ᠮᠢᠨᠤ ᠬᠦᠳᠡᠭᠡ    ︵ᠨᠠᠶᠢᠷᠠᠭᠤᠯᠤᠯ︶
ᠨᠡᠶᠢᠲᠡᠯᠡᠭᠰᠡᠨ ᠴᠠᠭ᠄
2020/11/23
ᠴᠤ᠋᠂ ᠨᠠᠰᠤᠨᠵᠠᠶᠠᠭ᠎ᠠ                     ᠮᠢᠨᠤ ᠬᠦᠳᠡᠭᠡ    ︵ᠨᠠᠶᠢᠷᠠᠭᠤᠯᠤᠯ︶        ᠬᠦᠬᠡ  ᠤᠭᠳᠠᠷᠭᠤᠢ ᠳᠤ ᠡᠭᠦᠯᠡ ᠴᠠᠶᠢᠷᠠᠭᠠᠳ        ᠬᠦᠳᠡᠭᠡ ᠲᠠᠯ᠎ᠠ ᠳᠤ ᠬᠦᠯᠦᠭ ᠮᠤᠷᠢ ᠲᠤᠪᠳᠤᠯᠤᠨ᠎ᠠ        ᠤᠷᠭ᠎ᠠ ᠶᠢᠨ ᠦᠵᠦᠭᠦᠷ ᠤᠷᠤᠭᠰᠢ ᠪᠠᠨ ᠨᠠᠬᠢᠯᠵᠠᠭᠠᠳ        ᠤᠶᠠᠩᠭᠠᠳᠤ ᠲᠠᠭᠤᠤ  ᠬᠠᠨᠭ᠍ᠬᠢᠨᠠᠨ ᠴᠤᠤᠷᠢᠶᠠᠳᠤᠨ᠎ᠠ  ᠂᠂᠂   ᠠᠯᠳᠠᠷᠳᠤ ᠲᠠᠭᠤᠴᠢᠨ ᠴᠢᠯᠠᠭᠤ ᠶᠢᠨ ᠬᠦᠡᠭᠬᠢᠨᠡᠮ᠎ᠡ ᠬᠤᠭᠤᠯᠠᠢ ᠠᠴᠠ  ᠴᠤᠤᠷᠢᠶᠠᠳᠤᠵᠦ᠂ ᠷᠠᠳᠢᠤ᠋ ᠲᠡᠭᠡᠷ᠎ᠡ ᠲᠠᠩᠳᠠ ᠰᠤᠨᠤᠰᠳᠠᠳᠠᠭ ᠡᠨᠡᠬᠦ ᠲᠠᠭᠤᠤ ᠶᠢ ᠪᠢᠳᠡ ᠬᠤᠬᠡᠳ ᠨᠠᠰᠤᠨ ᠳᠠᠭᠠᠨ  ᠠᠬᠠᠮᠠᠳᠴᠤᠤᠯ ᠤᠨ  ᠲᠠᠭᠤᠯᠠᠬᠤ ᠠᠴᠠ ᠰᠤᠨᠤᠰᠴᠤ᠂ ᠵᠤᠨ ᠤ  ᠰᠢᠷᠭᠠᠯ ᠦᠷᠯᠦᠭᠡ  ᠰᠢᠷᠬᠤᠨᠠᠭ ᠢᠶᠠᠨ ᠨᠤᠷᠠᠭᠠᠵᠦ᠂ ᠰᠢᠭᠦᠳᠡᠷᠡᠢ ᠪᠤᠳᠠᠷᠠᠭᠠᠨ ᠬᠤᠷᠠᠭ᠎ᠠ ᠲᠤᠭᠤᠯ ᠡᠷᠭᠢᠬᠦᠯᠵᠦ ᠭᠦᠶᠦᠬᠦ ᠳᠡᠭᠡᠨ᠂  ᠠᠶᠠᠨᠳᠠᠭᠠᠨ ᠰᠤᠷᠴᠦ ᠨᠢᠯᠬ᠎ᠠ ᠬᠤᠨᠭ᠍ᠭᠤᠷ ᠬᠤᠭᠤᠯᠠᠢ ᠪᠠᠷ ᠴᠢᠨᠡᠭᠡ ᠮᠡᠳᠡᠨ ᠠᠶᠠᠯᠠᠳᠠᠭ ᠪᠠᠶᠢᠯ᠎ᠠ᠂ ᠲᠡᠷᠡ ᠦᠶ᠎ᠡ ᠶᠢᠨ ᠮᠢᠨᠤ ᠬᠦᠳᠡᠭᠡ ᠦᠨᠡᠭᠡᠷ ᠯᠡ ᠰᠢᠯᠦᠭ ᠵᠢᠷᠤᠭ ᠰᠢᠭ  ᠰᠠᠶᠢᠬᠠᠨ ᠪᠠᠶᠢᠭᠰᠡᠨ ᠡ  ᠃   ᠪᠢ ᠬᠦᠳᠡᠭᠡ ᠶᠢᠨ ᠬᠦᠦ ᠪᠤᠯᠬᠤᠷ᠂ ᠬᠦᠳᠡᠭᠡ ᠳᠡᠭᠡᠨ ᠠᠷᠭ᠎ᠠ ᠦᠭᠡᠢ ᠬᠠᠶᠢᠷᠠᠳᠠᠢ᠃ ᠮᠢᠨᠤ ᠬᠦᠳᠡᠭᠡ ᠦᠨᠡᠬᠡᠷ ᠯᠡ ᠂ ᠬᠦᠮᠦᠨ ᠠᠷᠠᠳ ᠤᠨ ᠢᠶᠠᠨ ᠠᠷᠠᠨᠰᠢᠨ ᠢ ᠦᠪᠯᠡᠵᠦ  ᠲᠦᠡᠭᠭᠦᠶᠢᠭᠰᠡᠨ‌‍ᠬᠦ᠋ᠭᠯᠡᠭᠡᠷ ᠠᠭᠤᠯᠠᠰ ᠨᠠᠮᠬᠠᠨ ᠲᠠᠯ᠎ᠠ   ᠲᠠᠢ ᠪᠥᠭᠡᠳ‌ᠤᠷᠳᠤ ᠶᠢᠨ ᠲᠠᠭᠤᠤ ᠰᠢᠭ ᠤᠶᠠᠩᠭᠠᠷᠠᠨ  ᠮᠤᠷᠤᠯᠵᠠᠭᠰᠡᠨ ᠭᠤᠤᠯ ᠭᠤᠷᠤᠬ᠎ᠠ᠂ ᠤᠬᠠᠭᠠᠨᠳᠤ ᠡᠪᠦᠭᠡᠳ ᠤᠨ ᠮᠦᠰᠦ ᠰᠢᠭ  ᠬᠠᠳᠠ ᠬᠠᠶᠢᠷᠠᠬᠠᠨ᠂ ᠰᠡᠳᠬᠢᠯ ᠤᠶᠠᠷᠠᠭᠠᠬᠤ ᠨᠠᠮᠤᠷ ᠤᠨ ᠬᠤᠨᠭ᠍ᠭᠤᠷ ᠰᠠᠯᠬᠢᠨ᠂ ᠬᠠᠴᠠᠷ ᠬᠠᠭᠠᠷᠢᠬᠤ ᠡᠪᠤᠯ ᠤᠨ ᠵᠢᠩᠳᠡᠭᠦᠨ ᠵᠢᠪᠡᠷ ᠪᠦᠷ ᠯᠡ ᠮᠢᠨᠤ ᠬᠦᠳᠡᠭᠡ ᠳᠤ ᠯᠠ ᠪᠠᠶᠢᠳᠠᠭ᠃   ᠡᠶᠢᠮᠦ ᠯᠡ ᠪᠠᠶᠢᠭᠠᠯᠢ ᠠᠬᠤᠢ ᠳᠤ ᠦᠰᠴᠦ  ᠲᠦᠷᠦᠭᠰᠡᠨ ᠪᠤᠯᠬᠤᠷ ︿︿ᠬᠦᠷᠡᠩ ᠴᠢᠷᠠᠶᠢᠳᠠᠢ  ᠬᠦᠳᠡᠭᠡ ᠶᠢᠨ ᠬᠦᠮᠦᠰ᠂ ᠬᠦᠮᠦᠨ ᠤ ᠶᠠᠰᠤ ᠪᠠᠷ ᠰᠠᠶᠢᠨ ᠪᠠᠶᠢᠳᠠᠭ﹀﹀ ᠬᠡᠮᠡᠨ ᠢᠷᠠᠭᠤ ᠨᠠᠶᠢᠷᠠᠭ ᠤᠨ ᠮᠦᠷ ᠪᠠᠳᠠᠭ᠂ ᠶᠡᠭᠡ ᠲᠦᠮᠡᠨ ᠤ ᠪᠠᠨ ᠵᠢᠷᠦᠬᠡ ᠰᠡᠳᠬᠢᠯ ᠳᠤ ᠮᠦᠡᠭᠭᠡᠷᠡᠭᠰᠡᠨ ᠪᠠᠶᠢᠳᠠᠭ᠃    ᠮᠠᠨᠤᠰ ᠢ ᠬᠦᠳᠡᠭᠡ ᠶᠢᠨ ᠬᠦᠮᠦᠨ ᠭᠡᠳᠡᠭ᠂ ᠲᠡᠶᠢᠮᠦ ᠡ᠂  ᠪᠢᠳᠡ ᠬᠦᠳᠡᠭᠡ ᠶᠢᠨ ᠬᠦᠮᠦᠰ︕ ᠤᠳᠤᠷ ᠨᠡᠭᠦᠳᠡᠯ ᠶᠠᠪᠤᠵᠦ ᠮᠠᠯ ᠤᠨᠤᠭ᠎ᠠ ᠬᠠᠷᠢᠭᠤᠯᠤᠨ᠂ ᠠᠮᠢᠳᠤᠷᠠᠬᠤ ᠶᠢᠨ ᠲᠦᠯᠦᠭᠡᠨ᠎ᠡ ᠲᠡᠮᠡᠴᠡᠵᠦ᠂ ᠪᠦᠳᠦᠷᠢᠵᠦ᠂ ᠪᠤᠰᠴᠦ᠂ ᠤᠬᠢᠯᠠᠵᠦ᠂ ᠪᠠᠰᠠ ᠲᠠᠭᠤᠯᠠᠵᠦ ᠶᠠᠪᠤᠳᠠᠭ  ᠬᠦᠳᠡᠭᠡ ᠵᠢᠨ‌‍ᠬᠦ᠋ᠭᠡᠷᠦᠬᠦᠢ ᠬᠦᠮᠦᠰ  ᠪᠢᠳᠡ ᠶᠤᠮᠰᠠᠨ᠃    ᠬᠦᠳᠡᠭᠡ  — ᠮᠢᠨᠤ ᠬᠦᠭᠯᠡᠬᠦ ᠮᠤᠷᠢᠨ ᠬᠤᠭᠤᠷ ᠤᠨ ᠤᠶᠠᠷᠠᠭᠤᠨ ᠠᠶᠢᠵᠠᠮ᠃ ᠲᠦᠷᠪᠡᠨ ᠴᠠᠭ ᠤᠨ ᠪᠠᠶᠢᠭᠠᠯᠢ ᠪᠠᠨ ᠲᠠᠭᠠᠵᠦ᠂ ᠲᠦᠷᠦᠭᠡᠨ ᠲᠡᠭᠡᠷ᠎ᠡ ᠪᠠᠨ ᠦᠨᠳᠡᠶᠢᠭᠰᠡᠨ ᠮᠠᠯᠴᠢᠨ ᠤᠳᠤᠮ ᠤᠨ ᠬᠢᠨᠢ᠂ ᠡᠨᠡ ᠰᠠᠶᠢᠬᠠᠨ ᠨᠤᠳᠤᠭ ᠤᠨ ᠢᠶᠠᠨ ᠡᠵᠡᠨ ᠨᠢ ᠬᠡᠮᠡᠨ᠂ ᠡᠷᠳᠡᠭᠦᠨ ᠰᠦᠷᠵᠢᠭᠦᠨ   ᠲᠠᠪᠬᠢᠭᠤᠯᠵᠦ ᠡᠬᠡ ᠪᠠᠶᠢᠭᠠᠯᠢ ᠲᠠᠢ ᠪᠠᠨ ᠵᠤᠬᠢᠴᠠᠵᠦ ᠡᠶ᠎ᠡ ᠨᠠᠶᠢᠷᠠᠳᠠᠢ ᠠᠮᠢᠳᠤᠷᠠᠨ᠎ᠠ᠃ ᠪᠠᠶᠢᠭᠠᠯᠢ ᠡᠬᠡ ᠪᠠᠶᠠᠰᠴᠦ᠂  ᠪᠤᠷᠤᠭᠠᠨ ᠴᠠᠰᠦ ᠨᠢ ᠲᠡᠭᠰᠢᠬᠡᠨ᠂ ᠵᠤᠨ ᠤ ᠲᠠᠯ᠎ᠠ ᠨᠢ ᠴᠡᠯᠭᠡᠮ᠎ᠡ ᠨᠤᠭᠤᠭᠠᠨ᠂ ᠡᠪᠤᠯ ᠤᠨ ᠬᠦᠨᠳᠡᠢ ᠨᠢ ᠮᠦᠡᠭᠭᠦᠨ ᠴᠠᠭᠠᠨ᠂ ᠦᠨᠢᠷ ᠭᠠᠨᠭ᠍ᠭᠠᠡᠭ ᠪᠠᠶᠢᠭᠠᠯᠢ ᠳᠠᠭᠠᠨ ︿︿  ᠵᠤᠨ ᠲᠠᠢ  ᠶᠤ᠋᠂ ᠵᠤᠳ ᠲᠠᠢ ᠬᠤᠷᠸ᠎ᠠ᠂᠂᠂﹀﹀ ᠬᠡᠮᠡᠨ ᠲᠦᠷᠦᠭᠡᠨ ᠲᠡᠭᠡᠷ᠎ᠡ ᠪᠠᠨ ᠦᠨᠳᠡᠶᠢᠰᠬᠢᠨ᠂ ᠠᠳᠤᠭᠤᠨ ᠤ  ᠡᠷᠢᠯ ᠳᠤ  ᠮᠤᠷᠳᠡᠨ᠂ ᠠᠶᠢᠯ ᠤᠰᠤ ᠪᠠᠷ ᠰᠤᠷᠠᠭ ᠲᠠᠯᠪᠢᠵᠦ᠂ ᠠᠶᠢᠷᠠᠭ ᠤᠤᠭᠤᠵᠦ  ᠬᠠᠭᠤᠴᠢ ᠭᠦᠭᠡᠷᠦᠨ ︿︿ ᠮᠠᠯᠠᠭᠠᠢ ᠪᠠᠨ ᠲᠠᠯᠪᠢᠪᠡᠯ ᠮᠠᠨᠠᠶᠢᠬᠢ᠂ ᠮᠠᠷᠭᠠᠰᠢ ᠶᠠᠪᠤᠪᠠᠯ ᠲᠠᠨᠠᠶᠢᠬᠢ﹀﹀ ᠬᠡᠮᠡᠨ ᠰᠡᠳᠬᠢᠯ ᠢᠳᠡᠭᠡᠯ ᠤᠨ ᠴᠠᠪ ᠦᠭᠡᠢ ᠰᠦ ᠰᠢᠭ ᠴᠠᠶᠢᠯᠭᠠᠨ ᠤᠯᠤᠰ ᠳ᠋ᠧ᠂ ᠬᠡᠨ ᠨᠢᠭᠡᠨ ᠤ ᠬᠢᠨᠢ ᠭᠠᠴᠢᠭ ᠵᠤᠪᠯᠠᠩ ᠪᠤᠯᠬᠤ ᠪᠠᠷ ᠂ ᠬᠡᠨ ᠢᠶᠠᠷ ᠴᠦ ᠬᠡᠯᠡᠬᠦᠯᠦᠯ ᠦᠭᠡᠢ ᠬᠠᠯᠠᠭᠤᠨ ᠰᠡᠳᠬᠢᠯ  ᠲᠤᠯᠠᠭᠠᠨ ᠭᠠᠷ ᠢᠶᠠᠨ ᠰᠤᠩᠭᠠᠵᠦ ︿︿ᠠᠶᠢᠯ ᠤᠰᠤᠨ ᠤ ᠠᠮᠢ ᠨᠢ ᠨᠢᠭᠡ﹀﹀ ᠬᠡᠮᠡᠨ ᠠᠯᠢ ᠪᠠᠶᠢᠭᠰᠡᠨ ᠢᠶᠠᠨ ᠲᠡᠮᠳᠡᠷᠢᠵᠦ ᠪᠠᠶᠢᠳᠠᠭ ᠤᠯᠤᠰ  ᠮᠢᠨᠤ ᠬᠦᠳᠡᠭᠡ ᠶᠢᠨ ᠬᠦᠮᠦᠰ ᠪᠢᠯᠡ᠃   ᠬᠦᠳᠡᠭᠡ ᠠᠴᠠ ᠬᠦᠮᠦᠨ ᠤ ᠠᠷᠢᠭᠤᠨ ᠴᠢᠨᠠᠷ ᠤᠷᠭᠤᠨ᠎ᠠ  ᠃ ᠲᠠᠳᠡᠨ ᠬᠤᠯᠠᠭᠠᠢ ᠬᠤᠳᠠᠯ  ᠂ ᠬᠠᠷ᠎ᠠ ᠰᠢᠨᠤᠯ  ᠢ ᠵᠢᠪᠡᠭᠦᠷᠡᠵᠦ ᠵᠢᠭᠰᠢᠨ᠎ᠡ᠃   ᠡᠷᠳᠡ ᠲᠡᠭᠡᠳᠦ ᠠᠴᠠ ᠪᠠᠨ ᠬᠦᠳᠡᠭᠡ ᠠᠮᠢᠳᠤᠷᠠᠭᠰᠡᠨ ᠮᠠᠯᠴᠢᠨ ᠤᠯᠤᠰ ᠠᠮᠢᠳᠦᠷᠠᠯ ᠤᠨ ᠵᠠᠮ ᠳᠠᠭᠠᠨ ᠭᠠᠴᠢᠭ ᠵᠤᠪᠠᠭᠤᠷᠢ ᠲᠤᠯᠭᠠᠷᠠᠵᠦ᠂ ᠲᠠᠷᠴᠢᠭ ᠬᠤᠭᠤᠰᠤᠨ ᠪᠤᠯᠤᠭᠰᠡᠨ ᠴᠦ ᠭᠤᠶᠤᠬᠤ ᠠᠴᠠ ᠪᠢᠰᠢ᠂ ᠬᠤᠯᠠᠭᠠᠢ ᠨᠤᠶᠢᠳᠡᠨ ᠬᠢᠳᠡᠭ ᠦᠭᠡᠢ᠂ ᠠᠶᠢᠯ ᠤᠨ ᠮᠠᠯ ᠤᠨᠤᠭ᠎ᠠ ᠬᠦᠳᠡᠭᠡ ᠭᠠᠳᠠᠭ᠎ᠠ  ᠬᠠᠷᠠᠭᠳᠠᠬᠤ ᠳᠤ᠂  ᠬᠤᠳᠠ ᠤᠰᠤᠨ ᠳᠤ ᠨᠢ ᠲᠦᠬᠦᠭᠦᠯᠵᠦ ᠦᠭᠭᠦᠨ᠎ᠡ᠂ ᠬᠡᠨ ᠨᠢᠭᠡᠨ ᠤ ᠬᠢᠨᠢ ᠨᠡᠭᠦᠵᠦ ᠪᠠᠭᠤᠬᠤ ᠳᠤ  ᠬᠦᠷᠰᠢ ᠵᠡᠷᠭᠡᠯᠳᠡᠭᠡ  ᠪᠠᠷ ᠢᠶᠠᠨ ᠡᠯᠪᠡᠯᠴᠡᠵᠦ᠂  ᠦᠬᠦᠵᠦ ᠲᠦᠷᠦᠬᠦ ᠶᠢᠨ ᠤᠴᠢᠷ ᠬᠠᠷᠭᠤᠬᠤ ᠳᠤ᠂  ᠡᠳᠦᠷ ᠰᠦᠨᠢ᠂ ᠰᠠᠯᠬᠢᠨ ᠪᠤᠷᠤᠭᠠᠨ ᠢ ᠬᠠᠶᠢᠬᠤᠷᠤᠯ ᠦᠭᠡᠢ᠂ ᠬᠦᠳᠦᠯᠦᠭᠡ ᠮᠤᠷᠢ ᠲᠠᠢ ᠰᠡᠭᠡᠭᠦᠯᠵᠦ ᠨᠤᠳᠤᠭ ᠤᠨ ᠡᠮᠴᠢ ᠪᠤᠶᠤ ᠡᠬᠡ ᠪᠠᠷᠢᠶᠠᠴᠢ ᠵᠠᠯᠠᠵᠦ ᠵᠤᠪᠯᠠᠩ ᠵᠢᠷᠭᠠᠯᠠᠩ ᠤᠨ ᠲᠠᠯᠠᠢ ᠶᠢ  ᠬᠠᠮᠳᠤ ᠪᠠᠷ ᠲᠤᠭᠤᠯᠤᠨ᠎ᠠ  ᠃    ᠬᠦᠳᠡᠭᠡ ᠶᠢᠨ ᠠᠭᠠᠷ ᠨᠢ ᠴᠡᠯᠮᠡᠭ᠂ ᠬᠦᠮᠦᠨ ᠨᠢ ᠶᠠᠰᠤ ᠰᠠᠶᠢᠳᠠᠢ  ᠪᠠᠶᠢᠳᠠᠭ ᠠᠴᠠ  ᠴᠡᠪᠡᠷ ᠴᠠᠶᠢᠯᠭᠠᠨ᠂ ᠠᠭᠤᠳᠠᠮ ᠪᠠᠭᠳᠠᠭᠠᠮᠵᠢ ᠲᠠᠢ᠂ ᠦᠯᠵᠡᠢ ᠪᠡᠯᠭᠡ ᠶᠢ  ᠪᠤᠳᠤᠳᠠᠭ  ᠃ ᠲᠡᠭᠡᠬᠦ ᠪᠠᠷ ︿︿  ᠦᠯᠵᠡᠢ ᠪᠤᠰᠤ ᠦᠭᠡ ᠨᠢᠭᠡ ᠶᠢ ᠬᠡᠯᠡᠬᠦ ᠳᠤ / ᠦᠷ᠎ᠡ ᠨᠢ ᠬᠦᠷᠳᠡᠯ᠎ᠡ ᠰᠡᠳᠬᠢᠯ ᠬᠦᠯᠰᠡᠵᠦ ᠰᠦᠨᠢᠵᠢᠩᠬᠡᠨ ᠤᠬᠢᠯᠠᠳᠠᠭ/ ᠦᠳᠡᠷᠢ ᠪᠠᠨ ᠰᠤᠨᠳᠠᠯ᠎ᠠ ᠱᠤᠤᠬᠢᠭᠰᠡᠨ ᠬᠦᠬᠦᠷ ᠲᠠᠢ  ᠠᠶᠢᠷᠠᠭ ᠨᠢ/ ᠦᠡᠭᠭᠡ ᠨᠢ ᠬᠦᠬᠡ ᠲᠠᠭᠠᠵᠦ ᠪᠤᠷᠤᠭᠤ ᠢᠰᠦᠨ ᠭᠦᠯᠢᠳᠡᠭ﹀﹀  ᠬᠡᠮᠡᠨ  ᠢᠷᠠᠭᠤ ᠨᠠᠶᠢᠷᠠᠭ ᠤᠨ ᠮᠦᠷ  ᠪᠠᠳᠠᠭ ᠲᠤ ᠬᠦᠳᠡᠭᠡ ᠶᠢᠨ ᠬᠦᠮᠦᠨ ᠤ ᠦᠨᠡᠨ ᠴᠠᠭᠠᠨ ᠰᠡᠳᠬᠢᠯᠭᠡ ᠠᠷᠢᠭᠤᠨ ᠬᠠᠶᠢᠷ᠎ᠠ ᠰᠢᠩᠭᠡᠭᠰᠡᠨ ᠪᠠᠶᠢᠳᠠᠭ᠃   ᠬᠦᠳᠡᠭᠡ ᠨᠤᠳᠤᠭ ᠭᠡᠳᠡᠭ ᠮᠤᠩᠭᠤᠯ ᠬᠦᠮᠦᠨ ᠤ  ᠡᠷᠳᠡᠨᠢᠳᠦ ᠰᠤᠶᠤᠯ ᠤᠨ ᠲᠠᠯᠠᠢ ᠶᠡᠭᠡ ᠰᠠᠩ ᠪᠠᠶᠢᠭ᠎ᠠ  ᠪᠤᠯᠬᠤᠷ ᠨᠡᠭᠦᠳᠡᠯ ᠠᠮᠢᠳᠦᠷᠠᠯ ᠬᠦᠳᠡᠭᠡ ᠪᠠᠶᠢᠳᠠᠭ᠂  ᠲᠦᠷᠪᠡᠨ ᠴᠠᠭ ᠤᠨ ᠨᠠᠷᠠ ᠪᠠᠨ ᠲᠠᠭᠠᠵᠦ᠂ ᠨᠡᠭᠦᠵᠦ ᠪᠠᠭᠤᠵᠦ ᠶᠠᠪᠤᠭᠰᠡᠨ  ᠬᠦᠳᠡᠭᠡ ᠵᠢᠨ‌ᠮᠠᠯᠴᠢᠨ ᠮᠤᠩᠭᠤᠯᠴᠤᠳ ᠪᠠᠶᠢᠭᠰᠡᠨ ᠠᠴᠠ ᠵᠠᠭᠤᠨ ᠵᠠᠭᠤᠨ ᠤ ᠪᠤᠭᠤᠷᠤᠯ ᠲᠤᠭᠤᠰᠤᠨ ᠲᠤᠮᠳᠠᠭᠤᠷ᠂ ᠮᠤᠩᠭᠤᠯ ᠬᠦᠮᠦᠨ᠂ ᠮᠤᠩᠭᠤᠯ ᠰᠤᠶᠤᠯ ᠢᠶᠠᠨ ᠠᠴᠢᠶᠠᠯᠠᠨ ᠶᠠᠪᠤᠭᠰᠠᠭᠠᠷ ᠮᠠᠯᠴᠢᠨ ᠵᠢᠶᠠᠭᠠᠨ ᠤ ᠬᠢᠨᠢ ᠬᠡᠯᠡ ᠰᠤᠶᠤᠯ ᠢᠶᠠᠨ  ᠬᠠᠶᠢᠯᠠᠭᠤᠯᠤᠯ ᠦᠭᠡᠢ᠂ ᠵᠠᠩ ᠵᠠᠩᠰᠢᠯ ᠢᠶᠠᠨ   ᠤᠯᠠᠮᠵᠢᠯᠠᠵᠦ ᠡᠳᠦᠢ ᠳᠡᠭᠡᠨ ᠪᠤᠯᠳᠠᠯ᠎ᠠ  ᠦᠶ᠎ᠠ ᠶᠢᠨ ᠦᠶ᠎ᠠ᠂ ᠦᠷ᠎ᠡ ᠶᠢᠨ ᠦᠷ᠎ᠡ ᠳᠡᠭᠡᠨ ᠦᠪᠯᠡᠨ ᠢᠷᠡᠭᠰᠡᠨ ᠪᠢᠯᠡ᠃    ᠬᠤᠳᠠ ᠶᠢᠨ ᠵᠠᠷᠢᠮᠠᠳ ᠨᠢ ᠭᠦᠳᠡᠭᠡ ᠭᠡᠪᠡᠯ ᠢᠷᠪᠠᠶᠢᠵᠦ᠂ ᠬᠦᠳᠡᠭᠡ ᠶᠢᠨ ᠬᠦᠮᠦᠨ ᠭᠡᠪᠡᠯ ᠬᠢᠯᠤᠶᠢᠬᠦ ᠠᠴᠠ ᠨᠠᠭᠠᠭᠤᠷ ᠠᠭᠠᠰᠢᠯᠠᠵᠦ᠂ ᠬᠦᠳᠡᠭᠡ ᠭᠡᠪᠡᠯ  ᠪᠠᠯᠠᠷ ᠡᠷᠳᠡᠨ ᠠᠴᠠ ᠪᠠᠨ ᠬᠤᠯᠠᠳᠠᠭ᠎ᠠ ᠦᠭᠡᠢ ᠪᠤᠯᠬᠢ ᠪᠦᠳᠦᠭᠦᠯᠢᠭ᠂  ᠲᠡᠨᠡᠭᠴᠤᠤᠯ ᠰᠢᠭ ᠬᠠᠷᠠᠳᠠᠵᠦ ᠵᠠᠶᠢᠳᠠᠭᠤᠬᠠᠨ ᠰᠢᠭ ᠭᠠᠷᠳᠠᠭ ᠪᠠᠶᠢᠯ᠎ᠠ᠃ ᠭᠡᠳᠡᠯ᠎ᠡ ᠤᠳᠤ ᠲᠡᠳᠡᠨᠠᠷ ᠰᠠᠶ᠋ᠢ ᠬᠦᠳᠡᠭᠡ ᠶᠢᠨ ᠴᠡᠪᠡᠷ ᠲᠤᠩᠭᠠᠯᠠᠭ ᠠᠭᠠᠷ᠂  ᠴᠡᠴᠡᠨ ᠴᠡᠯᠮᠡᠭ ᠠᠷᠠᠳ ᠲᠦᠮᠡᠨ ᠤ ᠬᠢᠨᠢ ᠤᠷ᠎ᠠ ᠤᠬᠠᠭᠠᠨ᠂ ᠠᠮᠢᠳᠤᠷᠠᠬᠤᠢ ᠶᠢᠨ  ᠤᠯᠠᠮᠵᠢᠯᠠᠯᠳᠦ ᠶᠤᠰᠤᠨ᠂  ᠬᠦᠨᠳᠦᠳᠭᠡᠯ ᠶᠡᠬᠡᠳᠠᠢ ᠶᠤᠰᠤ ᠵᠠᠶ᠋ᠢᠭ ᠢ ᠪᠠᠰᠢᠷᠡᠵᠦ ᠬᠦᠳᠡᠭᠡ ᠵᠦᠭ ᠰᠢᠭᠤᠷᠠᠬᠤ ᠪᠤᠯᠵᠠᠢ᠃  ᠭᠦᠳᠡᠭᠡ ᠰᠠᠶᠢᠬᠠᠨ᠂ ᠨᠠᠭᠠᠳᠤᠬᠤ ᠪᠠᠷ ᠶᠠᠪᠤᠶ᠎ᠠ᠂  ᠴᠡᠪᠡᠷ ᠠᠭᠠᠷ ᠠᠮᠢᠰᠬᠤᠯᠯᠠᠵᠦ᠂ ᠪᠤᠬᠢᠷᠳᠤᠯ ᠦᠭᠡᠢ ᠰᠦ ᠰᠠᠭᠠᠯᠢ ᠢᠳᠡᠵᠦ᠂ ᠬᠤᠨᠢᠨ ᠱᠦᠯᠦ ᠤᠤᠭᠤᠨ᠎ᠠ ᠬᠡᠮᠡᠨ‌ᠠᠮᠠᠷᠠᠯᠳᠠ ᠪᠤᠯᠤᠭᠰᠠᠭᠠᠷ ᠯᠠ ᠭᠡᠷ ᠪᠦᠯᠢ ᠂ ᠪᠠᠶᠢᠭᠤᠯᠭ᠎ᠠ ᠨᠢᠭᠡᠴᠢ ᠪᠠᠷ ᠢᠶᠠᠨ ᠬᠦᠳᠡᠭᠡ ᠵᠦᠭ ᠮᠠᠰᠢᠨ ᠢᠶᠠᠷ ᠲᠠᠪᠬᠢᠭᠤᠯᠤᠨ᠎ᠠ᠂  ᠲᠡᠭᠡᠷ᠎ᠡ ᠠᠴᠠ ᠲᠠᠷᠤᠭ᠎ᠠ  ᠶᠡᠬᠡᠰ ᠢᠷᠡᠪᠡᠯ ᠬᠦᠳᠡᠭᠡ ᠲᠠᠭᠠᠭᠤᠯᠵᠦ ᠨᠠᠭᠠᠳᠤᠭᠤᠯᠤᠨ᠎ᠠ᠂ ᠪᠢᠳᠡ ᠬᠦᠳᠡᠭᠡ ᠨᠤᠳᠤᠭ ᠢ ᠢᠡᠭᠬᠢᠵᠦ ᠬᠦᠭᠵᠢᠭᠦᠯᠦᠯ᠎ᠡ᠂ ᠲᠡᠭᠡᠵᠦ ᠪᠠᠶᠠᠵᠢᠭᠤᠯᠤᠯ᠎ᠠ ᠬᠡᠮᠡᠨ ᠬᠤᠳᠠᠯ ᠢᠶᠠᠷ ᠴᠤᠤᠷᠬᠠᠨ᠎ᠠ᠂ ᠦᠨᠡᠨᠳᠡᠭᠡᠨ ᠡᠳᠡᠭᠡᠷ ᠬᠦᠮᠦᠰ ᠤᠨ ᠲᠤᠳᠤᠷ᠎ᠠ ᠴᠦ ᠨᠤᠳᠤᠭ ᠤᠰᠤᠨ ᠢ  ᠦᠭᠡᠳᠡ ᠲᠠᠳᠠᠬᠤ ᠪᠠᠶᠢᠳᠤᠭᠠᠢ᠂ ᠤᠷᠤᠭᠤᠳᠠᠭᠤᠯᠵᠤ  ᠶᠠᠳᠠᠭᠤᠷᠠᠭᠤᠯᠤᠭᠰᠡᠨ ᠬᠠᠷᠢᠭᠤᠴᠠᠯᠭ᠎ᠠ ᠪᠦᠬᠦᠢ ᠬᠦᠮᠦᠰ ᠴᠦ ᠪᠠᠶᠢᠭ᠎ᠠ ᠶᠤᠮ᠂ ᠭᠡᠪᠡᠴᠦ ᠠᠭᠤᠳᠠᠮ ᠲᠡᠨᠢᠭᠡᠷ ᠬᠦᠳᠡᠭᠡ ᠮᠢᠨᠢ ᠬᠦᠮᠦᠨ ᠠᠷᠠᠳ ᠲᠠᠢ ᠪᠠᠨ ᠬᠠᠮᠳᠤ ᠠᠭᠤᠴᠢᠯᠠᠨ  ᠪᠠᠭᠳᠠᠭᠠᠵᠤ ᠯᠡ ᠪᠠᠶᠢᠳᠠᠭ᠃ ᠡᠨᠡ ᠦᠶᠡᠰ ᠮᠢᠨᠤ ᠭᠦᠳᠡᠭᠡ ᠲᠡᠳᠡᠨ ᠤ ᠵᠢᠷᠭᠠᠯ ᠤᠨ ᠤᠷᠳᠤᠨ᠂ ᠬᠦᠰᠡᠵᠦ ᠲᠡᠮᠡᠤᠯᠡᠬᠦ ᠬᠠᠶᠢᠷ᠎ᠠ ᠶᠢᠨ ᠬᠢᠨᠢ ᠦᠯᠦᠭᠡᠢ ᠪᠤᠯᠵᠤ᠂ ᠴᠡᠴᠡᠭ ᠵᠢᠮᠢᠰᠳᠦ ᠠᠭᠤᠯᠠᠨ  ᠲᠡᠭᠡᠭᠦᠷ ᠨᠢ ᠲᠤᠭᠤᠷᠢᠨ᠎ᠠ᠃  ᠴᠡᠩᠬᠡᠭ ᠠᠷᠢᠭᠤᠨ‌ᠤᠰᠤᠨ ᠲᠤᠳᠤᠷ᠎ᠠ ᠨᠢ ᠤᠮᠪᠠᠨ᠎ᠠ᠂ ᠴᠡᠯᠭᠡᠮ᠎ᠡ ᠨᠤᠭᠤᠭᠠᠨ ᠲᠠᠯ᠎ᠠ ᠲᠡᠭᠡᠭᠦᠷ ᠨᠢ ᠪᠦᠮᠪᠦᠷᠢᠨ᠎ᠡ᠂ ᠲᠡᠭᠡᠬᠦ ᠳᠡᠭᠡᠨ ᠰᠤᠶᠤᠯ ᠪᠤᠯᠪᠠᠰᠤᠨ ᠢ  ᠤᠬᠠᠳᠠᠭ ᠦᠭᠡᠢ  ᠲᠡᠳᠡᠭᠡᠷ ᠬᠦᠮᠦᠰ ᠠᠳᠡ ᠲᠡᠨᠳᠡ ᠬᠤᠭ ᠨᠤᠪᠰᠢ ᠪᠠᠨ ᠬᠠᠶᠠᠵᠦ᠂ ᠡᠷᠦᠢ ᠬᠤᠷᠤᠢ ᠦᠭᠡᠢ ᠪᠡᠶ᠎ᠡ ᠵᠠᠰᠠᠨ᠎ᠠ᠂ ᠭᠤᠤᠯ ᠤᠰᠤ ᠶᠢ  ᠪᠤᠬᠢᠷᠳᠤᠭᠤᠯᠵᠦ᠂ ᠭᠠᠨᠭ᠍ᠭᠠᠡᠭ ᠪᠠᠶᠢᠭᠠᠯᠢ ᠶᠢ   ᠪᠤᠵᠠᠷᠳᠤᠭᠤᠯᠤᠨ᠎ᠠ᠂᠂   ᠶᠡᠭᠡ ᠶᠠᠭᠤᠮ᠎ᠠ ᠮᠡᠳᠡᠳᠡᠭ᠂ ᠶᠡᠭᠡ ᠠᠷᠢᠭᠤᠨ ᠴᠡᠪᠡᠷᠴᠢ ᠬᠡᠮᠡᠨ ᠪᠡᠶ᠎ᠡ ᠪᠠᠨ  ᠲᠤᠭᠤᠳᠠᠭ ᠬᠤᠳᠠ ᠶᠢᠨ ᠬᠢᠨ ᠲᠠᠩᠰᠤᠭ ᠰᠠᠶᠢᠬᠠᠨ  ᠬᠦᠳᠡᠭᠡ ᠶᠢ ᠮᠢᠨᠢ ᠵᠢᠰᠦ ᠶᠢ ᠨᠢ ᠭᠭᠢᠷᠳᠦᠭᠦᠯᠵᠦ᠂ ᠵᠢᠷᠦᠬᠡ ᠶᠢ  ᠨᠢ ᠡᠮᠵᠢᠭᠯᠡᠭᠦᠯᠦᠨ᠎ᠡ᠃      ᠡᠶᠢᠮᠦ  ᠴᠠᠳᠤᠵᠦ ᠬᠠᠨᠤᠰᠢ ᠦᠭᠡᠢ ᠵᠡᠷᠯᠢᠭ ᠰᠢᠨᠤᠯᠳᠡᠨ ᠨᠤᠳᠤᠭ ᠵᠦᠭ ᠮᠢᠨᠢ ᠢᠪᠡᠷᠡᠭᠰᠡᠨ ᠠᠴᠠ ᠤᠳᠤ ᠮᠢᠨᠤ ᠬᠦᠳᠡᠭᠡ  ᠲᠦᠷᠢ ᠲᠦᠷᠬᠦ ᠪᠠᠨ ᠠᠯᠳᠠᠵᠦ᠂ ᠲᠠᠪᠢᠨ ᠵᠢᠯ ᠤᠨ ᠡᠮᠦᠨᠡᠬᠢ ᠮᠤᠩᠭᠤᠯ ᠬᠦᠳᠡᠭᠡ ᠪᠢᠰᠢ ᠪᠤᠯᠵᠠᠢ᠃  ᠃  ᠠᠭᠤᠯᠠ ᠠᠭᠤᠷᠬᠠᠢ ᠮᠠᠯᠳᠠᠵᠤ  ᠦᠨᠢᠷ ᠰᠠᠶᠢᠬᠠᠨ ᠲᠠᠯ᠎ᠠ ᠨᠤᠳᠤᠭ ᠮᠢᠨᠢ ᠦᠷᠦᠴᠡ ᠴᠡᠭᠡᠵᠢ ᠪᠠᠨ ᠰᠡᠭᠴᠢᠭᠦᠯᠵᠦ ᠤᠯᠠᠨ ᠮᠢᠩᠭᠠᠨ ᠤ ᠲᠤᠷᠰᠢ ᠡᠯᠢᠭᠡᠨ ᠳᠡᠭᠡᠨ ᠬᠠᠳᠠᠭᠠᠯᠠᠭᠰᠡᠨ ᠦᠨᠡᠳᠦ ᠡᠷᠳᠡᠨᠢ ᠪᠠᠨ  ᠠᠭᠤᠳᠠᠯᠤᠭᠤᠯᠵᠦ ᠰᠢᠨᠠᠯᠤᠨ ᠵᠤᠪᠠᠨ᠎ᠠ  ᠃ ᠤᠰᠤᠨ ᠤ ᠢᠷᠡᠯᠳᠡ ᠲᠠᠰᠤᠷᠠᠵᠦ᠂  ᠭᠤᠤᠯ ᠭᠤᠷᠤᠬ᠎ᠠ ᠰᠢᠷᠬᠢᠨ᠂ ᠤᠨᠢᠶᠠᠷ  ᠮᠠᠨᠠᠨ ᠪᠦᠷᠬᠦᠵᠦ᠂ ᠠᠭᠤᠳᠠᠮ ᠰᠠᠶᠢᠬᠠᠨ ᠮᠤᠩᠭᠤᠯ ᠤᠷᠤᠨ ᠮᠢᠨᠢ  ᠦᠡᠭᠭᠡ ᠵᠢᠰᠦ ᠪᠠᠨ ᠠᠯᠳᠠᠵᠦ᠂  ᠤᠷᠤᠮᠳᠤᠬᠤ ᠪᠤᠭᠤ ᠶᠢᠨ ᠲᠠᠭᠤᠨ᠂ ᠤᠶᠠᠬᠠᠨ ᠰᠢᠪᠠᠭᠤᠳ ᠤᠨ ᠵᠢᠷᠭᠡᠭᠡ ᠠᠨᠢᠷ ᠬᠤᠯᠠ ᠲᠠᠰᠤᠷᠠᠵᠠᠢ᠃ ᠮᠤᠩᠭᠤᠯᠴᠤᠳ ᠶᠡᠷᠤᠨᠢ ᠡᠷᠳᠡ ᠲᠡᠭᠡᠳᠦ ᠠᠴᠠ ᠪᠡᠨ‌ᠭᠠᠵᠠᠷ ᠤᠰᠤ ᠶᠢ ᠤᠬᠤᠵᠦ ᠰᠡᠨᠳᠡᠶᠢᠯᠡᠪᠡᠯ ᠭᠠᠵᠠᠷ ᠤᠨ ᠰᠠᠬᠢᠭᠤᠯᠰᠤᠨ ᠠᠭᠤᠷᠰᠠᠵᠦ᠂ ᠬᠦᠮᠦᠨ ᠠᠷᠠᠳ ᠲᠤ ᠭᠠᠢ ᠵᠤᠪᠯᠠᠩ ᠠᠪᠴᠢᠷᠠᠵᠦ᠂ ᠮᠠᠯ ᠰᠦᠷᠦᠭ ᠲᠤ ᠡᠪᠡᠳᠴᠢᠨ ᠭᠡᠮ ᠲᠤᠰᠤᠨ᠎ᠠ ᠭᠡᠳᠡᠭ᠂  ᠨᠡᠭᠦᠳᠡᠯ ᠪᠠᠭᠤᠳᠠᠯ ᠢᠶᠠᠷ ᠶᠠᠪᠤᠬᠤ ᠳᠠᠭᠠᠨ ᠴᠦ ᠮᠠᠯᠳᠠᠭᠰᠡᠨ ᠵᠤᠤᠬ᠎ᠠ᠂  ᠤᠶᠠᠭᠠᠨ ᠤ ᠪᠤᠯᠠᠭᠠᠷᠢ ᠶᠢᠨ ᠨᠦᠬᠡ ᠶᠢ ᠴᠦ ᠪᠤᠯᠠᠵᠤ ᠲᠡᠭᠰᠢᠯᠡᠭᠡᠳ ᠶᠠᠪᠤᠳᠠᠭ ᠤᠬᠠᠭᠠᠨᠳᠤ ᠠᠷᠠᠳ ᠲᠦᠮᠡᠨ  ᠶᠤᠮ᠃ ᠲᠡᠭᠡᠬᠦ  ᠳᠤ ᠦᠶ᠎ᠠ ᠶᠢᠨ ᠦᠶ᠎ᠠ ᠳᠤ ᠪᠠᠨ ᠦᠪᠯᠡᠵᠦ ᠢᠷᠡᠭᠰᠡᠨ  ᠤᠡᠭᠭᠤᠨ ᠲᠠᠷᠬᠠᠨ ᠨᠤᠳᠤᠭ ᠤᠰᠤ ᠶᠢ ᠨᠢ  ᠰᠡᠭᠴᠢᠨ᠎ᠡ ᠭᠡᠳᠡᠭ ᠲᠠᠳᠡᠨ ᠤ ᠦᠷᠦ ᠵᠢᠷᠦᠬᠡᠨ ᠳᠤ ᠨᠢ ᠬᠢᠳᠤᠭ᠎ᠠ  ᠪᠦᠯᠢᠭᠰᠡᠨ ᠶᠠᠪᠤᠳᠠᠯ ᠪᠢᠰᠢ ᠭᠡᠵᠢ ᠤᠤ  ︖ ᠡᠯᠡᠰᠦᠨ ᠤ ᠨᠡᠭᠦᠳᠡᠯ᠂ ᠰᠢᠷᠤᠢ ᠶᠢᠨ ᠰᠢᠭᠤᠷᠭ᠎ᠠ ᠶᠢᠨ ᠭᠠᠮᠰᠢᠭ ᠤᠨ ᠠᠯᠢᠪᠠ ᠮᠠᠭᠤ ᠶᠢ ᠮᠠᠯ ᠠᠵᠤ ᠠᠬᠤᠢ ᠳᠤ ᠲᠤᠬᠢᠵᠦ᠂   ︿︿ᠮᠠᠯ ᠢ ᠬᠠᠰᠢᠶᠠᠯᠠᠬᠤ﹀﹀ ᠭᠡᠳᠡᠭ ᠮᠤᠨᠳᠠᠭ  ᠪᠤᠳᠤᠯᠭ᠎ᠠ ᠬᠡᠷᠡᠭᠵᠢᠭᠰᠡᠨ ᠠᠴᠠ  ᠪᠠᠶᠢᠭᠠᠯᠢ ᠶᠢᠨ ᠢᠶᠠᠨ ᠵᠢᠮ᠎ᠡ ᠪᠠᠷ ᠪᠡᠯᠴᠢᠭᠡᠷ ᠤᠰᠤ ᠪᠠᠨ ᠲᠠᠭᠠᠨ᠂ ᠤᠡᠭᠭᠤᠨ ᠲᠠᠷᠬᠠᠨ ᠦᠰᠦᠭᠰᠡᠨ‌ᠠᠳᠤᠭᠤ  ᠮᠠᠯ ᠢ ᠮᠢᠨᠢ ᠲᠡᠮᠦᠷ ᠰᠡᠷᠡᠯᠵᠢᠨ ᠲᠤᠤᠷ ᠲᠤ  ᠬᠠᠰᠢᠶᠠᠯᠠᠪᠠ  ᠃  ᠭᠡᠪᠡᠴᠦ ᠪᠠᠰᠠᠯᠠ‌ᠠᠭᠤᠷ ᠠᠮᠢᠰᠬᠤᠯ ᠵᠢᠯ ᠠᠴᠠ ᠵᠢᠯ ᠭᠠᠨᠭ᠍ᠳᠠᠵᠦ  ᠪᠡᠯᠴᠢᠭᠡᠷ ᠤᠨ ᠤᠷᠭᠤᠴᠠ ᠡᠳᠦᠷ ᠢᠷᠡᠭᠦᠶ᠎ᠡ ᠮᠠᠭᠤᠳᠠᠵᠦ᠂ ᠮᠠᠯ ᠨᠢ ᠲᠠᠷᠭᠤ  ᠭᠦᠴᠦ ᠠᠪᠬᠤ ᠦᠭᠡᠢ᠂ ᠪᠠᠶᠠᠨ ᠲᠠᠩᠰᠤᠭ  ᠬᠦᠳᠡᠭᠡ ᠮᠢᠨᠢ᠂ ᠪᠠᠯᠠᠷᠠᠵᠦ ᠲᠠᠭᠤᠰᠬᠤ  ᠰᠢᠬᠠᠵᠦ ᠪᠠᠶᠢᠨ᠎ᠠ  ᠃ ᠪᠡᠯᠴᠢᠭᠡᠷ ᠨᠤᠳᠤᠭ ᠬᠤᠪᠢᠶᠠᠵᠦ ᠮᠠᠯ ᠬᠠᠰᠢᠶᠠᠯᠠᠭᠰᠡᠨ ᠠᠴᠠ ᠨᠠᠭᠠᠰᠢ᠂   ᠬᠦᠳᠡᠭᠡ ᠵᠢᠨ‌ᠨᠡᠶᠢᠭᠡᠮ ᠤᠨ  ᠨᠠᠮ ᠲᠠᠶᠢᠪᠤᠡᠭ ᠪᠠᠶᠢᠳᠠᠯ  ᠂  ᠬᠦᠮᠦᠨ ᠬᠦᠮᠦᠨ ᠳᠡᠭᠡᠨ ᠲᠠᠮ ᠲᠤᠰᠠᠳᠠᠢ ᠶᠠᠪᠤᠬᠤ  ᠨᠡᠶᠢᠳᠡᠴᠢ ᠰᠡᠳᠬᠢᠯᠭᠡ ᠦᠭᠡᠢ ᠪᠤᠯᠵᠦ ᠬᠤᠪᠢᠨᠴᠢᠷ ᠭᠡᠳᠡᠭ ᠬᠦᠮᠦᠨ ᠤ ᠤᠤᠷ  ᠴᠢᠨᠠᠷ ᠠᠴᠠ ᠪᠤᠯᠤᠭᠠᠳ ᠠᠷᠢᠭᠤᠨ ᠮᠤᠩᠭᠤᠯ ᠠᠷᠠᠨᠰᠢᠨ ᠭᠡᠭᠡᠭᠳᠡᠵᠦ᠂ ᠠᠪᠤ ᠭᠦᠦ ᠴᠦ ᠠᠰᠢᠭ  ᠵᠤᠭᠤᠰ ᠬᠡᠮᠡᠨ  ᠠᠷᠢᠭᠤᠨ ᠴᠢᠰᠤᠨ ᠤ ᠬᠡᠯᠬᠢᠶ᠎ᠡ ᠪᠠᠨ ᠮᠠᠷᠳᠠᠵᠦ ᠪᠤᠢ᠃ ᠬᠤᠯᠠ ᠠᠴᠠ ᠬᠤᠰᠢᠭᠤ ᠠᠶᠢᠮᠠᠭ ᠢ  ᠲᠤᠷᠠᠳᠬᠤ ᠪᠠᠨ ᠪᠠᠶᠢᠶ᠎ᠠ᠂ ᠤᠶᠢᠷ᠎ᠠ ᠶᠢᠨ ᠰᠤᠮᠤ ᠭᠠᠴᠠᠭ᠎ᠠ ᠴᠦ ᠬᠤᠭᠤᠷᠤᠨᠳᠤ ᠪᠠᠨ ᠨᠤᠳᠤᠭ ᠪᠡᠯᠴᠢᠭᠡᠷ ᠬᠡᠮᠡᠨ‌ᠦᠪᠡᠷ ᠵᠠᠭᠤᠷ᠎ᠠ ᠪᠠᠨ ︿︿ ᠭᠠᠳᠠ ᠮᠡᠶᠢᠷᠡᠨ﹀﹀ ᠪᠤᠯᠵᠠᠭᠠᠵᠤ ᠴᠢᠰᠤᠳᠤ ᠮᠦᠷᠭᠦᠯᠳᠦᠭᠡᠨ᠂ ᠴᠢᠨᠠᠭᠰᠢᠯᠠᠪᠠᠯ  ᠤᠶᠢᠷ᠎ᠠ ᠲᠦᠷᠦᠯ᠂ ᠲᠦᠷᠦᠭᠰᠡᠨ ᠠᠬ᠎ᠠ ᠲᠡᠭᠦᠦ  ᠴᠦ ᠨᠤᠳᠤᠭ ᠪᠡᠯᠴᠢᠭᠡᠷ ᠤᠨ ᠵᠢᠭᠤᠷᠠᠭᠠᠨ ᠢᠶᠠᠷ ᠬᠡᠷᠡᠭᠦᠯ ᠪᠤᠯᠵᠦ᠂  ᠬᠤᠭᠤᠷᠤᠨᠳᠤ ᠪᠠᠨ‌ᠠᠯᠠᠵᠦ ᠪᠤᠯᠠᠬᠤ ᠬᠡᠷᠡᠭ ᠲᠠᠰᠤᠷᠠᠯᠳᠠ ᠦᠭᠡᠢ ᠭᠠᠷᠴᠦ ᠪᠤᠢ  ᠃ ᠤᠰᠤ ᠨᠤᠳᠤᠭ ᠢᠶᠠᠨ ᠪᠤᠰᠤᠳ ᠲᠤ ᠬᠤᠳᠠᠯᠳᠤᠴᠢᠬᠠᠭᠠᠳ ᠤᠯᠤᠭᠰᠡᠨ ᠬᠡᠳᠦᠨ ᠮᠦᠡᠭᠭᠦ ᠪᠠᠷ ᠢᠶᠠᠨ ᠮᠦᠷᠦᠢ ᠲᠠᠢ ᠨᠠᠭᠠᠳᠤᠮ ᠳᠤ ᠰᠢᠨᠤᠭᠴᠢ᠂ ᠮᠠᠶᠢᠮᠠᠢ ᠱᠤᠤᠮᠠᠢ ᠡᠷᠬᠢᠭᠦᠯᠦᠭᠡᠳ ᠬᠦᠷᠪᠡᠳᠡᠯ᠎ᠡ   ᠮᠡᠬᠡᠯᠡᠭᠳᠡᠭᠴᠢ ᠬᠦᠳᠡᠭᠡ ᠳᠤ ᠮᠢᠨᠢ  ᠪᠠᠰᠠ ᠮᠤᠩ ᠦᠭᠡᠢ ᠳ᠋ᠡ᠂ ᠲᠡᠭᠡᠭᠡᠳ ᠤᠳᠤ ᠨᠤᠳᠤᠭ ᠴᠦ ᠦᠭᠡᠢ᠂ ᠮᠦᠡᠭᠭᠦ  ᠴᠦ ᠦᠭᠡᠢ᠂ ᠶᠤᠰᠤᠳᠠᠢ ︿︿ᠤᠷᠤᠬᠤ ᠭᠡᠷ᠂ ᠤᠤᠭᠤᠴᠢᠬᠤ ᠠᠶᠠᠭ᠎ᠠ ᠦᠭᠡᠢ﹀﹀  ᠤᠯᠠᠭᠠᠨ ᠨᠢᠴᠦᠭᠦᠨ ᠭᠤᠶᠢᠷᠠᠨᠴᠢ ᠴᠦ ᠭᠠᠷᠴᠦ ᠪᠤᠢ᠃  ᠡᠨᠡ ᠪᠦᠬᠦᠨ ᠢ ᠪᠤᠰᠤᠳ ᠲᠤ ᠨᠦᠮᠦᠷᠭᠡᠬᠦ ᠶᠢᠨ ᠴᠦ ᠠᠷᠭ᠎ᠠ ᠦᠭᠡᠢ ᠪᠢᠯᠡ᠂ ᠦᠪᠡᠷ ᠢ ᠪᠠᠨ ᠠᠪᠤᠷᠠᠬᠤ᠂ ᠦᠪᠡᠷ ᠢ ᠪᠠᠨ ᠲᠡᠩᠭᠡᠷᠡᠭᠦᠯᠬᠦ ᠳᠤ ᠪᠤᠰᠤᠳ ᠢ ᠴᠢᠷᠠᠶᠢᠳᠠᠨ᠎ᠠ ᠭᠡᠳᠡᠭ  ᠶᠤᠰᠤᠳᠠᠢ ᠮᠦᠬᠦᠯ ᠤᠨ ᠵᠠᠮ ᠢᠶᠠᠨ ᠰᠤᠩᠭᠤᠵᠦ ᠪᠠᠶᠢᠭ᠎ᠠ  ᠬᠡᠷᠡᠭ ᠶᠤᠮ᠃ ᠮᠠᠯ ᠨᠢ ᠬᠠᠰᠢᠶᠠᠯᠠᠭᠳᠠᠬᠤ ᠪᠠᠷ ᠨᠤᠳᠤᠭ ᠨᠢ  ᠪᠤᠰᠤᠳ ᠲᠤ ᠡᠵᠡᠯᠡᠭᠳᠡᠵᠦ᠂ ᠨᠤᠳᠤᠭ ᠢᠶᠠᠨ ᠠᠯᠳᠠᠬᠤ ᠪᠠᠷ ᠰᠤᠶᠤᠯ   ᠨᠢ ᠤᠷᠬᠢᠭᠳᠡᠵᠦ ᠨᠢᠭᠡᠨ ᠠᠭᠤᠤ ᠶᠡᠭᠡ  ᠬᠦᠭᠰᠢᠨ ᠪᠠᠭᠤᠷᠠᠢ ᠦᠨᠳᠦᠰᠦᠳᠡᠨ ᠲᠡᠤᠬᠡ ᠶᠢᠨ ᠦᠨᠳᠦᠷ ᠲᠠᠪᠠᠭᠠᠨ ᠲᠡᠭᠡᠷ᠎ᠡ ᠠᠯᠬᠤᠬᠤ ᠪᠠᠶᠢᠳᠤᠭᠠᠢ᠂ ᠮᠦᠯᠬᠦᠬᠦ ᠳᠡᠭᠡᠨ ᠴᠦ ᠬᠦᠴᠢᠷᠳᠡᠬᠦ ᠪᠤᠯᠵᠠᠢ᠃       ᠬᠦᠮᠦᠨ ᠠᠷᠠᠳ ᠨᠢ ᠠᠮᠤᠭᠤᠯᠠᠩ᠂ ᠬᠦᠯᠦᠭ  ᠮᠤᠷᠢᠳ ᠨᠢ  ᠤᠮᠤᠭᠯᠠᠩ  ᠤᠷᠢᠳᠤ ᠵᠢᠨ‌‍ᠰᠠᠶᠢᠬᠠᠨ  ᠬᠦᠳᠡᠭᠡ ᠮᠢᠨᠢ ᠤᠳᠤ  ᠵᠦᠪᠬᠡᠨ ᠵᠢᠷᠤᠭ ᠰᠡᠭᠦᠳᠡᠷ ᠠᠴᠠ ᠬᠠᠷᠠᠬᠤ ᠪᠤᠶᠤ ᠵᠤᠬᠢᠶᠠᠯ ᠨᠠᠶᠢᠷᠠᠭ  ᠳᠤ ᠯᠠ ᠬᠠᠷᠠᠭᠳᠠᠬᠤ ᠶᠢᠨ ᠠᠶᠤᠩᠭᠤᠷᠢ ᠲᠠᠢ ᠪᠤᠯᠵᠠᠢ᠂  ᠤᠷᠴᠢᠮ ᠠᠴᠠ ᠪᠠᠰᠠ ᠡᠷᠬᠡ ᠵᠢᠩᠰᠡᠳᠡᠨ ᠨᠦ᠋ᠭᠦᠳ‌ᠡᠯᠵᠢᠭᠡ ᠭᠠᠭ᠋ᠠᠢ ᠲᠡᠵᠢᠭᠡᠬᠦ ᠰᠠᠭᠤᠷᠢᠨ ᠪᠠᠶᠢᠭᠤᠯᠤᠨ᠎ᠠ ᠬᠡᠮᠡᠨ ᠡᠯᠳᠡᠪ ᠢᠶᠠᠷ ᠠᠭᠠᠰᠢᠯᠠᠨ᠎ᠠ᠂ ᠡᠯᠵᠢᠭᠡ ᠭᠠᠭ᠋ᠠᠢ ᠠᠷᠪᠢᠳᠤᠪᠠᠯ ᠮᠤᠩᠭᠤᠯ  ᠮᠦᠬᠦᠬᠦ ᠶᠢᠨ  ᠲᠡᠮᠳᠡᠭ᠂ ᠡᠷᠮ᠎ᠡ ᠰᠢᠷᠡᠯᠵᠢ ᠤᠯᠳᠠᠪᠠᠯ ᠪᠡᠯᠴᠢᠭᠡᠷ ᠮᠠᠭᠤᠳᠠᠬᠤ ᠶᠢᠨ  ᠰᠢᠨᠵᠢ ᠭᠡᠳᠡᠭ᠂ ᠨᠦᠷᠢᠵᠦ ᠢᠷᠡᠬᠦ ᠬᠠᠷ᠎ᠠ ᠠᠶᠤᠯ᠂ ᠮᠢᠨᠤ ᠬᠦᠳᠡᠭᠡ ᠶᠢ ᠵᠠᠯᠬᠢᠮᠠᠷ ᠪᠤᠯᠵᠦ ᠪᠤᠢ᠂ ᠤᠬᠠᠭᠠᠨᠳᠤ ᠲᠦᠮᠡᠨ ᠮᠢᠨᠢ ᠤᠤᠬᠠᠢ ᠬᠠᠰᠬᠢᠷᠤᠨ ᠨᠢᠳᠤᠷᠭ᠎ᠠ  ᠵᠠᠩᠬᠢᠳᠴᠦ ᠪᠦᠯᠬᠦᠮᠳᠡᠬᠦ ᠶᠢᠨ ᠴᠠᠭ ᠶᠠᠭᠠᠬᠢᠬᠤ ᠶᠢᠨ ᠠᠷᠭ᠎ᠠ ᠦᠭᠡᠢ ᠲᠤᠯᠵᠦ ᠢᠷᠡᠵᠠᠢ᠃      ᠪᠠᠶᠢᠭᠠᠯᠢ ᠭᠡᠳᠡᠭ  ᠦᠨᠡᠨᠳᠡᠭᠡᠨ ᠬᠡᠴᠢᠨᠡᠭᠡᠨ ᠪᠠᠯᠠᠷᠯᠢᠭ  ᠢᠶᠠᠷ ᠢᠶᠠᠨ ᠪᠠᠶᠢᠪᠠᠯ ᠰᠠᠶ᠋ᠢ ᠲᠡᠳᠦᠶᠢᠴᠢᠨᠡᠭᠡᠨ ᠠᠮᠢᠵᠠᠷᠠᠯ ᠤᠨ ᠬᠦᠴᠦᠨ ᠪᠠᠶᠢᠳᠠᠭ ᠠᠵᠠᠢ  ᠂ ᠬᠦᠳᠡᠭᠡ ᠮᠠᠨᠢ᠂ ᠮᠠᠯᠴᠢᠳ  ᠮᠠᠨᠢ᠂  ᠮᠠᠯ ᠠᠵᠤ ᠠᠬᠤᠢ ᠮᠠᠨᠢ ᠪᠠᠶᠢᠪᠠᠯ ᠮᠤᠩᠭᠤᠯ ᠰᠤᠶᠤᠯ ᠮᠢᠨᠢ  ᠮᠦᠡᠭᠬᠡ ᠤᠷᠤᠰᠢᠨ᠎ᠠ᠂ ᠡᠨᠡ ᠰᠠᠶᠢᠬᠠᠨ ᠪᠠᠶᠠᠨ ᠲᠠᠩᠰᠤᠭ ᠪᠠᠶᠢᠭᠠᠯᠢ᠂ ᠬᠦᠮᠦᠨ ᠠᠷᠠᠳ ᠪᠤᠯ ᠲᠡᠯᠡᠬᠡᠢ ᠶᠢᠨ ᠰᠤᠶᠤᠯ ᠤᠨ ᠦᠪ ᠪᠠᠶᠢᠭ᠎ᠠ ᠶᠤᠮ ᠡ᠂ ᠨᠢᠳᠦᠨ ᠡᠮᠦᠨᠡᠬᠢ ᠦᠴᠦᠬᠡᠨ ᠠᠰᠢᠭ ᠡᠴᠠ‌‍ᠪᠤᠯᠵᠤ ᠭᠠᠵᠠᠷ ᠨᠤᠳᠤᠭ ᠢᠶᠠᠨ ᠪᠤᠰᠤᠳ ᠲᠤ ᠬᠤᠳᠠᠯᠳᠤᠬᠤ ᠶᠠᠪᠤᠳᠠᠯ ᠦᠶ᠎ᠡ ᠦᠶ᠎ᠡ ᠶᠢᠨ ᠲᠡᠤᠬᠡᠨ ᠳᠤ ᠭᠠᠷᠴᠦ ᠪᠠᠶᠢᠭᠰᠡᠨ ᠪᠦᠭᠡᠳ᠂ ᠤᠳᠤ ᠮᠦᠨ ᠴᠦ ᠦᠷᠭᠦᠯᠵᠢᠯᠡᠭᠰᠡᠭᠡᠷ ᠪᠠᠶᠢᠨ᠎ᠠ᠂  ︿︿ᠮᠢᠨᠤ ᠨᠤᠳᠤᠭ ᠤᠨ ᠭᠠᠵᠠᠷ ᠰᠢᠷᠤᠢ ᠠᠴᠠ ᠪᠤᠷᠬᠠᠨ ᠭᠤᠶᠤᠭᠰᠡᠨ ᠴᠦ ᠪᠤᠤ ᠦᠭ﹀﹀ ᠭᠡᠵᠦ ᠭᠠᠯᠳᠠᠨ ᠪᠤᠱᠤᠭᠳᠤ ᠨᠢᠳᠦ ᠡᠷᠡᠶᠢᠨ ᠵᠠᠩᠳᠤᠴᠢᠭᠰᠡᠨ ᠠᠴᠠ ᠤᠳᠤ ᠪᠤᠯᠳᠠᠯ᠎ᠠ ᠬᠡᠳᠦᠨ ᠵᠠᠭᠤᠨ ᠢ ᠦᠡᠭᠭᠡᠷᠡᠭᠰᠡᠨ ᠮᠤᠩᠭᠤᠯᠴᠤᠳ ᠭᠠᠵᠠᠷ ᠨᠤᠳᠤᠭ ᠢᠶᠠᠨ ᠠᠯᠳᠠᠬᠤ ᠶᠢᠨ ᠭᠠᠴᠢᠭ ᠵᠤᠪᠯᠠᠩ ᠳᠤ ᠲᠡᠯᠴᠢᠯᠡᠬᠦ ᠳᠡᠭᠡᠨ ︿︿ᠲᠠᠯ᠎ᠠ ᠨᠤᠳᠤᠭ ᠤᠨ ᠨᠤᠭᠤᠭᠠᠨ ᠠᠮᠢ ᠨᠠᠰᠤ ᠶᠢᠨ ᠲᠦᠯᠦᠭᠡ  ᠤᠯᠠᠭᠠᠨ ᠴᠢᠰᠤ ᠪᠠᠨ ᠠᠰᠬᠠᠭᠰᠠᠨ  ﹀﹀ ᠤᠴᠢᠷ ᠴᠦ ᠤᠯᠠᠨ ᠭᠠᠷᠤᠭᠰᠠᠨ ᠪᠠᠶᠢᠭ᠎ᠠ ᠶᠤᠮ ᠡ᠂ ᠲᠡᠶᠢᠮᠦ ᠡ︕ ︿︿ᠭᠠᠵᠠᠷ ᠨᠤᠳᠤᠭ ᠢᠶᠠᠨ ᠠᠯᠳᠠᠬᠤ ᠨᠢ ᠨᠢᠭᠡᠨ ᠴᠠᠭ ᠤᠨ ᠠᠷᠢᠬᠢ ᠲᠠᠷᠠᠰᠤᠨ᠂ ᠡᠭᠡᠭᠦᠯᠦᠨ ᠠᠪᠴᠢᠷᠠᠬᠤ ᠳᠤ ᠲᠦᠮᠡᠨ ᠦᠶ᠎ᠡ ᠶᠢᠨ ᠴᠢᠰᠦ ᠨᠢᠯᠪᠤᠰᠤᠨ﹀﹀ ᠬᠡᠮᠡᠨ  ᠬᠦᠳᠡᠭᠡ ᠶᠢᠨ ᠬᠦᠮᠦᠰ᠂ ᠬᠠᠤᠯᠢ ᠪᠤᠰᠤ ᠠᠵᠤ ᠠᠬᠤᠶᠢᠯᠠᠯ᠂  ᠬᠦᠳᠡᠭᠡ ᠨᠤᠳᠤᠭ ᠲᠤ ᠦᠯᠦ ᠲᠤᠬᠢᠷᠠᠬᠤ ᠠᠷᠠᠯᠵᠢᠶ᠎ᠠ ᠬᠡᠯᠡᠯᠴᠡᠭᠡᠷ ᠲᠤ  ᠲᠤᠷ᠎ᠠ ᠦᠭᠡᠶᠢᠴᠡᠵᠦ᠂ ᠴᠢᠳᠠᠯ ᠨᠢ ᠬᠦᠷᠬᠦ ᠦᠭᠡᠢ ᠴᠦ᠂ ᠵᠢᠷᠦᠬᠡᠨ ᠴᠢᠰᠦ ᠪᠠᠨ ᠪᠤᠷᠬᠢᠯᠤᠭᠤᠯᠤᠨ᠂ ᠨᠠᠮ ᠵᠠᠰᠠᠭ ᠲᠠᠭᠠᠨ ᠨᠠᠶᠢᠳᠠᠪᠤᠷᠢ ᠢᠳᠡᠭᠡᠯ ᠢᠶᠠᠨ ᠲᠤᠰᠢᠶᠠᠵᠦ ᠨᠠᠨᠳᠢᠨ ᠬᠠᠶᠢᠷ᠎ᠠ ᠂ ᠵᠦᠪ ᠰᠢᠢᠳᠪᠦᠷᠢ ᠨᠢ ᠬᠤᠷ᠎ᠠ ᠪᠤᠯᠤᠨ  ᠪᠠᠭᠤᠬᠤ ᠶᠢ ᠬᠦᠰᠡᠨ ᠪᠠᠶᠢᠨ᠎ᠠ᠃    ᠬᠦᠳᠡᠭᠡ ᠮᠢᠨᠢ ᠦᠭᠡᠢ ᠪᠤᠯᠪᠠᠯ ᠬᠦᠮᠦᠨ ᠲᠦᠷᠦᠯᠬᠢᠳᠡᠨ ᠢ ᠬᠦᠭᠵᠢᠯ  ᠲᠠᠪᠰᠢᠯ ᠳᠤ ᠬᠦᠴᠦ ᠲᠠᠮᠢᠷ ᠢᠶᠠᠨ ᠡᠷᠭᠦᠵᠦ ᠶᠠᠪᠤᠭᠰᠡᠨ ᠮᠤᠩᠭᠤᠯ ᠶᠠᠰᠤᠳᠡᠨ ᠤ ᠰᠤᠶᠤᠯ ᠤᠨ ᠬᠢᠨᠢ ᠡᠬᠢ ᠤᠨᠳᠤᠷᠤᠭ᠎ᠠ ᠦᠭᠡᠢ ᠪᠤᠯᠤᠨ᠎ᠠ᠂ ᠬᠦᠯᠦᠭ ᠮᠤᠷᠢᠨ ᠳ᠋ᠠᠭᠠᠨ‌‍ᠬᠡᠯᠳᠡᠭᠡᠢ ᠰᠠᠭᠤᠵᠦ᠂ ᠬᠦᠮᠦᠨ ᠢᠶᠠᠷ ᠭᠦᠳᠦᠯᠦᠭᠦᠯᠵᠦ ᠪᠠᠶᠢᠭᠰᠡᠨ ᠠᠴᠠ᠂ ᠬᠦᠮᠦᠨ ᠢ ᠤᠨᠤᠭᠤᠯᠵᠤ᠂ ᠦᠪᠡᠷ ᠢᠶᠠᠨ ᠬᠦᠳᠦᠯᠬᠦ ᠪᠤᠯᠤᠭᠰᠡᠨ ᠭᠤᠨᠢᠭᠳᠤ ᠵᠦᠴᠦᠭᠡ ᠨᠢ ᠮᠠᠨᠤᠰ ᠤᠨ ᠰᠡᠬᠡᠭᠡᠷᠡᠨ ᠤᠬᠠᠭᠠᠷᠠᠬᠤ ᠶᠢᠨ ᠤᠷᠠᠶᠢᠯᠠᠨ ᠪᠤᠢ  ᠃           ᠬᠦᠬᠡ ᠤᠭᠳᠠᠷᠭᠤᠢ ᠳᠤ ᠲᠤᠭᠤᠰᠤᠨ ᠮᠠᠨᠠᠷᠠᠭᠠᠳ           ᠬᠦᠳᠡᠭᠡ ᠲᠠᠯ᠎ᠠ ᠳᠤ ᠮᠠᠰᠢᠨ ᠰᠦᠯᠵᠢᠯᠳᠤᠨ᠎ᠠ           ᠬᠠᠶᠢᠷᠠᠳᠤ ᠨᠤᠳᠤᠭ  ᠮᠢᠨᠢ ᠦᠷᠦᠴᠡ ᠪᠠᠨ ᠠᠭᠤᠳᠠᠯᠠᠭᠤᠯᠤᠭᠠᠳ           ᠬᠠᠯᠠᠭᠤᠨ ᠬᠤᠰᠢᠭᠤᠳᠤ ᠮᠢᠨᠤ ᠬᠤᠷᠤᠭᠠᠨ ᠳᠠᠭᠠᠨ ᠦᠯᠪᠡᠷᠦᠭᠡᠳ᠂᠂᠂     ᠪᠢ ᠬᠦᠳᠡᠭᠡ ᠶᠢᠨ ᠭᠦᠦ ᠪᠤᠯᠬᠤᠷ᠂ ᠭᠦᠷᠡᠩ ᠵᠢᠷᠦᠬᠡ ᠮᠢᠨᠢ ᠬᠡᠵᠢᠶᠡᠳᠡ ᠬᠦᠳᠡᠭᠡ ᠵᠦᠭ ᠵᠶ᠋ᠡᠨ‌‍ᠴᠤᠬᠢᠯᠠᠨ᠎ᠠ᠃           ᠬᠠᠶ᠋ᠢᠭ᠄   ᠬᠡᠰᠢᠭᠳᠡᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ       ᠤᠳᠠᠰᠤ᠄  13847627172 ︵那森吉雅︶       ᠰᠢᠤᠳᠡᠨ᠄  025350
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号