ᠦᠷᠡᠭᠳᠡᠬᠦ  ᠨᠠᠮᠤᠷ  ᠤᠨ  ᠭᠤᠨᠢᠶᠠᠷᠬᠠᠯ
ᠨᠡᠶᠢᠲᠡᠯᠡᠭᠰᠡᠨ ᠴᠠᠭ᠄
2020/11/6
                                ᠷᠢ᠊  ᠂ ᠰᠡᠴᠡᠨᠳᠤ    ᠲᠤᠭᠤᠭ᠎ᠠ  ᠶᠠᠩᠬᠢᠨᠡᠳᠡᠯ᠎ᠡ  ᠤᠷᠤᠮᠳᠠᠬᠤ  ᠪᠤᠭᠤ  ᠶᠢᠨ  ᠲᠠᠭᠤᠨ  ᠢᠶᠠᠷ    ᠴᠤᠤᠷᠢᠶ᠎ᠡ  ᠲᠤᠮᠨᠠᠬᠤ  ᠪᠠᠨ  ᠶᠠᠭᠠᠬᠢᠭᠠᠳ  ᠮᠠᠷᠳᠠᠴᠢᠬᠠᠯ᠎ᠠ  ᠳ᠋ᠠ  ᠭᠡᠵᠤ    ᠲᠤᠮᠤᠭ  ᠬᠠᠭᠤᠴᠢ  ᠬᠦᠭᠡᠷᠴᠤ  ᠰᠠᠭᠤᠭᠰᠠᠨ  ᠡᠮᠡᠭᠡᠳ  ᠭᠡᠨᠡᠳᠬᠡᠨ  ᠤᠤᠯᠭᠠᠯᠠᠬᠤ ᠳᠤ    ᠴᠠᠪᠰᠢᠭ᠍ᠰᠡᠨ  ᠪᠤᠳᠤᠩ  ᠎ ᠨᠢ ᠠᠩᠭᠠᠰᠬᠢᠵᠤ ᠲᠡᠷᠡᠬᠡᠨ  ᠪᠤᠷᠬᠠᠨ  ᠪᠤᠯᠪᠠ    ᠬᠠᠯᠢᠰᠤ  ᠪᠤᠯᠳᠠᠯ᠎ᠠ  ᠬᠳᠠᠩᠬᠠᠶᠢᠷᠠᠭᠰᠠᠨ   ᠮᠦᠬᠦᠨ  ᠦᠷᠴᠢᠯᠡᠭᠡ  ᠪᠠᠷ    ᠬᠠᠷᠢᠬᠤ  ᠨᠠᠮᠤᠷ  ᠢᠶᠠᠨ  ᠶᠠᠭᠠᠬᠢᠭᠠᠳ ᠢᠯᠠᠭᠳᠠᠴᠢᠬᠠᠪᠠ   ᠳ᠋ᠠ  ᠭᠡᠵᠤ    ᠬᠤᠮᠤᠷᠠᠭᠰᠠᠨ  ᠨᠠᠪᠴᠢᠰ  ᠤᠨᠠᠵᠤ  ᠮᠤᠳᠤᠳ  ᠭᠡᠨᠡᠳᠬᠡᠨ   ᠨᠢᠴᠤᠭᠡᠷᠡᠬᠦ  ᠎ ᠳᠤ    ᠬᠤᠬᠢᠮᠤᠢ  ᠰᠠᠯᠠᠭ᠎ᠠ  ᠎ ᠨᠢ  ᠶᠤᠷᠳᠤᠶᠢᠰᠬᠢᠵᠤ  ᠡᠮᠭᠡᠨᠢᠯ  ᠢᠯᠡᠷᠬᠡᠶᠢᠯᠡᠪᠡ    ᠦᠷᠤᠭᠡᠰᠤᠨ  ᠲᠠᠯᠤ  ᠰᠢᠭ᠋  ᠲᠤᠭᠤᠷᠤᠤ  ᠶᠢᠨ  ᠲᠡᠭᠳᠡᠭᠡᠭᠡᠢ    ᠦᠨᠳᠤᠷ  ᠲᠡᠭᠷᠢ  ᠲᠡᠭᠡᠨ  ᠶᠠᠭᠠᠬᠢᠭᠠᠳ  ᠵᠡᠯᠡᠯᠡᠵᠤ  ᠶᠠᠳᠠᠪᠠ  ᠳ᠋ᠠ  ᠭᠡᠵᠤ    ᠬᠠᠭᠤᠷᠮᠠᠭ  ᠮᠠᠨᠠᠨ  ᠪᠤᠯᠵᠤ  ᠬᠠᠯᠬᠠᠯᠠᠭᠰᠠᠨ  ᠡᠬᠦᠯᠡᠰ  ᠭᠡᠨᠡᠳᠬᠡᠨ  ᠬᠦᠰᠡᠷᠳᠡᠬᠦ  ᠳᠤ      ᠬᠦᠩᠬᠡᠨ  ᠵᠢᠬᠦᠷ  ᠎ ᠨᠢ  ᠴᠠᠷᠴᠠᠰᠬᠢᠨ  ᠨᠠᠭᠤᠷ  ᠤᠨ  ᠮᠦᠰᠤ  ᠪᠤᠯᠪᠠ   ᠤᠷ᠎ᠠ  ᠤᠭᠠᠯᠵᠠᠳᠠᠷᠠᠯ᠎ᠠ  ᠪᠦᠭᠡᠮᠨᠡᠷᠡᠬᠦ  ᠬᠠᠵᠠᠭᠠᠷ  ᠡᠪᠡᠰᠤ  ᠎ ᠪᠠᠷ   ᠦᠵᠡᠰᠬᠦᠯᠡᠩᠳᠤ  ᠲᠠᠯ᠎ᠠ  ᠪᠠᠨ  ᠶᠠᠭᠠᠬᠢᠭᠠᠳ  ᠠᠯᠳᠠᠴᠢᠬᠠᠯ᠎ᠠ  ᠳ᠋ᠠ  ᠭᠡᠵᠤ   ᠬᠢᠨᠠᠭᠤᠷᠬᠠᠨ  ᠠᠷᠭᠠᠳᠠᠯ   ᠬᠦᠪᠰᠡᠶᠢᠯᠭᠡᠨ  ᠪᠠᠶᠢᠬᠤ  ᠴᠠᠰᠤᠨ  ᠭᠡᠨᠡᠳᠬᠡᠨ  ᠪᠤᠳᠠᠷᠠᠬᠤ  ᠪᠠᠷ   ᠬᠡᠭᠡᠮᠰᠤᠭ᠍ᠬᠡᠨ  ᠲᠠᠯᠠᠰᠳᠤ  ᠎ ᠨᠢ  ᠬᠡᠶᠢᠰᠴᠤ    ᠡᠵᠡᠬᠦᠶᠢᠷᠡᠯ  ᠤᠨ   ᠰᠦᠨᠡᠰᠤ  ᠪᠤᠯᠪᠠ  ᠃          ᠬᠠᠶ᠋ᠢᠭ  ᠄  ᠰᠢᠯᠢ  ᠶᠢᠨ  ᠭᠤᠤᠯ  ᠠᠶᠢᠮᠠᠭ  ᠤᠨ  ᠵᠡᠬᠦᠨ ᠦᠵᠤᠮᠤᠴᠢᠨ                        ᠬᠤᠰᠢᠭᠤᠨ  ᠎ ᠤ  ᠤᠳᠬ᠎ᠠ  ᠤᠷᠠᠯᠢᠭ  ᠤᠨ  ᠎ ᠬᠢᠨ  ᠬᠤᠯᠪᠤᠭ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号