ᠠᠯᠳᠠ ᠴᠠᠭᠠᠨ ᠬᠠᠳᠠᠭ ᠢᠶᠠᠨ ᠳᠡᠯᠭᠡᠭᠰᠡᠨ | ᠠᠷᠪᠠᠨ ᠵᠥᠭ ᠤᠨ ᠪᠣᠶᠠᠨ ᠢᠶᠠᠨ ᠡᠳ᠋ᠯᠡᠭᠰᠡᠨ | ᠵᠡᠷᠭᠡᠯᠭᠡᠨ ᠳᠣᠮᠳᠠ ᠪᠠᠨ ᠠᠭᠤᠯᠠᠰ ᠨᠢ ᠰᠥᠨᠳᠡᠷᠯᠡᠳᠡᠭ | ᠵᠢᠳᠭᠦᠯ ᠳᠤ ᠳᠣᠯᠠᠭᠠᠬᠠᠨ ᠰᠠᠷᠠᠭᠤᠯ ᠨᠣᠳᠤᠭ ᠲᠠᠢ᠃ | ᠵᠠᠭᠤᠨ ᠣᠨ ᠤ ᠥᠢᠯᠡᠰ ᠲᠤ ᠬᠤᠰᠢᠭᠤᠷᠠᠭᠰᠠᠨ | ᠵᠢᠷᠭᠠᠯ ᠤᠨ ᠳᠠᠭᠤᠳᠣ ᠲᠡᠨᠢᠭᠦᠬᠡᠨ ᠨᠣᠳᠤᠭ ᠡ | ᠵᠥᠩ ᠪᠢᠯᠢᠭ ᠤᠨ ᠬᠠᠶᠢᠷ᠎ᠠ ᠳᠠᠯᠠᠯᠣᠭᠰᠠᠨ | ᠵᠡᠭᠦᠨ ᠪᠠᠭᠠᠷᠢᠨ ᠳᠤ ᠮᠢᠨᠢ ᠢᠷᠡᠭᠡᠷᠠᠢ︕ | ᠥᠢᠯᠡᠰ ᠤᠨ ᠨᠠᠷᠠ ᠪᠠᠨ ᠣᠭᠳᠣᠨ ᠳᠡᠮᠡᠥᠯᠡᠭᠰᠡᠨ | ᠥᠯᠵᠡᠢ ᠮᠥᠷ ᠲᠠᠢ ᠠᠮᠢᠳᠣᠷᠠᠯ ᠢᠶᠠᠨ ᠴᠣᠭᠴᠠᠯᠠᠭᠰᠠᠨ | ᠥᠷᠭᠡᠨ ᠳᠥᠮᠡᠨ ᠤ ᠬᠠᠯᠠᠮᠵᠢ ᠳᠤ ᠨᠠᠯᠠᠶᠢᠳᠠᠭ | ᠥᠵᠡᠮᠵᠢ ᠪᠥᠷᠢᠳᠥᠭᠰᠡᠨ ᠳᠣᠷᠭᠠᠨ ᠪᠠᠶᠢᠭᠠᠯᠢ ᠲᠠᠢ ᠃ | ᠳᠠᠬᠢᠯᠳᠠ | ᠭᠢᠯᠪᠠᠭᠠᠳᠣ ᠳᠡᠥᠬᠡ ᠪᠠᠨ ᠬᠥᠰᠢᠶᠡᠯᠡᠨ ᠪᠢᠴᠢᠭᠯᠡᠭᠰᠡᠨ | ᠭᠡᠭᠡᠨ ᠣᠬᠠᠭᠠᠨ ᠳᠤ ᠬᠡᠶᠢᠮᠥᠷᠢ ᠰᠡᠷᠭᠦᠭᠡᠭᠰᠡᠨ | ᠥᠷ ᠢᠶᠠᠨ ᠡᠷᠭᠦᠭᠰᠡᠨ ᠨᠠᠷᠠᠨ ᠢᠶᠠᠷ ᠪᠠᠭ᠋ᠠᠳᠣᠳᠠᠭ | ᠠᠵᠢᠯᠴᠢ ᠮᠠᠯᠴᠢᠳ ᠨᠢ ᠵᠢᠷᠭᠠᠯᠳᠣ ᠠᠮᠢᠳᠣᠷᠠᠯ ᠲᠠᠢ᠃ | ᠳᠠᠬᠢᠯᠳᠠ | ᠨᠡᠷ᠎ᠡ᠄ ᠪᠣᠶᠠᠨᠳᠠᠯᠠᠢ | ᠬᠠᠶ᠋ᠢᠭ᠄ ᠵᠡᠭᠦᠨ ᠪᠠᠭᠠᠷᠢᠨ ᠤ ᠴᠠᠭᠠᠨᠬᠠᠳᠠ | ᠣᠳᠠᠰᠣ᠄13298003138 | | |