︵ᠨᠠᠶᠢᠷᠠᠭᠤᠯᠤᠯ︶ | ᠪ᠊᠂ ᠪᠢᠯᠢᠭ | | ᠮᠠᠨ ᠤ ᠬᠢᠨ ᠲᠠᠢ ᠬᠤᠭᠤᠷᠤᠨᠳᠤ ᠪᠠᠨ ᠡᠪᠦᠳᠦᠭ ᠴᠢᠨᠡᠭᠡ ᠬᠠᠪᠲᠠᠰᠤᠨ ᠰᠢᠪᠡᠭᠡ ᠪᠠᠷ ᠵᠠᠭᠠᠭᠯᠠᠨ ᠰᠠᠭᠤᠳᠠᠭ ᠨᠢᠭᠡ | ᠭᠠᠭᠴᠠ ᠪᠡᠶ᠎ᠡ ᠡᠪᠦᠭᠡᠨ ᠪᠠᠶᠢᠪᠠ᠃ ᠪᠡᠶ᠎ᠡ ᠨᠢ ᠲᠡᠳᠦᠢ ᠦᠨᠳᠦᠷ ᠪᠢᠰᠢ ᠪᠤᠯᠪᠠᠴᠤ ᠮᠦᠷᠦ ᠨᠢ ᠢᠯᠡᠳᠲᠡ ᠥᠷᠭᠡᠨ | ᠪᠣᠯᠬᠤᠷ ᠡᠷ᠎ᠡ ᠪᠠᠷ᠎ᠠ ᠭᠤᠶᠢᠳᠠ ᠲᠠᠭᠰᠢᠨ ᠬᠠᠷᠠᠭᠳᠠᠨ᠎ᠠ᠃ ᠡᠪᠦᠭᠡᠨ ᠬᠦᠮᠦᠨ ᠲᠠᠢ ᠦᠭᠡ ᠶᠠᠷᠢᠬᠤ ᠳᠠᠭᠠᠨ ᠵᠡᠭᠦᠨ | ᠭᠠᠷ ᠢᠶᠠᠷ ᠢᠶᠠᠨ ᠴᠢᠬᠢ ᠪᠠᠨ ᠬᠤᠮᠤᠶᠢᠯᠭᠠᠨ ᠰᠤᠨᠤᠰᠳᠠᠭ ᠪᠦᠭᠡᠳ ᠬᠡᠵᠢᠶᠡᠳᠡ ᠦᠰᠦ ᠪᠠᠨ ᠬᠢᠯᠠᠶᠢᠲᠠᠯᠠ ᠬᠤᠰᠤᠳᠠᠭ | ᠪᠠᠶᠢᠭᠠᠳ ᠰᠠᠬᠠᠯ ᠢᠶᠠᠨ ᠬᠠᠷᠢᠨ ᠴᠡᠭᠡᠵᠢᠨ ᠳᠡᠭᠡᠨ ᠲᠤᠯᠲᠠᠯ᠎ᠠ ᠤᠷᠳᠤ ᠲᠠᠯᠪᠢᠵᠤ ᠦᠷᠭᠦᠯᠵᠢ ᠪᠠᠷᠠᠭᠤᠨ ᠭᠠᠷ | ᠢᠶᠠᠷ ᠢᠶᠠᠨ ᠬᠤᠮᠢᠵᠤ ᠠᠪᠤᠭᠠᠳ ᠠᠶᠠᠷᠬᠠᠨ ᠰᠢᠪᠲᠤᠷᠴᠦ ᠶᠠᠪᠤᠳᠠᠭ ᠪᠤᠯᠬᠤᠷ ᠠᠶᠢᠯ ᠤᠰᠤᠨ ᠤ ᠬᠢᠨ ᠠᠯᠢ ᠬᠡᠳᠦᠶᠢᠨ | ᠨᠡᠷ᠎ᠡ ᠵᠢᠯ ᠢ ᠨᠢ ᠮᠠᠷᠳᠠᠭᠰᠠᠨ ᠪᠤᠯᠵᠣ ᠪᠦᠷ ᠯᠡ ᠰᠠᠬᠠᠯᠳᠤ ᠡᠪᠦᠭᠡ ᠬᠡᠮᠡᠨ ᠳᠠᠭᠤᠳᠠᠵᠠᠭᠠᠳᠠᠭ᠃ | ᠨᠠᠮᠠᠶᠢ ᠪᠠᠭ᠎ᠠ ᠪᠠᠶᠢᠬᠤ ᠳᠤ ᠲᠡᠷᠡ ᠦᠷᠭᠦᠯᠵᠢ ᠮᠠᠨ ᠤ ᠬᠢᠨ ᠳᠤ ᠢᠷᠡᠵᠦ ᠬᠠᠩᠭᠠᠢ ᠪᠦᠳᠦᠭᠦᠨ ᠲᠠᠭᠤᠨ ᠢᠶᠠᠷ | ᠮᠢᠨᠦ ᠡᠪᠦᠭᠡ ᠲᠠᠢ ᠬᠤᠶᠠᠭᠤᠯᠠ ᠬᠠᠯᠠᠭᠤᠨ ᠵᠤᠭᠤᠭ ᠲᠠᠭᠠᠷᠠᠵᠤ ᠰᠠᠭᠤᠳᠠᠭ᠃ ᠵᠠᠷᠢᠮ ᠳᠠᠭᠠᠨ ᠡᠪᠦᠷ ᠠᠴᠠ ᠪᠠᠨ | ᠰᠢᠷᠠᠪᠳᠤᠷ ᠪᠤᠭᠤᠳᠠᠯ ᠤᠨ ᠴᠠᠭᠠᠰᠤᠨ ᠳᠤ ᠪᠠᠭᠯᠠᠭᠰᠠᠨ ᠭᠡᠰᠡᠭ ᠲᠠᠢ ᠰᠢᠬᠢᠷ ᠭᠠᠷᠭᠠᠵᠤ ᠦᠭᠳᠡᠭ ᠲᠤᠯᠠ ᠪᠢ | ᠰᠠᠬᠠᠯᠳᠦ ᠡᠪᠦᠭᠡ ᠶᠢᠨ ᠢᠷᠡᠬᠦ ᠶᠢ ᠲᠡᠰᠴᠦ ᠶᠠᠳᠠᠨ ᠬᠦᠯᠢᠶᠡᠳᠡᠭ ᠪᠠᠶᠢᠯ᠎ᠠ᠃ ᠭᠡᠪᠡᠴᠦ ᠵᠠᠷᠢᠮ ᠳᠠᠭᠠᠨ ᠶᠠᠭᠤ ᠴᠦ | ᠦᠭᠡᠢ ᠬᠤᠪ ᠬᠤᠭᠤᠰᠤᠨ ᠢᠷᠡᠴᠢᠭᠡᠭᠡᠳ ᠪᠠᠰᠠ ︿︿ᠮᠢᠨᠦ ᠤᠮᠪᠤᠯ ᠨᠠᠰᠢ ᠪᠠᠨ ᠢᠷ᠎ᠡ᠂ ᠡᠪᠦᠭᠡ ᠨᠢ ᠥᠨᠥᠬᠢ | ᠪᠤᠭᠤᠨ ᠰᠣᠶᠤᠭ᠎ᠠ ᠶᠢ ᠴᠢᠨᠢ ᠨᠢᠭᠡ ᠠᠮᠲᠠᠯᠠᠵᠣ ᠦᠵᠡᠶ᠎ᠡ᠂ ᠣᠳᠣ ᠪᠠᠷᠤᠭ ᠯᠡ ᠯᠠᠪ ᠬᠠᠯᠠᠭᠤᠨ ᠤᠷᠤᠭᠰᠠᠨ | ᠪᠠᠶᠢᠯᠭᠤᠢ﹀﹀ ᠭᠡᠵᠦ ᠪᠠᠶᠢᠩᠭᠤ ᠠᠶᠤᠯᠭᠠᠳᠠᠭ ᠤᠳᠠᠭ᠎ᠠ ᠲᠠᠢ᠃ ᠲᠡᠭᠡᠵᠦ ᠨᠠᠳᠠ ᠶᠢ ᠪᠠᠭ᠎ᠠ ᠶᠠᠭᠤᠮ᠎ᠠ ᠮᠡᠳᠡᠬᠦ ᠪᠣᠯᠬᠤ | ᠳᠤ ᠯᠡ ᠰᠠᠬᠠᠯᠳᠤ ᠡᠪᠦᠭᠡ ᠮᠠᠨᠢ ᠪᠠᠷᠠᠭᠤᠨ ᠭᠠᠷ ᠲᠠᠭᠠᠨ ᠭᠠᠪ ᠰᠢᠷ᠎ᠠ ᠭᠠᠣᠯᠢᠨ ᠳᠡᠭᠦᠵᠢᠩ ᠲᠠᠢ ᠬᠠᠶᠢᠯᠠᠰᠣᠨ | ᠪᠢᠯᠠᠭᠤ ᠪᠠᠷᠢᠭᠰᠠᠭᠠᠷ ᠪᠠᠷᠢᠭᠠᠳᠠ ᠶᠢᠨ ᠦᠬᠡᠷ ᠢ ᠬᠠᠷᠢᠭᠤᠯᠵᠤ ᠶᠠᠪᠤᠳᠠᠭ ᠪᠠᠶᠢᠪᠠ᠃ | ᠵᠢᠯ ᠤᠨ ᠲᠦᠯ ᠰᠢᠪᠲᠤᠷᠴᠦ ᠡᠳᠦᠷ ᠵᠦᠭᠡᠯᠡᠷᠡᠬᠦ ᠦᠶᠡᠰ ᠢᠶᠠᠷ ᠲᠠᠯ᠎ᠠ ᠬᠦᠳᠡᠭᠡ ᠮᠠᠨᠢ ᠲᠤᠯᠠᠭᠠᠨ ᠴᠢᠭᠢᠭ | ᠲᠠᠲᠠᠭᠤᠯᠤᠨ ᠲᠡᠨᠵᠢ ᠶᠢᠨ ᠡᠩᠭᠡᠷ ᠤᠨ ᠬᠦᠬᠡ ᠨᠤᠭᠤᠭ᠎ᠠ ᠭᠤᠷᠤᠶᠢᠨ ᠤᠷᠭᠤᠵᠤ ᠨᠠᠭᠤᠷ ᠪᠦᠷᠢᠳᠦ ᠠᠷᠯᠠᠨ | ᠲᠤᠨᠤᠯᠵᠠᠭᠰᠠᠭᠠᠷ ᠭᠠᠯᠠᠭᠤ ᠰᠢᠪᠠᠭᠤᠳ ᠨᠦᠷᠭᠢᠯᠳᠦᠵᠦ ᠡᠬᠢᠯᠡᠳᠡᠭ᠃ ᠰᠠᠬᠠᠯᠳᠦ ᠡᠪᠦᠭᠡ ᠮᠠᠨᠢ ᠨᠢᠭᠡᠨ ᠨᠠᠷᠠ ᠰᠠᠯᠬᠢ | ᠤᠶᠠᠬᠠᠨ ᠴᠡᠯᠮᠡᠭ ᠡᠳᠦᠷ ᠢ ᠰᠤᠩᠭᠤᠵᠤ ᠰᠦᠷᠦᠭ ᠤᠨ ᠢᠶᠠᠨ ᠬᠡᠶᠢᠮᠦᠷᠢ ᠶᠢ ᠲᠠᠯᠠᠯᠯᠠᠬᠤ ᠶᠤᠮ ᠭᠡᠭᠰᠡᠭᠡᠷ ᠦᠬᠡᠷ ᠤᠨ | ᠬᠠᠰᠢᠶᠠᠨ ᠤ ᠪᠠᠨ ᠪᠠᠷᠠᠭᠤᠨ ᠡᠮᠦᠨᠡᠬᠢ ᠨᠠᠮᠬᠠᠨ ᠳᠤᠪᠤ ᠲᠡᠭᠡᠷ᠎ᠡ ᠬᠠᠷ᠎ᠠ ᠠᠷᠭᠠᠯ ᠬᠦᠭᠵᠢᠭᠡᠨ ᠪᠠᠭᠴᠠ ᠬᠦᠵᠢ ᠠᠰᠠᠭᠠᠵᠤ | ᠲᠠᠯᠪᠢᠭᠠᠳ ᠰᠦᠷᠦᠭ ᠤᠨ ᠲᠦᠷᠦᠬᠦᠦ ᠬᠠᠯᠵᠠᠨ ᠪᠤᠬ᠎ᠠ ᠶᠢᠨ ᠢᠶᠠᠨ ᠤᠷᠤᠭᠤᠯ ᠳᠤ ᠰᠢᠨ᠎ᠡ ᠰᠦ ᠳᠤᠰᠤᠭᠠᠵᠤ | ᠬᠠᠭᠤᠷᠤᠭᠰᠠᠨ ᠠᠮᠤ ᠡᠮᠬᠦᠭᠦᠯᠦᠭᠡᠳ ᠰᠢᠷ᠎ᠠ ᠲᠣᠰᠤ ᠪᠠᠷ ᠭᠠᠯ ᠮᠠᠩᠨᠠᠢ ᠲᠡᠭᠡᠷ᠎ᠡ ᠨᠢ ᠮᠢᠯᠢᠶᠠᠵᠤ ᠭᠠᠷᠳᠠᠭ ᠪᠠ ᠴᠠᠰᠢ | ᠬᠦᠵᠦᠭᠦᠦ ᠰᠡᠭᠡᠷ ᠢ ᠨᠢ ᠮᠠᠭᠠᠵᠢᠵᠤ ᠮᠠᠯᠲᠠᠭᠰᠠᠭᠠᠷ ᠦᠰᠦ ᠬᠢᠯᠭᠠᠰᠣᠨ ᠠᠴᠠ ᠨᠢ ᠨᠢᠭᠡ ᠠᠳᠬᠤ ᠪᠦᠮᠪᠦᠷᠢᠭᠦᠯᠦᠨ | ᠠᠪᠳᠠᠭ᠃ ᠠᠪᠤᠭᠰᠠᠨ ᠲᠡᠷᠡᠬᠦ ᠪᠦᠭᠡᠮ ᠦᠰᠦ ᠪᠠᠨ ᠠᠰᠠᠵᠤ ᠵᠠᠪᠳᠠᠭᠰᠠᠨ ᠬᠦᠵᠢᠰ ᠢᠶᠠᠷ ᠠᠷᠢᠭᠤᠳᠬᠠᠯ ᠬᠢᠵᠦ ︿︿ | ᠬᠤᠷᠤᠢ᠂ ᠬᠤᠷᠤᠢ᠂ ᠬᠤᠷᠤᠢ︕ ᠦᠷ᠎ᠡ ᠮᠠᠯ ᠤᠨ ᠮᠠᠨᠢ ᠦᠶᠦᠭ ᠬᠡᠰᠢᠭ ᠲᠠᠨᠢ ᠦᠩ ᠲᠦᠭᠦᠷᠡᠩ ᠪᠤᠯᠣᠭᠠᠰᠠᠢ﹀﹀ | ᠭᠡᠵᠦ ᠰᠠᠷᠭᠢᠶᠠ ᠰᠦᠬᠡᠩᠬᠢ ᠲᠠᠭᠤᠨ ᠢᠶᠠᠷ ᠬᠤᠷᠤᠶᠢᠯᠠᠨ ᠳᠠᠯᠠᠯᠤᠩᠬᠠᠨ ᠬᠠᠰᠢᠶ᠎ᠠ ᠪᠠᠨ ᠨᠠᠷᠠᠨ ᠵᠦᠪ ᠭᠤᠷᠪᠠ | ᠲᠣᠭᠤᠷᠢᠭᠠᠳ ᠰᠢᠪᠡᠭᠡᠨ ᠵᠠᠪᠰᠠᠷ ᠬᠠᠪᠴᠢᠭᠤᠯᠵᠤ ᠲᠠᠯᠪᠢᠭᠰᠠᠨ ᠢᠶᠠᠨ ᠰᠠᠨᠠᠭ᠎ᠠ ᠤᠨᠤᠭ᠎ᠠ ᠭᠦᠢᠴᠡᠵᠦ ᠦᠬᠡᠷ ᠢᠶᠠᠨ | ᠲᠠᠭᠤᠨ ᠬᠠᠪᠤᠷᠵᠢᠶᠠᠨ ᠳᠤ ᠭᠠᠷᠴᠤ ᠶᠠᠪᠤᠳᠠᠭ᠃ | ᠰᠠᠬᠠᠯᠳᠦ ᠡᠪᠦᠭᠡ ᠶᠢᠨ ᠤᠲᠤᠷ ᠠᠶᠢᠯ ᠠᠴᠠ ᠵᠠᠭᠤᠭᠠᠳ ᠭᠠᠵᠠᠷ ᠤᠨ ᠦᠵᠦᠬᠦᠷ ᠲᠤ ᠤᠯᠠᠭᠠᠨ | ᠪᠤᠷᠭᠠᠰᠤᠳᠠᠢ ᠶᠢᠨ ᠬᠦᠨᠳᠡᠢ ᠭᠡᠳᠡᠭ ᠨᠠᠮᠬᠠᠨ ᠰᠢᠯᠢ ᠳᠤ ᠪᠠᠶᠢᠳᠠᠭ᠃ ᠠᠯᠤᠰ ᠵᠠᠶᠢᠳᠠᠭᠤ ᠠᠮᠢᠲᠤᠷᠠᠯ ᠤᠨᠳᠤᠷᠤᠯᠭ᠎ᠠ | ᠲᠠᠢ ᠪᠠᠨ ᠶᠠᠪᠤᠬᠤ ᠪᠤᠯᠬᠤᠷ ᠬᠦᠨᠡᠰᠦ ᠬᠤᠰᠢ᠂ ᠤᠰᠤ ᠣᠮᠲᠠ ᠭᠡᠳ ᠨᠢᠭᠡ ᠤᠯᠠᠨ ᠶᠠᠭᠤᠮ᠎ᠠ ᠪᠠᠨ ᠨᠤᠮᠤᠬᠠᠨ | ᠵᠡᠭᠡᠷᠳᠡ ᠳᠡᠭᠡᠨ ᠠᠴᠢᠵᠤ ᠬᠦᠳᠦᠯᠦᠭᠰᠡᠭᠡᠷ ᠪᠡᠯᠴᠢᠭᠡᠷ ᠤᠷᠣᠨᠠ᠃ | ᠤᠲᠤᠷ ᠭᠠᠷᠬᠤ ᠠᠴᠠ ᠨᠢ ᠡᠮᠦᠨ᠎ᠡ ᠡᠳᠦᠷ ᠡᠵᠢ ᠮᠢᠨᠢ ᠠᠬ᠎ᠠ ᠶᠢ ᠲᠠᠭᠠᠭᠤᠯᠤᠨ ᠠᠮᠤ ᠬᠦᠨᠡᠰᠦ ᠪᠠ | ᠡᠭᠡᠯᠵᠢᠯᠡᠵᠦ ᠡᠮᠦᠰᠬᠦ ᠨᠢᠮᠭᠡᠨ ᠵᠤᠵᠠᠭᠠᠨ ᠬᠤᠪᠴᠠᠰᠤ ᠬᠤᠨᠠᠷ ᠶᠢ ᠨᠢ ᠠᠪᠠᠴᠢᠵᠤ ᠦᠭᠭᠦ ᠶᠢᠨ ᠲᠠᠭᠤ ᠥᠨᠥᠬᠢ | ᠰᠢᠯᠦᠰᠦ ᠭᠤᠭᠤᠵᠢᠭᠤᠯᠤᠮ᠎ᠠ ᠲᠤᠷᠠᠳᠠᠢ ᠬᠠᠷ᠎ᠠ ᠠᠷᠢᠬᠢ ᠭᠡᠳᠡᠭ ᠭᠤᠱᠤᠭᠤᠨ ᠤᠰᠤ ᠶᠢ ᠨᠢ ᠪᠦᠳᠦᠬᠦᠨ ᠰᠢᠯ | ᠯᠤᠩᠬᠤᠨ ᠳᠤ ᠲᠦᠭᠦᠷᠭᠡᠵᠦ ᠦᠭᠭᠦᠭᠡᠳ ᠮᠤᠷᠳᠠᠭᠤᠯᠬᠤ ᠳᠤ ᠰᠠᠬᠠᠯᠳᠦ ᠡᠪᠦᠭᠡ ᠮᠠᠨᠢ ᠦᠪᠡᠷ ᠤᠨ | ᠭᠡᠷ ᠤᠨ ᠢᠶᠠᠨ ᠲᠥᠪᠡᠳ ᠤᠨᠢᠰᠦᠨ ᠲᠦᠯᠬᠢᠬᠦᠷ ᠢ ᠦᠯᠡᠳᠡᠭᠡᠵᠦ ᠦᠭᠳᠡᠭ᠃ ᠰᠠᠬᠠᠯᠳᠦ ᠡᠪᠦᠭᠡ ᠶᠠᠪᠤᠭᠰᠠᠨ ᠬᠤᠶᠢᠨ᠎ᠠ | ᠮᠠᠨ ᠤ ᠬᠢᠨ ᠨᠢᠭᠡᠯᠡ ᠬᠤᠪ ᠬᠤᠭᠤᠰᠤᠨ ᠪᠤᠯᠵᠤ ᠰᠠᠨᠠᠭᠳᠠᠳᠠᠭ ᠪᠠᠶᠢᠭᠰᠠᠨ ᠪᠠ ᠵᠠᠷᠢᠮ ᠳᠠᠭᠠᠨ ᠪᠢ ᠲᠡᠭᠦᠨ ᠢ | ᠰᠠᠨᠠᠭᠠᠳ ᠲᠡᠰᠬᠦ ᠦᠭᠡᠢ ᠤᠬᠢᠯᠠᠵᠤ ᠭᠠᠷᠳᠠᠭ ᠴᠤ ᠪᠠᠶᠢᠪᠠ᠃ | ᠪᠠᠷᠢᠭᠠᠳᠠ ᠶᠢᠨ ᠵᠢᠯ ᠤᠨ ᠲᠤᠭᠠᠴᠠᠭ᠎ᠠ ᠶᠡᠷᠦᠳᠡᠭᠡᠨ ᠡᠪᠦᠯ ᠤᠷᠤᠭᠠᠳ ᠰᠠᠶ᠋ᠢ ᠦᠷ᠎ᠡ ᠳ᠋ᠦᠩ ᠭᠠᠷᠳᠠᠭ | ᠦᠶ᠎ᠡ ᠪᠠᠷ ᠰᠠᠬᠠᠯᠳᠦ ᠡᠪᠦᠭᠡ ᠦᠬᠡᠷ ᠢᠶᠠᠨ ᠬᠦᠭᠡᠭᠡᠭᠰᠡᠭᠡᠷ ᠬᠠᠷᠢᠵᠤ ᠢᠷᠡᠨ᠎ᠡ᠃ ᠲᠡᠷᠡ ᠬᠡᠭᠡᠷ᠎ᠡ ᠤᠨ ᠤᠲᠤᠷ ᠪᠠᠷᠤᠭ | ᠵᠢᠯ ᠰᠢᠬᠠᠮ ᠰᠠᠭᠤᠳᠠᠭ ᠪᠤᠯᠬᠤᠷ ᠭᠠᠷ ᠬᠤᠭᠤᠰᠤᠨ ᠬᠠᠷᠢᠵᠤ ᠢᠷᠡᠳᠡᠭ ᠦᠭᠡᠢ᠂ ᠡᠵᠢ ᠳᠤ ᠭᠡᠵᠦ ᠲᠠᠯ᠎ᠠ ᠶᠢᠨ | ᠲᠡᠯᠲᠠᠤ ︵ᠴᠠᠭᠠᠨ ᠮᠦᠬᠦ︶᠂ ᠬᠠᠲᠠᠭᠠᠭᠰᠠᠨ ᠰᠢᠷ᠎ᠠ ᠴᠡᠴᠡᠭ ᠠᠪᠴᠢᠷᠠᠵᠤ ᠦᠭᠳᠡᠭ ᠪᠠ ᠡᠪᠦᠭᠡ ᠳᠤ ᠪᠠᠰᠠ ᠦᠶ᠎ᠡ | ᠭᠡᠰᠢᠭᠦᠨ ᠤ ᠠᠷᠬᠠᠭ ᠭᠡᠮ ᠳᠤ ᠲᠤᠰᠠᠳᠠᠢ ᠶᠤᠮ ᠭᠡᠵᠦ ᠪᠣᠷᠴᠠᠯᠠᠭᠰᠠᠨ ᠮᠢᠩᠬᠢᠰᠦᠨ ᠮᠢᠬ᠎ᠠ᠂ ᠵᠠᠷᠠᠭᠠᠨ ᠲᠣᠰᠣ | ᠠᠪᠴᠢᠷᠠᠵᠤ ᠦᠭᠳᠡᠭ᠃ ᠲᠡᠳᠡᠭᠡᠷ ᠡᠷᠬᠢᠮ ᠪᠡᠯᠡᠭ ᠤᠳ ᠤᠨ ᠲᠤᠮᠲᠠ ᠪᠠᠨ ᠨᠠᠳᠠ ᠶᠢ ᠶᠠᠭᠠᠬᠢᠭᠰᠠᠨ ᠴᠦ ᠮᠠᠷᠳᠠᠳᠠᠭ | ᠦᠭᠡᠢ ᠨᠢ ᠪᠠᠳᠤᠳᠠᠢ ᠪᠠᠶᠢᠵᠤ ᠬᠡᠵᠢᠶᠡᠳᠡ ᠨᠢᠭᠡ ᠦᠨᠵᠢᠭᠡᠯ ᠪᠣᠷᠤ ᠲᠠᠤᠯᠠᠢ ᠪᠠᠷᠢᠵᠤ ᠠᠪᠴᠢᠷᠠᠳᠠᠭ᠃ ᠪᠢ ᠲᠡᠭᠦᠨ ᠶᠢ | ᠨᠢ ᠨᠠᠷᠢᠨ ᠬᠢᠯᠭᠠᠰᠤᠨ ᠲᠡᠭᠡᠰᠦ ᠪᠠᠷ ᠠᠷᠭᠠᠮᠵᠢᠵᠤ ᠠᠪᠤᠭᠠᠳ ᠡᠪᠡᠰᠦ ᠵᠦᠯᠭᠡᠨ ᠲᠤᠲᠤᠷ᠎ᠠ ᠲᠠᠭᠤᠵᠤ ᠨᠠᠭᠠᠳᠤᠭᠰᠠᠭᠠᠷ | ᠲᠣᠷ᠎ᠠ ᠰᠢᠩᠭᠡᠷᠡᠬᠦ ᠦᠶᠡᠰ ᠰᠠᠬᠠᠯᠳᠦ ᠡᠪᠦᠭᠡ ᠭᠠᠷ ᠤᠷᠤᠵᠤ ᠪᠣᠭᠳᠠ ᠶᠢᠨ ᠪᠣᠷᠣ ᠱᠦᠯᠦ ᠭᠠᠷᠭᠠᠨ ᠬᠤᠶᠢᠳᠦ ᠬᠤᠶᠠᠷ | ᠭᠤᠶ᠎ᠠ ᠶᠢ ᠨᠢ ᠠᠬ᠎ᠠ ᠪᠢᠳᠡ ᠬᠤᠶᠠᠷ ᠲᠤ ᠥᠭᠭᠦᠭᠡᠳ ᠡᠪᠦᠭᠡ ᠲᠠᠢ ᠬᠤᠶᠠᠭᠤᠯᠠ ᠰᠢᠷᠡᠭᠡ ᠬᠠᠪᠴᠢᠨ ᠠᠮᠲᠠᠷᠬᠠᠵᠤ | ᠰᠠᠭᠤᠨ᠎ᠠ᠃ ᠮᠢᠨᠦ ᠡᠪᠦᠭᠡ ᠤᠳᠠᠭᠠᠨ ᠴᠢᠨᠠᠷᠳᠠᠢ ᠦᠶ᠎ᠡ ᠭᠡᠰᠢᠭᠦᠨ ᠤ ᠠᠷᠬᠠᠭ ᠶᠢᠨ ᠲᠡᠭᠡᠷ᠎ᠡ ᠵᠢᠷᠦᠭᠡᠨ ᠬᠠᠳᠬᠤᠭ᠎ᠠ | ᠲᠠᠢ ᠪᠣᠯᠬᠤᠷ ᠶᠡᠷᠦ ᠠᠴᠠ ᠠᠷᠢᠬᠢᠨ ᠳᠤ ᠠᠮᠠ ᠬᠦᠷᠳᠡᠭ ᠦᠭᠡᠢ ᠪᠠᠶᠢᠵᠤ ᠰᠠᠬᠠᠯᠳᠦ ᠡᠪᠦᠭᠡ ᠯᠡ | ᠭᠠᠭᠴᠠᠭᠠᠷ ᠢᠶᠠᠷ ᠢᠶᠠᠨ ᠬᠡᠮᠵᠢᠶᠡᠨ ᠠᠴᠠ ᠪᠠᠨ ᠪᠠᠭ᠎ᠠ ᠲᠦᠯᠬᠢᠭᠦᠦ ᠲᠠᠲᠠᠴᠢᠬᠠᠭᠠᠳ ᠴᠢᠷᠠᠢ ᠪᠠᠨ ᠤᠯᠠᠶᠢᠯᠭᠠᠨ ᠭᠢᠯᠠᠩ | ᠲᠤᠯᠤᠭᠠᠢ ᠪᠠᠨ ᠢᠯᠪᠢᠵᠦ ᠭᠢᠯᠦᠭᠡᠨ ᠴᠠᠭᠠᠨ ᠰᠠᠬᠠᠯ ᠢᠶᠠᠨ ᠪᠠᠶᠢᠨ ᠲᠠᠬᠢᠨ ᠰᠢᠪᠲᠣᠷᠣᠭᠰᠠᠭᠠᠷ ᠢᠨᠢᠶᠡᠬᠦ ᠳᠡᠭᠡᠨ | ᠢᠷᠠᠯᠵᠠᠲᠠᠯᠠ ᠢᠨᠢᠶᠡᠵᠦ᠂ ᠬᠦᠭᠡᠷᠬᠦ ᠳᠡᠭᠡᠨ ᠲᠤᠨᠤᠯᠵᠠᠲᠠᠯᠠ ᠪᠠᠶᠠᠰᠴᠤ ᠭᠠᠷᠤᠨ᠎ᠠ᠃ | ᠠᠷᠢᠬᠢ ᠪᠠᠨ ᠤᠤᠭᠤᠵᠤ ᠪᠠᠷᠠᠭᠠᠳ ᠭᠡᠷ ᠲᠡᠭᠡᠨ ᠪᠤᠴᠠᠬᠤ ᠦᠶᠡᠰ ᠡᠵᠢ ᠵᠦᠭ ᠬᠠᠨᠳᠤᠨ ︿︿ᠵᠠ︕ ᠬᠡᠦᠬᠡ | ᠡ᠂ ᠠᠪᠠᠭ᠎ᠠ ᠨᠢ ᠣᠳᠣ ᠯᠡ ᠪᠠᠰᠠ ᠠᠪᠤ ᠢ ᠴᠢᠨᠢ ᠵᠢᠭᠡᠯᠡᠬᠦ ᠴᠠᠭ ᠪᠤᠯᠤᠭᠰᠠᠨ ᠰᠢᠦ᠃ ᠮᠠᠷᠭᠠᠰᠢ ᠲᠤᠰᠬᠤ ᠪᠠᠷ | ᠢᠷᠡᠨ᠎ᠡ ᠳ᠋ᠡ︕﹀﹀ ᠭᠡᠵᠦ ᠬᠡᠯᠡᠭᠡᠳ ᠲᠡᠨᠳᠦᠷ ᠮᠡᠨᠳᠦᠷ ᠪᠤᠯᠵᠤ ᠪᠤᠰᠬᠤ ᠪᠠᠷ ᠡᠵᠢ ᠠᠬ᠎ᠠ ᠪᠢᠳᠠ ᠬᠤᠶᠠᠭᠤᠯᠠ ᠶᠢ | ᠲᠠᠭᠤᠳᠠᠵᠤ ᠰᠠᠬᠠᠯᠳᠦ ᠡᠪᠦᠭᠡ ᠶᠢ ᠲᠦᠰᠢᠵᠦ ᠬᠦᠷᠭᠡᠯᠭᠡᠳᠡᠭ᠃ ᠦᠨᠡᠨ ᠶᠢ ᠬᠡᠯᠡᠪᠡᠯ ᠮᠠᠨ ᠤ ᠬᠤᠶᠠᠷ ᠭᠡᠷ ᠤᠨ ᠬᠢᠨ | ᠭᠡᠵᠦ ᠬᠡᠨ ᠨᠢᠭᠡᠨ ᠢᠶᠠᠨ ᠬᠠᠷᠢᠯᠴᠢᠨ ᠬᠦᠷᠭᠡᠬᠦ ᠬᠡᠷᠡᠭ ᠦᠭᠡᠢ ᠪᠠᠶᠢᠭᠰᠠᠨ ᠶᠤᠮ᠃ ᠨᠣᠳᠤᠭ ᠤᠨ ᠬᠢᠨ ᠤ ᠬᠡᠯᠡᠬᠦ ᠪᠠᠷ | ᠠᠶᠢᠯ ᠨᠢ ᠤᠨᠳᠤᠤ ᠪᠤᠯᠪᠠᠴᠤ ᠠᠮᠢᠲᠤᠷᠠᠯ ᠤᠨᠳᠤᠷᠤᠯᠭ᠎ᠠ ᠨᠢᠭᠡᠯᠬᠡᠨ ᠪᠠᠶᠢᠵᠤ ᠯᠡ ᠳ᠋ᠠ᠃ ᠭᠡᠪᠡᠴᠦ ᠡᠵᠢ ᠮᠢᠨᠢ ᠶᠠᠭᠤ | ᠰᠠᠨᠠᠳᠠᠭ ᠢ ᠨᠢ ᠮᠡᠳᠡᠳᠡᠭ ᠦᠭᠡᠢ᠂ ᠤᠳᠠᠭ᠎ᠠ ᠪᠤᠯᠭᠠᠨ ᠵᠠᠪᠠᠯ ᠲᠡᠭᠡᠵᠦ ᠬᠦᠷᠭᠡᠵᠦ ᠦᠭᠳᠡᠭ᠃ ᠨᠢᠭᠡ ᠡᠳᠦᠷ ᠪᠢ | ᠡᠪᠦᠭᠡ ᠠᠴᠠ ᠰᠠᠬᠠᠯᠳᠦ ᠡᠪᠦᠭᠡ ᠶᠢᠨ ᠲᠤᠬᠠᠢ ᠰᠤᠷᠠᠭ ᠬᠠᠶᠠᠵᠤ ᠦᠵᠡᠪᠡ᠃ | |