ᠪᠢ  ᠮᠣᠩᠭᠤᠯ  ᠪᠣᠯᠵᠦ  ᠵᠠᠶᠠᠭᠠᠭᠰᠠᠨ  ᠳᠠᠭᠠᠨ  ᠣᠮᠣᠭᠰᠢᠨ᠎ᠠ
ᠨᠡᠶᠢᠲᠡᠯᠡᠭᠰᠡᠨ ᠴᠠᠭ᠄
2020/11/23
              ᠪᠠ᠊᠂ ᠣᠳᠽᠡᠷᠰᠠᠷᠠᠭᠤᠯ ᠠᠭᠤᠳᠠᠮ ᠬᠤᠷᠴᠢᠨ ᠤ ᠲᠠᠯ᠎ᠠ ᠨᠤᠲᠤᠭ ᠲᠠᠭᠠᠨ ᠲᠦᠷᠦᠯ᠎ᠡ ᠪᠢᠰᠠᠨᠰᠠᠷ ᠲᠤ ᠭᠠᠷᠬᠤ ᠬᠦᠰᠡᠯᠡᠩ ᠢ ᠡᠪᠦᠷᠯᠡᠵᠦ ᠶᠠᠪᠤᠵᠦ ᠢᠷᠡᠯ᠎ᠡ ᠪᠢᠲᠠᠯ᠎ᠠ ᠶᠢᠨ ᠴᠠᠭᠠᠨ᠎ᠠ ᠲᠠᠯ᠎ᠠ ᠤᠰᠤᠨ ᠤ ᠴᠠᠭᠠᠨ᠎ᠠ ᠤᠰᠤ ᠪᠠᠶᠢᠳᠠᠭ ᠢᠲᠠᠯ᠎ᠠ ᠨᠤᠲᠤᠭ ᠤᠨ ᠮᠠᠯᠴᠢᠨ ᠲᠦᠮᠡᠨ ᠠᠴᠠ ᠪᠠᠨ ᠰᠤᠷᠴᠤ ᠶᠠᠪᠤᠯ᠎ᠠ ᠪᠢ︕ᠪᠢ ᠮᠣᠩᠭᠤᠯ ᠪᠣᠯᠵᠦ ᠵᠠᠶᠠᠭᠠᠭᠰᠠᠨ ᠳᠠᠭᠠᠨ ᠣᠮᠣᠭᠰᠢᠨ᠎ᠠ᠃ᠪᠣᠰᠤᠭ᠎ᠠ ᠴᠣᠭᠴᠠᠳᠤ ᠮᠣᠩᠭᠤᠯ ᠦᠰᠦᠭ ᠢᠶᠠᠨ ᠰᠤᠷᠴᠤ ᠶᠠᠪᠤᠯ᠎ᠠ ᠪᠢᠪᠣᠯᠤᠷ ᠰᠢᠯ ᠰᠢᠭ᠋ ᠪᠤᠯᠠᠭ ᠤᠨ ᠤᠰᠤ ᠶᠢ ᠤᠤᠭᠤᠵᠤ ᠥᠰᠦᠯ᠎ᠡ ᠪᠢᠪᠣᠷᠬᠠᠨ ᠲᠠᠯ᠎ᠠ ᠶᠢᠨ ᠪᠤᠲᠠ ᠪᠤᠷᠭᠠᠰᠤ ᠪᠠᠨ ᠬᠠᠮᠠᠭᠠᠯᠠᠵᠤ ᠶᠠᠪᠤᠯ᠎ᠠ ᠪᠢᠪᠣᠯᠪᠠᠰᠤᠨ ᠵᠠᠩ ᠵᠠᠩᠰᠢᠯ ᠢ ᠨᠢ ᠨᠠᠰᠤᠲᠠᠨ ᠡᠪᠦᠭᠡᠳ ᠠᠴᠠ ᠰᠤᠷᠬᠠᠯᠠᠵᠤ ᠶᠠᠪᠤᠯ᠎ᠠ ᠪᠢ︕ᠪᠢ ᠮᠣᠩᠭᠤᠯ ᠪᠣᠯᠵᠤ ᠵᠠᠶᠠᠭᠠᠭᠰᠠᠨ ᠳᠠᠭᠠᠨ ᠣᠮᠣᠭᠰᠢᠨ᠎ᠠ᠃ᠮᠣᠩᠭᠤᠯ ᠦᠨᠳᠦᠰᠦᠲᠡᠨ ᠤ ᠪᠠᠨ ᠬᠤᠶᠢᠴᠢᠰ ᠪᠣᠯᠵᠦ ᠲᠦᠷᠦᠯ᠎ᠡ ᠪᠢᠮᠣᠬᠤᠰᠢ ᠦᠭᠡᠢ ᠵᠣᠷᠢᠭ ᠢᠶᠠᠷ ᠦᠭᠡ ᠬᠡᠯᠡ ᠪᠠᠨ ᠰᠤᠷᠴᠤ ᠶᠠᠪᠤᠯ᠎ᠠ ᠪᠢ︽ᠨᠢᠭᠤᠴᠠ ᠲᠣᠪᠴᠢᠶᠠᠨ︾ ᠤ ᠨᠢᠭᠤᠴᠠ ᠶᠢ ᠡᠷᠢᠯᠬᠡᠯᠡᠨ ᠬᠠᠶᠢᠵᠤ ᠰᠦᠪᠡᠭᠴᠢᠯᠡᠯ᠎ᠡ ᠪᠢᠨᠢᠷᠤᠭᠤ ᠭᠡᠳᠡᠶᠢᠨ ᠦᠭᠡ ᠬᠡᠯᠡ ᠦᠰᠦᠭ ᠪᠢᠴᠢᠭ ᠢ ᠨᠢ ᠰᠣᠳᠤᠯᠵᠦ ᠦᠵᠡᠯ᠎ᠡ ᠪᠢ︕ᠪᠢ ᠮᠣᠩᠭᠤᠯ ᠪᠣᠯᠵᠦ ᠵᠠᠶᠠᠭᠠᠭᠰᠠᠨ ᠳᠠᠭᠠᠨ ᠣᠮᠣᠭᠰᠢᠨ᠎ᠠ᠃ᠠᠭᠲᠠ ᠶᠢᠨ ᠨᠢᠷᠤᠭᠤᠨ ᠳᠡᠭᠡᠷ᠎ᠡ ᠤᠨᠤᠵᠤ ᠰᠠᠯᠬᠢ ᠰᠥᠷᠥᠨ ᠬᠠᠳᠠᠭᠤᠵᠢᠯ᠎ᠠ ᠪᠢᠠᠮᠢᠨ ᠰᠣᠶᠣᠯ ᠤᠨ ᠰᠢᠮ᠎ᠡ ᠲᠡᠵᠢᠭᠡᠯ ᠢᠶᠠᠷ ᠣᠶᠤᠨ ᠢᠶᠠᠨ ᠲᠡᠵᠢᠭᠡᠵᠦ ᠪᠣᠶᠢᠵᠢᠯ᠎ᠠ ᠪᠢᠠᠷᠠᠳ ᠤᠨ ᠰᠤᠷᠭᠠᠭᠤᠯᠢ ᠶᠢᠨ ᠡᠭᠦᠳᠡᠨ ᠪᠣᠱᠤᠭ᠎ᠠ ᠶᠢ ᠠᠯᠬᠤᠨ ᠣᠷᠤᠵᠤ ᠰᠤᠷᠤᠯᠴᠠᠯ᠎ᠠ ᠪᠢᠠᠷᠠᠳ ᠲᠦᠮᠡᠨ ᠳᠡᠭᠡᠨ ᠬᠡᠷᠡᠭᠴᠡᠭᠡ ᠲᠠᠢ ᠬᠦᠮᠦᠨ ᠪᠣᠯᠵᠤ ᠬᠦᠮᠦᠭᠵᠢᠭᠳᠡᠯ᠎ᠡ ᠪᠢ︕ᠪᠢ ᠮᠣᠩᠭᠤᠯ ᠪᠣᠯᠵᠤ ᠵᠠᠶᠠᠭᠠᠭᠰᠠᠨ ᠳᠠᠭᠠᠨ ᠣᠮᠣᠭᠰᠢᠨ᠎ᠠ᠃ᠲᠠᠯ᠎ᠠ ᠨᠤᠲᠤᠭ ᠤᠨ ᠢᠶᠠᠨ ᠲᠠᠪᠤᠨ ᠬᠤᠰᠢᠭᠤ ᠮᠠᠯ ᠢᠶᠠᠨ ᠬᠠᠷᠢᠭᠤᠯᠵᠤ ᠶᠠᠪᠤᠯ᠎ᠠ ᠪᠢᠲᠠᠩᠰᠤᠭ ᠮᠠᠯᠵᠢᠯ ᠤᠨ ᠰᠣᠶᠣᠯ ᠢᠶᠠᠨ ᠲᠠᠭᠠᠲᠠᠢ ᠰᠠᠶᠢᠬᠠᠨ ᠰᠢᠭᠢᠳᠷᠴᠦ ᠰᠤᠷᠤᠯᠴᠠᠯ᠎ᠠ ᠪᠢᠦᠷᠭᠡᠨ ᠳᠡᠯᠭᠡᠷ ᠥᠪ ᠰᠣᠶᠣᠯ ᠢᠶᠠᠷ ᠢᠶᠠᠨᠦᠢ ᠲᠦᠮᠡᠨ ᠰᠤᠷᠤᠭᠴᠢᠳ ᠢᠶᠠᠨ ᠬᠦᠮᠦᠵᠢᠭᠦᠯᠵᠦ ᠣᠶᠣᠲᠠᠨ ᠪᠣᠯᠭᠠᠯ᠎ᠠ ᠪᠢ︕ᠪᠢ ᠮᠣᠩᠭᠤᠯ ᠪᠣᠯᠵᠤ ᠵᠠᠶᠠᠭᠠᠭᠰᠠᠨ ᠳᠠᠭᠠᠨ ᠣᠮᠣᠭᠰᠢᠨ᠎ᠠ᠃ᠠᠷᠠᠳ ᠤᠨ ᠰᠤᠷᠭᠠᠭᠤᠯᠢ ᠳᠤ ᠠᠯᠪᠠᠨ ᠠᠵᠢᠯ ᠢ ᠳᠦᠴᠢᠨ ᠵᠢᠯ ᠬᠢᠵᠦ ᠶᠠᠪᠤᠯ᠎ᠠ ᠪᠢᠠᠷᠠᠳ ᠤᠨ ᠬᠡᠦᠬᠡᠳ ᠢ ᠶᠡᠭᠡ ᠰᠤᠷᠭᠠᠭᠤᠯᠢ ᠶᠢᠨ ᠣᠶᠣᠲᠠᠨ ᠪᠣᠯᠭᠠᠬᠤ ᠪᠠᠷ ᠵᠢᠳᠭᠦᠵᠦ ᠴᠢᠷᠮᠠᠶᠢᠯ᠎ᠠ ᠪᠢᠪᠣᠰᠤᠭ᠎ᠠ ᠨᠢᠷᠤᠭᠤ ᠲᠠᠢ᠂ ᠵᠣᠭᠰᠤᠭ᠎ᠠ ᠬᠠᠲᠠᠭᠤ ᠶᠠᠰᠤ ᠲᠠᠢ ᠡᠷ᠎ᠡ ᠪᠣᠯᠤᠭᠰᠠᠨ ᠳᠠᠭᠠᠨᠪᠣᠷᠵᠢᠭᠢᠨ ᠣᠪᠣᠭᠲᠠᠨ ᠤ ᠦᠷ᠎ᠡ ᠬᠤᠶᠢᠴᠢᠰ ᠢ ᠬᠦᠮᠦᠨ ᠪᠣᠯᠭᠠᠬᠤ ᠪᠠᠷ ᠦᠰᠦ ᠪᠡᠨ‌‍ᠴᠠᠶᠢᠯᠭᠠᠯ᠎ᠠ ᠪᠢ︕ᠪᠢ ᠮᠣᠩᠭᠤᠯ ᠪᠣᠯᠵᠤ ᠵᠠᠶᠠᠭᠠᠭᠰᠠᠨ ᠳᠠᠭᠠᠨ ᠣᠮᠣᠭᠰᠢᠨ᠎ᠠ᠃                                   ᠳᠥᠡᠭᠯᠢᠶᠣᠣ ᠮᠣᠩᠭᠤᠯ ᠥᠨᠳᠥᠰᠥᠳᠡᠨ ᠤ  ᠲᠤᠮᠳᠠᠳᠥ ᠰᠤᠷᠭᠠᠭᠤᠯᠢ  ᠶᠢᠨ                                   ᠮᠣᠩᠭᠤᠯ   ᠬᠡᠯᠡᠨ     ᠤ    ᠵᠢᠭᠠᠨ    ᠰᠤᠷᠭᠠᠬᠤ   ᠲᠤᠭᠤᠶᠢᠯᠠᠩ                                            姓名:敖斯尔        15750560906                                                                2020.11.12 ᠤ ᠡᠳᠦᠷ                                                                                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号