵᠠᠩᠨᠠᠪᠠ᠃      ᠲᠤᠬᠠᠢ ᠶᠢᠨ ᠦᠶᠡᠰ ᠮᠤᠩᠭᠤᠯ ᠨᠤᠳᠤᠭ ᠤᠨ ᠶᠡᠬᠡᠩᠬᠡᠢ ᠭᠠᠵᠠᠷ ᠤᠷᠣᠨ ᠨᠤᠭᠤᠳ ᠢᠶᠠᠷ ᠱᠠᠰᠢᠨ ᠲᠦᠷᠥ ᠨᠢᠭᠡᠳᠦᠮᠡᠯ ᠪᠠᠶᠢᠵᠤ ᠰᠦᠮ᠎ᠡ ᠬᠡᠶᠢᠳ ᠤᠨ ᠯᠠᠮ᠎ᠠ ᠬᠤᠪᠢᠯᠭᠠᠨ ᠨᠠᠷ ᠰᠢᠭᠤᠷᠬᠠᠢ  ᠡᠷᠬᠡ ᠮᠡᠳᠡᠯ ᠲᠠᠢ ᠪᠠᠶᠢᠭᠰᠠᠨ ᠤ ᠲᠠᠭᠤ ᠵᠡᠭᠦᠨ ᠬᠤᠶᠢᠳᠦ ᠶᠢᠨ ᠬᠠᠷᠢᠶ᠎ᠠ ᠲᠥᠰᠦᠷ ᠲᠡᠭᠡᠨ ᠶᠠᠫᠤᠨ ᠡᠵᠡᠷᠬᠡᠭ ᠲᠦᠷᠢᠮᠡᠬᠡᠶᠢᠳᠡᠨ ᠤ ᠬᠠᠷᠢ ᠶᠢᠨ ᠨᠤᠶᠠᠷᠬᠠᠯ ᠭᠠᠵᠠᠷ ᠠᠪᠬᠤ ᠡᠬᠢᠯᠡᠭᠰᠡᠨ ᠶᠤᠮ᠃ ᠲᠡᠶᠢᠮᠦ ᠠᠴᠠ ᠲᠤᠰ ᠤᠳᠠᠭᠠᠨ ᠤ ᠶᠡᠭᠡ ᠨᠠᠶᠢᠷ ᠤᠨ ᠲᠥᠷᠢᠮ ᠳᠤ ︿︿ᠲᠤᠮᠳᠠᠳᠣ ᠤᠯᠤᠰ ᠤᠨ ᠪᠦᠬᠡ ᠶᠠᠫᠤᠨ ᠪᠦᠬᠡ ᠶᠢ ᠬᠠᠶᠠᠵᠤ ᠪᠣᠯᠬᠤ ᠦᠭᠡᠢ᠂ ᠬᠠᠷᠠᠴᠤ ᠶᠢᠨ ᠪᠦᠬᠡ ᠰᠦᠮ᠎ᠡ ᠶᠢᠨ ᠪᠦᠬᠡ ᠶᠢ ᠬᠠᠶᠠᠵᠤ ᠪᠤᠯᠬᠤ ᠦᠭᠡᠢ﹀﹀ ᠭᠡᠬᠦ ᠴᠢᠩᠭ᠎ᠠ ᠲᠤᠲᠤᠷᠬᠠᠢ ᠲᠤᠭᠲᠠᠭᠠᠯ ᠵᠤᠷᠪᠤᠰ ᠲᠠᠢ ᠪᠠᠶᠢᠭᠰᠠᠨ ᠤ ᠲᠤᠲᠤᠷ᠎ᠠ ︿︿ᠬᠡᠷᠪᠡ ᠠᠯᠢ ᠨᠢᠭᠡ ᠬᠤᠰᠢᠭᠤ ᠴᠢᠭᠤᠯᠭᠠᠨ ᠪᠤᠶᠤ ᠬᠡᠨ ᠨᠢᠭᠡᠨ ᠬᠦᠮᠦᠨ ᠡᠨᠡᠬᠦ ᠶᠡᠭᠡ ᠲᠥᠷᠢᠮ ᠢ ᠳᠠᠭᠠᠭᠠᠬᠤ ᠦᠭᠡᠢ ᠵᠤᠷᠢᠭᠤᠳᠠ ᠡᠪᠳᠡᠨ ᠲᠡᠷᠡᠰᠯᠡᠬᠦ ᠳᠤ ᠬᠦᠷᠪᠡᠯ ᠰᠢᠭᠤᠳ ᠠᠯᠠᠬᠤ ᠶᠠᠯ᠎ᠠ ᠪᠠᠷ ᠰᠢᠳᠭᠡᠨ᠎ᠡ﹀﹀ ᠭᠡᠵᠡᠢ᠃ ᠲᠡᠭᠡᠭᠡᠳ ᠨᠠᠶᠢᠷ ᠲᠤ ᠮᠤᠷᠳᠠᠬᠤ ᠠᠴᠠ ᠡᠮᠦᠨ᠎ᠡ ᠪᠢᠩᠲᠦ ᠬᠤᠰᠢᠭᠤ ᠸᠠᠩ ᠤᠨ ᠲᠠᠯ᠎ᠠ ᠠᠴᠠ ᠡᠳᠡᠭᠡᠷ ᠵᠦᠢᠯ ᠢ ᠪᠦᠬᠦ ᠲᠠᠮᠢᠷᠴᠢᠳ ᠲᠠᠭᠠᠨ ᠪᠦᠷ ᠨᠠᠷᠢᠨ ᠬᠢᠨᠠᠮᠠᠭᠠᠢ ᠤᠯᠠᠮᠵᠢᠯᠠᠨ ᠮᠡᠳᠡᠭᠦᠯᠦᠭᠰᠡᠨ ᠶᠤᠮ᠃ ᠭᠡᠲᠡᠯ᠎ᠡ ᠰᠠᠨᠠᠭᠠᠨ ᠠᠴᠠ ᠭᠠᠳᠠᠭᠤᠷ ᠮᠢᠨᠦ ᠡᠪᠦᠭᠡ ᠬᠠᠷᠠᠴᠤ ᠶᠢᠨ ᠪᠦᠬᠡ ᠭᠡᠳᠡᠭ ᠨᠢ ᠶᠠᠭᠠᠬᠢᠵᠤ ᠪᠠᠷᠢᠯᠳᠣᠬᠤ ᠬᠡᠷᠡᠭᠳᠡᠢ ᠪᠠᠶᠢᠭᠰᠠᠨ ᠢᠶᠠᠨ ᠲᠠᠰᠣ ᠮᠠᠷᠲᠠᠨ ᠮᠤᠬᠤᠷ ᠬᠢᠯᠢᠩ ᠤᠨ ᠢᠶᠠᠨ ᠬᠠᠷᠢᠭᠤ ᠳᠤ ᠰᠦᠮ᠎ᠡ ᠶᠢᠨ ᠪᠦᠬᠡ ᠪᠢᠰᠢ ᠰᠢᠭᠤᠳ ᠶᠠᠫᠤᠨ ᠪᠦᠬᠡ ᠶᠢᠨ ᠠᠮᠢᠰᠬᠤᠯ ᠢ ᠨᠢ ᠪᠦᠭᠯᠡᠷᠡᠲᠡᠯ᠎ᠡ ᠴᠢᠯᠠᠭᠤᠳᠠᠭᠠᠳ ᠲᠡᠷᠢᠭᠦᠨ ᠳᠡᠳ᠋ ᠤᠨ ᠰᠡᠶᠢᠳᠪᠦᠷᠢ ᠲᠡᠭᠡᠷ᠎ᠡ ᠬᠦᠷᠴᠡᠢ᠃ ᠡᠴᠦᠰ ᠲᠡᠭᠡᠨ ᠦᠪᠡᠷ ᠤᠨ ᠸᠠᠩ ᠤᠨ ᠪᠦᠬᠡ ᠳᠤ ᠪᠠᠨ ᠨᠡᠶᠢᠷ ᠲᠠᠯᠪᠢᠨ ᠤᠶᠢᠴᠢᠵᠦ ᠥᠭᠭᠦᠭᠰᠡᠨ ᠪᠤᠯᠪᠠᠴᠤ ᠨᠢᠭᠡᠨᠲᠡ ᠲᠡᠭᠷᠢ ᠲᠤᠯᠤᠮ᠎ᠠ ᠶᠡᠭᠡ ᠬᠡᠷᠡᠭ ᠭᠠᠷᠭᠠᠭᠰᠠᠨᠲᠤᠯᠠ ᠠᠮᠢ ᠨᠠᠰᠣᠨ ᠤ ᠠᠶᠤᠯ ᠲᠦᠭᠰᠢᠭᠦᠷᠢ ᠠᠴᠠ ᠵᠠᠶᠢᠯᠠᠵᠤ ᠲᠡᠶᠢᠯᠬᠦ ᠦᠭᠡᠢ ᠪᠤᠯᠵᠠᠢ᠃       ᠶᠠᠫᠤᠨ ᠪᠦᠬᠡ ᠶᠢ ᠤᠶᠢᠴᠢᠭᠤᠯᠤᠭᠰᠠᠨ ᠲᠡᠷᠡ ᠡᠳᠦᠷ ᠤᠨ ᠦᠳᠡ ᠶᠢᠨ ᠬᠤᠶᠢᠨ᠎ᠠ ᠨᠠᠶᠢᠷ ᠲᠠᠷᠬᠠᠵᠤ ᠡᠪᠦᠭᠡ ᠶᠢᠨ ᠳᠡᠳ᠋ ᠪᠦᠬᠡ ᠶᠢᠨ ᠰᠠᠭᠤᠳᠠᠯ ᠳᠤ ᠬᠤᠶᠠᠷ ᠨᠠᠰᠣᠳᠠᠢ ᠨᠢᠭᠡ ᠲᠠᠭ᠎ᠠ ᠡᠯᠵᠢᠭᠡ ᠱᠠᠩᠨᠠᠵᠠᠢ᠃ ᠡᠪᠦᠭᠡ ᠲᠡᠷᠡ ᠡᠳᠦᠷ ᠤᠨ ᠰᠦᠨᠢ ᠬᠠᠭᠠᠰ ᠦᠩᠭᠡᠷᠡᠭᠰᠡᠨ ᠬᠤᠶᠢᠨ᠎ᠠ ᠨᠣᠳᠤᠭ ᠤᠯᠠᠨ ᠳᠠᠭᠠᠨ ᠬᠠᠶᠢᠷ᠎ᠠ ᠦᠷᠦᠰᠢᠶᠡᠯ ᠲᠠᠢ ᠬᠤᠰᠢᠭᠤ ᠸᠠᠩ ᠤᠨ ᠢᠶᠠᠨ ᠨᠢᠭᠤᠴᠠ ᠲᠤᠬᠢᠷᠠᠭᠤᠯᠭ᠎ᠠ ᠶᠢ ᠰᠤᠨᠣᠰᠴᠦ ᠤᠯᠤᠭᠰᠠᠨ ᠳᠠᠭ᠎ᠠ ᠡᠯᠵᠢᠭᠡ ᠪᠠᠨ ᠬᠦᠳᠥᠯᠥᠨ ᠵᠠᠮ ᠪᠤᠷᠣᠭᠤᠯᠤᠨ  ᠭᠠᠷᠴᠤ ᠲᠤᠲᠠᠭᠠᠭᠰᠠᠭᠠᠷ ᠡᠮᠦᠨᠡᠰᠢ ᠲᠤᠭᠤᠷ᠎ᠠ ᠶᠢᠨ ᠭᠤᠣᠯ ᠢ ᠭᠡᠳᠦᠯᠬᠦ ᠦᠶᠡᠰ ᠡᠯᠵᠢᠭᠡᠨ ᠲᠠᠭ᠎ᠠ ᠪᠠᠨ ᠠᠷᠤ ᠳᠠᠭᠠᠨ ᠠᠪᠴᠤ ᠡᠭᠦᠷᠦᠨ ᠭᠤᠣᠯ ᠭᠡᠳᠦᠯᠵᠦ ᠰᠠᠶᠢᠨ ᠬᠦᠮᠦᠰ ᠤᠨ ᠰᠠᠶᠢᠬᠠᠨ ᠲᠤᠰᠠᠯᠠᠮᠵᠢ ᠲᠤᠤᠷ᠎ᠠ ᠤᠬᠠᠭᠠᠨ ᠵᠠᠷᠣᠵᠤ ᠡᠮᠦᠨᠡᠰᠢ ᠶᠠᠪᠤᠬᠤ ᠪᠠᠨ ᠪᠠᠶᠢᠭᠠᠳ ᠰᠢᠭᠤᠳ ᠪᠠᠷᠠᠭᠤᠨ ᠵᠦᠭ ᠴᠢᠭᠯᠡᠯ ᠢᠶᠠᠨ ᠦᠭᠡᠷᠡᠴᠢᠯᠡᠨ ᠶᠠᠪᠤᠭᠰᠠᠭᠠᠷ ᠨᠠᠢᠮᠠᠨ ᠬᠤᠰᠢᠭᠤᠨ ᠤ ᠬᠠᠷᠢᠶᠠᠨ ᠳᠤ ᠤᠷᠤᠵᠤ  ᠢᠷᠡᠭᠡᠳ ᠲᠠᠬᠢᠨ ᠪᠠᠰᠠ ᠨᠢᠭᠡ ᠤᠳᠠᠭ᠎ᠠ ᠴᠢᠭᠯᠡᠯ ᠢᠶᠠᠨ ᠦᠭᠡᠷᠡᠴᠢᠯᠡᠵᠦ ᠶᠠᠪᠤᠭᠠᠳ ᠨᠠᠷᠢᠳ ᠤᠨ ᠭᠤᠣᠯ ᠤᠨ ᠡᠷᠭᠢᠨ ᠳᠤ ᠬᠦᠷᠴᠦ ᠢᠷᠡᠪᠡ᠃     ᠪᠢᠯᠢᠭ ᠤᠨ ᠲᠣᠯᠤᠭᠠᠨ ᠰᠠᠷ᠎ᠠ ᠭᠡᠭᠴᠢ ᠤᠮᠠᠷᠠᠳᠣ ᠤᠷᠤᠨ ᠤ ᠬᠤᠷ᠎ᠠ ᠪᠤᠷᠣᠭᠠᠨ  ᠲᠦᠪᠯᠡᠷᠡᠳᠡᠭ ᠴᠠᠭ ᠪᠠᠶᠢᠵᠠᠢ᠃ ᠨᠠᠷᠢᠳ ᠤᠨ ᠭᠤᠣᠯ ᠬᠡᠪᠡᠯᠢ ᠦᠰᠴᠦ ᠣᠯᠣᠮ ᠲᠤᠬᠤᠢ ᠪᠠᠨ ᠳᠠᠪᠠᠲᠠᠯ᠎ᠠ ᠭᠦᠨ ᠪᠤᠯᠣᠭᠠᠳ ᠬᠦᠮᠦᠨ ᠬᠠᠷ᠎ᠠ ᠭᠡᠳᠦᠯᠬᠦ ᠎ ᠳᠤ ᠪᠡᠷᠬᠡ ᠪᠠᠶᠢᠯ᠎ᠠ᠃ ᠡᠪᠦᠭᠡ ᠮᠠᠨᠢ ᠨᠢᠭᠡ ᠮᠤᠩᠭᠤᠯ ᠠᠶᠢᠯ ᠤᠨ ᠤᠰᠤ ᠮᠡᠳᠡᠳᠡᠭ ᠤᠰᠤᠴᠢᠨ ᠤ ᠬᠠᠮᠵᠢᠯᠭ᠎ᠠ ᠲᠤᠤᠷ᠎ᠠ ᠲᠠᠭ᠎ᠠ ᠡᠯᠵᠢᠭᠡ ᠪᠠᠨ  ᠡᠮᠦᠨ᠎ᠡ ᠪᠠᠨ ᠲᠡᠪᠡᠷᠢᠭᠡᠳ ᠭᠤᠣᠯ ᠭᠠᠳᠣᠯᠵᠤ ᠭᠡᠷ ᠲᠡᠭᠡᠨ ᠬᠠᠷᠢᠵᠤ ᠢᠷᠡᠵᠡᠢ᠃ ᠡᠪᠦᠭᠡ ᠶᠢ ᠲᠤᠲᠠᠭᠠᠵᠤ ᠭᠠᠷᠴᠤ ᠢᠷᠡᠭᠰᠡᠨ ᠲᠡᠷᠡ ᠦᠳᠡᠰᠢ ᠶᠢᠨ ᠦᠦᠷ ᠲᠤᠲᠤᠷᠠᠬᠤ ᠦᠶᠡᠰ ᠲᠤᠯᠤᠭᠠᠨ ᠶᠠᠫᠤᠨ ᠴᠡᠷᠢᠭ ᠭᠠᠷ ᠲᠠᠭᠠᠨ ᠤᠷᠳᠣ ᠫᠤᠤ ᠪᠠᠷᠢᠭᠰᠠᠭᠠᠷ ᠪᠠᠭᠤᠭᠰᠠᠨ ᠮᠠᠶᠢᠬᠠᠨ ᠳᠤᠨᠢ ᠪᠠᠷᠢᠪᠴᠢᠯᠠᠬᠤ ᠪᠠᠷ ᠢᠷᠡᠪᠡ᠃ ᠭᠡᠪᠡᠴᠦ ᠤᠬᠠᠭᠠᠨ ᠠᠯᠳᠠᠳᠠᠭ ᠦᠭᠡᠢ ᠬᠤᠰᠢᠭᠤ ᠸᠠᠩ ᠨᠢ ᠬᠡᠳᠦᠶᠢᠨ ᠤᠷᠠᠨ ᠠᠷᠭ᠎ᠠ ᠠᠪᠴᠤ ᠡᠪᠦᠭᠡ ᠶᠢᠨ ᠤᠷᠣᠨ ᠳᠤ ᠨᠢᠭᠡ ᠴᠠᠢ ᠴᠢᠨᠠᠬᠤ ᠲᠦᠯᠡᠰᠢᠨ ᠮᠤᠳᠤ ᠬᠠᠭᠠᠯᠳᠠᠭ ᠬᠢᠲᠡᠳ ᠢᠷᠭᠡᠨ ᠢ  ᠰᠤᠯᠢᠵᠤ ᠤᠨᠲᠠᠭᠤᠯᠤᠭᠠᠳ ᠡᠪᠦᠭᠡ ᠶᠢ ᠠᠯᠢ ᠡᠷᠲᠡ ᠲᠣᠲᠠᠭᠠᠯᠭᠠᠭᠰᠠᠨ ᠪᠠᠶᠢᠵᠠᠢ᠃ ᠶᠠᠫᠤᠨ ᠴᠡᠷᠢᠭ ᠬᠥᠯ ᠬᠤᠵᠢᠭᠳᠠᠭᠰᠠᠨ ᠢᠶᠠᠨ ᠮᠡᠳᠡᠭᠡᠳ ᠡᠪᠦᠭᠡ ᠶᠢᠨ ᠬᠤᠶᠢᠨ᠎ᠠ ᠠᠴᠠ ᠲᠤᠭᠤᠷ᠎ᠠ ᠶᠢᠨ ᠭᠤᠣᠯ ᠢ ᠭᠡᠳᠣᠯᠣᠨ ᠡᠮᠦᠨᠡᠰᠢ ᠪᠦᠢᠷ ᠤᠨ ᠲᠠᠷᠢᠶ᠎ᠠ ︵ᠣᠳᠣ ᠶᠢᠨ ᠲᠦᠩᠯᠢᠶᠦᠦ︶ ᠬᠦᠷᠦᠭᠰᠡᠨ ᠪᠣᠯᠪᠠᠴᠤ ᠨᠡᠬᠡᠮᠵᠢᠯᠡᠭᠰᠡᠨ ᠴᠢᠭᠯᠡᠯ ᠨᠢ ᠪᠤᠷᠤᠭᠤᠳᠠᠭᠰᠠᠨ ᠢᠶᠠᠷ ᠪᠠᠷᠢᠵᠤ ᠲᠡᠶᠢᠯᠦᠭᠰᠡᠨ ᠦᠭᠡᠢ ᠬᠤᠭᠤᠰᠣᠨ ᠪᠤᠴᠠᠭᠰᠠᠨ ᠪᠠᠶᠢᠯ᠎ᠠ᠃ ᠠᠳᠡ ᠠᠴᠠ ᠡᠬᠢᠯᠡᠵᠦ ︿︿ᠡᠯᠵᠢᠭᠡ ᠡᠭᠦᠷᠦᠭᠰᠡᠨ ᠬᠠᠷ᠎ᠠ ᠶᠢᠨ ᠪᠦᠬᠡ﹀﹀ ᠪᠤᠶᠤ ︿︿ᠦᠬᠡᠷ ᠵᠠᠮᠰᠣ﹀﹀ ᠭᠡᠬᠦ ᠮᠠᠭᠲᠠᠭᠠᠯ ᠶᠤᠮ ᠦᠦ︖ ᠡᠰᠡᠭᠦᠯ᠎ᠡ ᠬᠤᠱᠤᠩᠨᠠᠯ ᠴᠤ ᠶᠤᠮ ᠦᠦ︖ ᠡᠶᠢᠮᠦ ᠨᠢᠭᠡ ᠨᠡᠷ᠎ᠡ ᠪᠤᠢ ᠪᠣᠯᠵᠤ ᠲᠡᠯᠭᠡᠷᠡᠭᠰᠡᠨ ᠪᠠ ᠰᠡᠭᠦᠯ ᠳᠡᠭᠡᠨ ︿︿ᠦᠬᠡᠷ ᠵᠠᠮᠰᠤ﹀﹀ ᠭᠡᠳᠡᠭ ᠨᠢ ᠦᠪᠡᠷ ᠤᠨ ᠢᠶᠠᠨ ᠤᠷᠤᠨ ᠪᠠᠶᠢᠷᠢ ᠲᠠᠢ ᠦᠯᠡᠳᠡᠵᠦ ᠤᠯᠠᠮ ᠤᠯᠠᠮ ᠢᠶᠠᠷ ᠳᠡᠯᠭᠡᠷᠡᠨ ᠲᠠᠷᠬᠠᠵᠠᠢ᠃   ᠦᠵᠡᠵᠦ ᠪᠠᠶᠢᠲᠠᠯ᠎ᠠ ᠨᠠᠮᠤᠷ ᠤᠨ ᠰᠠᠯᠬᠢ ᠬᠤᠩᠭᠤᠷᠯᠠᠵᠤ ᠨᠣᠳᠤᠭ ᠤᠰᠤᠨ ᠤ ᠬᠢᠨᠢ  ᠨᠠᠮᠤᠷᠵᠢᠶ᠎ᠠ ᠬᠠᠳᠣᠯᠠᠩ ᠭᠡᠳ ᠶᠠᠭᠠᠷᠠᠵᠤ ᠪᠠᠶᠢᠭᠰᠠᠨ ᠨᠢᠭᠡ ᠡᠳᠦᠷ ᠬᠤᠰᠢᠭᠤ ᠲᠤᠰᠠᠯᠠᠭᠴᠢ  ᠪᠤᠷᠤ ᠵᠡᠭᠡᠷᠲᠡ ᠮᠣᠷᠢ ᠲᠠᠢ ᠬᠡᠭᠡᠷ᠎ᠡ ᠶᠢᠨ ᠬᠠᠳᠣᠯᠠᠩ ᠳᠤ ᠢᠷᠡᠵᠦ ᠨᠠᠶᠢᠷ ᠤᠨ ᠲᠠᠯ᠎ᠠ ᠠᠴᠠ ᠣᠯᠭᠤᠬᠤ ᠶᠤᠰᠤᠳᠠᠢ ᠮᠦᠩᠭᠦᠨ ᠮᠧᠲᠠᠯ ᠤᠨ ᠬᠢᠨ ᠤᠷᠤᠨ ᠳᠤ ᠠᠷᠭ᠎ᠠ ᠮᠤᠬᠤᠷᠳᠠᠵᠤ ᠥᠭᠦᠭᠰᠡᠨ ᠲᠦᠭᠦᠬᠡᠢ ᠵᠡᠰ ᠮᠧᠲᠡᠯ ᠢ ᠬᠤᠰᠢᠭᠤ ᠸᠠᠩ ᠤᠨ ᠵᠠᠬᠢᠶ᠎ᠠ ᠪᠠᠷ ᠡᠪᠦᠭᠡ ᠳᠤ ᠬᠦᠷᠭᠡᠵᠦ ᠥᠭᠪᠡ᠃ ᠥᠨᠥᠬᠢ ᠮᠧᠲᠡᠯ ᠶᠢ ᠨᠢ ᠠᠪᠤ ᠡᠵᠢ ᠬᠤᠶᠠᠭᠤᠯᠠ ᠬᠥᠬᠡ ᠲᠤᠷᠭᠠᠨ ᠬᠠᠳᠠᠭ ᠲᠤ ᠪᠠᠭᠯᠠᠭᠠᠳ ᠬᠠᠶᠢᠯᠠᠰᠤᠨ ᠮᠤᠳᠣᠨ ᠠᠪᠳᠠᠷ᠎ᠠ ᠶᠢᠨ ᠢᠶᠠᠨ ᠲᠥᠪᠡᠳ ᠤᠨᠢᠰᠦ ᠲᠠᠢ ᠬᠠᠶᠢᠷᠴᠠᠭ ᠲᠤᠨᠢ ᠠᠮᠢᠨᠴᠢᠷᠬᠠᠨ ᠬᠠᠳᠠᠭᠠᠯᠠᠵᠤ ᠪᠠᠶᠢᠭᠰᠠᠨ ᠢᠶᠠᠨ ᠡᠪᠦᠭᠡ ᠲᠠᠭᠠᠯᠠᠯ ᠪᠤᠯᠤᠭᠰᠠᠨ ᠬᠤᠶᠢᠨ᠎ᠠ ᠬᠡᠭᠦᠷ ᠢ ᠨᠢ ᠳᠠᠭᠠᠭᠤᠯᠵᠤ ᠬᠦᠳᠡᠭᠡᠯᠡᠭᠦᠯᠦᠨ ᠤᠷᠤᠰᠢᠭᠤᠯᠵᠤ ᠥᠭᠪᠡ᠃     ᠡᠪᠦᠭᠡ ᠮᠢᠨᠢ ᠶᠢᠷᠢᠨ ᠬᠤᠶᠠᠷᠳᠠᠢ ᠵᠢᠯ ᠤᠨ ᠢᠶᠠᠨ ᠨᠡᠮᠤᠷ ᠪᠤᠷᠬᠠᠨ ᠪᠤᠯᠵᠠᠢ᠃ ᠲᠡᠷᠡᠬᠦ ︿︿ᠦᠬᠡᠷ﹀﹀ ᠭᠡᠬᠦ ᠵᠠᠰᠠᠭ ᠤᠨ ᠲᠡᠲᠢᠮᠯᠢᠭ ᠪᠢᠰᠢ ᠠᠷᠠᠳ ᠲᠦᠮᠡᠨ ᠠᠴᠠ  ᠪᠢᠰᠢᠷᠡᠨ ᠬᠦᠨᠳᠦᠳᠭᠡᠵᠦ ᠬᠠᠶᠢᠷᠠᠯᠠᠭᠰᠠᠨ ᠲᠤᠲᠤᠳᠬᠠᠯ ᠨᠡᠷ᠎ᠡ ᠎ ᠲᠠᠢ ᠪᠠᠨ ᠴᠤᠭ ᠦᠨᠡᠨ ᠤ ᠭᠠᠵᠠᠷ ᠢᠶᠠᠨ ᠶᠠᠪᠤᠭᠰᠠᠨ ᠪᠤᠯᠪᠠᠴᠤ ᠲᠡᠷᠡ ᠨᠢ ᠡᠳᠦᠭᠡ ᠨᠣᠳᠤᠭ ᠤᠰᠣᠨ ᠳᠠᠭᠠᠨ ᠪᠦᠷᠢᠨ ᠪᠦᠳᠦᠨ ᠦᠯᠡᠳᠡᠵᠦ ᠰᠣᠳᠣᠨ ᠰᠠᠶᠢᠬᠠᠨ ᠠᠮᠠᠨ ᠦᠯᠢᠭᠡᠷ ᠪᠤᠯᠵᠤ ᠶᠠᠷᠢᠭᠳᠠᠬᠤ ᠨᠢ ᠭᠠᠶᠢᠬᠠᠯᠳᠠᠢ ᠶᠤᠮᠰᠠᠨ᠃                      
 
ᠢᠷᠡᠯᠲᠡ᠄ ᠪ᠊᠂ ᠪᠢᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号