ᠲᠦᠷᠪᠡᠨ ᠴᠠᠭ ᠤᠨ ᠵᠢᠪᠠᠷ
ᠨᠡᠶᠢᠲᠡᠯᠡᠭᠰᠡᠨ ᠴᠠᠭ᠄
2020/11/6
       ᠤᠶᠢᠮᠡᠳ ᠪᠠᠶᠠᠨᠳᠤᠩᠭᠠᠯᠠᠭ ᠬᠠᠪᠤᠷ ᠤᠨ ᠵᠢᠪᠠᠷ ᠲᠤ ᠬᠠᠶᠢᠷ᠎ᠠ ᠪᠠᠶᠢᠳᠠᠭ ᠬᠠᠷᠠᠰᠦ ᠬᠤᠭᠤᠯᠠᠨ ᠤ ᠠᠮᠳᠠ ᠪᠠᠶᠢᠳᠠᠭ     ᠬᠠᠯᠢᠶ᠎ᠠ ᠲᠠᠢ ᠭᠤᠤᠯ ᠤᠨ ᠮᠦᠰᠦ ᠪᠠᠶᠢᠳᠠᠭ ᠬᠠᠳᠠᠭᠤᠵᠢᠯ ᠪᠤᠯᠪᠠᠰᠤᠷᠠᠯ ᠤᠨ ᠬᠢᠴᠢᠶᠡᠯ ᠤᠳ ᠪᠠᠶᠢᠳᠠᠭ ᠬᠡᠤᠬᠡᠳ ᠨᠠᠰᠤᠨ ᠤ ᠵᠡᠬᠦᠳᠦ ᠪᠠᠶᠢᠳᠠᠭ ᠬᠦᠳᠦᠰᠦᠨ ᠲᠡᠪᠡᠯ ᠤᠨ ᠦᠨᠦᠷ ᠪᠠᠶᠢᠳᠠᠭ ᠬᠦᠰᠡᠯ ᠮᠦᠷᠦᠭᠡᠳᠦᠯ ᠤᠨ ᠴᠡᠴᠡᠭᠡᠰ ᠪᠠᠶᠢᠳᠠᠭ ᠬᠦᠷᠬᠦ ᠵᠠᠮ ᠤᠨ ᠡᠬᠢᠯᠡᠯᠳᠡ ᠪᠠᠶᠢᠳᠠᠭ᠃ ᠵᠤᠨ ᠤ ᠵᠢᠪᠠᠷ ᠲᠤ ᠬᠠᠶᠢᠷ᠎ᠠ ᠪᠠᠶᠢᠳᠠᠭ ᠵᠢᠷᠭᠤᠭᠠᠨ ᠰᠠᠷ᠎ᠠ ᠶᠢᠨ ᠴᠠᠬᠢᠷᠮ᠎ᠠ ᠪᠠᠶᠢᠳᠠᠭ ᠴᠡᠴᠡᠭᠬᠡᠨ ᠲᠠᠯ᠎ᠠ ᠶᠢᠨ ᠲᠤᠷᠠᠯᠠᠯ ᠪᠠᠶᠢᠳᠠᠭ ᠴᠡᠩᠬᠡᠯ ᠵᠢᠷᠭᠠᠯ ᠤᠨ ᠵᠠᠯᠠᠭᠤ ᠨᠠᠰᠦ ᠪᠠᠶᠢᠳᠠᠭ ᠬᠤᠯᠠ ᠶᠢᠨ ᠲᠡᠷᠳᠡᠭᠡ ᠳᠤ ᠪᠠᠭᠤᠴᠠ ᠮᠢᠨᠢ ᠪᠠᠶᠢᠳᠠᠭ ᠬᠤᠮᠰᠠᠬᠠᠨ ᠴᠠᠳᠬᠤᠯᠠᠩ ᠮᠦᠴᠡ ᠨᠦᠭᠦᠳ ᠪᠠᠶᠢᠳᠠᠭ ᠬᠤᠷ᠎ᠠ ᠶᠢᠨ ᠡᠭᠦᠯᠡ ᠲᠠᠢ ᠨᠤᠳᠤᠭ ᠮᠢᠨᠢ ᠪᠠᠶᠢᠳᠠᠭ ᠬᠤᠷᠸ᠎ᠠ ᠳᠤ ᠮᠠᠷᠳᠠᠮ᠎ᠠ ᠦᠭᠡᠢ ᠤᠯᠠᠷᠢᠯ ᠤᠳ ᠪᠠᠶᠢᠳᠠᠭ᠃  ᠨᠠᠮᠤᠷ ᠤᠨ ᠵᠢᠪᠠᠷ ᠲᠤ ᠬᠠᠶᠢᠷ᠎ᠠ ᠪᠠᠶᠢᠳᠠᠭ ᠨᠠᠷᠠᠳᠦ ᠶᠢᠨ ᠰᠢᠷᠭᠠᠯ ᠡᠳᠦᠷ ᠤᠳ ᠪᠠᠶᠢᠳᠠᠭ ᠨᠠᠪᠴᠢ ᠨᠢ ᠠᠯᠳᠠᠷᠠᠭᠰᠠᠨ ᠮᠤᠳᠤᠳ ᠪᠠᠶᠢᠳᠠᠭ ᠨᠠᠮ᠎ᠠ ᠶᠢ ᠬᠦᠯᠢᠶᠡᠭᠰᠡᠨ ᠪᠤᠯᠵᠤᠭ᠎ᠠ ᠪᠠᠶᠢᠳᠠᠭ ᠪᠤᠴᠠᠭᠠᠳ ᠬᠠᠷᠢᠳᠠᠭ ᠭᠠᠯᠠᠭᠤᠳ ᠪᠠᠶᠢᠳᠠᠭ ᠪᠤᠳᠤᠭᠠᠳ ᠵᠡᠭᠦᠳᠦᠯᠡᠳᠡᠭ ᠨᠤᠳᠤᠭ ᠮᠢᠨᠢ ᠪᠠᠶᠢᠳᠠᠭ ᠬᠦᠷᠦᠰᠢ ᠦᠭᠡᠢ ᠬᠤᠯᠠ ᠶᠢᠨ ᠮᠦᠷᠦᠭᠡᠳᠦᠯ ᠪᠠᠶᠢᠳᠠᠭ ᠬᠦᠰᠡᠭᠡᠳ ᠢᠷᠡᠳᠡᠭ ᠦᠭᠡᠢ ᠴᠢ ᠮᠢᠨᠢ ᠪᠠᠶᠢᠳᠠᠭ᠃ ᠡᠪᠦᠯ ᠤᠨ ᠵᠢᠪᠠᠷ ᠲᠤ ᠬᠠᠶᠢᠷ᠎ᠠ ᠪᠠᠶᠢᠳᠠᠭ ᠦᠯᠢ ᠶᠢᠨ ᠲᠠᠪᠠᠭᠠᠨ ᠤ ᠬᠦᠢᠳᠡᠨ ᠪᠠᠶᠢᠳᠠᠭ ᠦᠰᠦᠭᠰᠡᠨ ᠨᠤᠳᠤᠭ ᠤᠨ ᠮᠠᠩᠬ᠎ᠠ ᠨᠤᠭᠤᠳ ᠪᠠᠶᠢᠳᠠᠭ ᠦᠯᠡᠳᠡᠭᠡᠳ ᠬᠤᠴᠤᠷᠤᠭᠰᠠᠨ ᠪᠠᠭ᠎ᠠ ᠨᠠᠰᠦ ᠮᠢᠨᠢ ᠪᠠᠶᠢᠳᠠᠭ ᠡᠴᠢᠭᠡ ᠶᠢᠨ ᠬᠠᠯᠠ ᠲᠠᠢ ᠵᠠᠷᠯᠢᠭ ᠪᠠᠶᠢᠳᠠᠭ ᠡᠵᠢ ᠶᠢᠨ ᠶᠠᠷᠢᠳᠠᠭ ᠦᠯᠢᠭᠡᠷ ᠤᠳ ᠪᠠᠶᠢᠳᠠᠭ ᠠᠷᠭᠠᠯ ᠤᠨ ᠴᠡᠩᠬᠡᠷ ᠤᠳᠤᠭ᠎ᠠ ᠪᠠᠶᠢᠳᠠᠭ ᠠᠵᠠ ᠵᠢᠷᠭᠠᠯ ᠤᠨ ᠬᠤᠪᠤᠩ ᠪᠠᠶᠢᠳᠠᠭ᠃ ᠬᠠᠶ᠋ᠢᠭ᠄ ᠤᠩᠨᠢᠭᠤᠳ ᠬᠤᠰᠢᠭᠤᠨ ᠤ ᠰᠢᠨᠡᠰᠦ᠋ᠮ᠎ᠡ ᠰᠤᠷᠭᠠᠭᠤᠯᠢ(翁牛特旗 新苏莫学校)白音同拉嘎(13947633492)
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号