ᠰᠠᠬᠠᠯᠳᠦ ᠡᠪᠦᠭᠡ (2)
ᠨᠡᠶᠢᠲᠡᠯᠡᠭᠰᠡᠨ ᠴᠠᠭ᠄
2020/11/10
ᠰᠠᠬᠠᠯᠳᠦ ᠡᠪᠦᠭᠡ ᠮᠠᠨᠢ ᠦᠪᠡᠷ ᠤᠨ ᠦᠯᠦᠭᠡᠢ ᠨᠣᠳᠤᠭ ᠢᠶᠠᠨ ᠲᠤᠲᠤᠷᠬᠠᠢ ᠰᠠᠶᠢᠬᠠᠨ ᠮᠡᠳᠡᠳᠡᠭ ᠦᠭᠡᠢ ᠪᠦᠭᠡᠳ ᠡᠴᠢᠭᠡ ᠡᠬᠡ ᠪᠠᠨ ᠴᠦ ᠠᠯᠢ ᠬᠡᠳᠦᠶᠢᠨ ᠮᠠᠷᠳᠠᠯ ᠪᠤᠯᠵᠠᠢ᠃ ᠮᠡᠳᠡᠳᠡᠭ ᠨᠢ ᠭᠡᠪᠡᠯ ᠲᠡᠲᠡᠨ ᠤ ᠬᠢᠨ ᠨᠠᠮᠤᠷᠵᠢᠶᠠᠨ ᠳᠤ ᠪᠠᠭᠤᠵᠤ ᠪᠠᠶᠢᠭᠰᠠᠨ ᠬᠡᠳᠦᠨ ᠠᠶᠢᠯ ᠤᠳ ᠨᠢ ᠬᠤᠶᠠᠷ ᠭᠤᠷᠪᠠᠭ᠋ᠠᠨ ᠡᠳᠦᠷ ᠤᠨ ᠲᠤᠲᠤᠷ᠎ᠠ ᠵᠠᠯᠭ᠎ᠠ ᠵᠠᠯᠭ᠎ᠠ ᠪᠠᠷ ᠶᠠᠮᠠᠷᠴᠦ ᠢᠯᠡᠷᠬᠡᠢ ᠤᠴᠢᠷ ᠰᠢᠯᠲᠠᠭᠠᠨ ᠦᠭᠡᠢ ᠪᠠᠶᠢᠭᠰᠠᠭᠠᠷ ᠭᠡᠨᠡᠳᠲᠡ ᠪᠦᠬᠦ ᠪᠡᠶ᠎ᠡ ᠨᠢ ᠭᠠᠯ ᠨᠤᠴᠤᠮ᠎ᠠ ᠬᠠᠯᠠᠭᠤᠷᠠᠵᠤ ᠶᠢᠰᠦᠨ ᠰᠦᠪᠡ ᠠᠴᠠ ᠨᠢ ᠴᠢᠰᠤ ᠭᠠᠷᠤᠭᠰᠠᠭᠠᠷ ᠠᠷᠠᠢ ᠬᠠᠭᠠᠰ ᠡᠳᠦᠷ ᠲᠡᠰᠴᠦ ᠲᠡᠶᠢᠯᠬᠦ ᠦᠭᠡᠢ ᠪᠡᠶ᠎ᠡ ᠠᠳᠡᠳᠡᠭ ᠪᠤᠯᠵᠠᠢ᠃ ᠰᠠᠬᠠᠯᠳᠦ ᠡᠪᠦᠭᠡ ᠶᠢᠨ ᠠᠪᠤ ᠨᠢ ᠬᠠᠶᠢᠯᠠᠷ ᠤᠷᠤᠵᠤ ᠲᠠᠪᠤᠰᠤ ᠬᠤᠳᠠᠯᠳᠤᠵᠤ ᠢᠷᠡᠬᠦ ᠵᠠᠮ ᠳᠠᠭᠠᠨ ᠬᠤᠯᠤᠭᠠᠨ᠎ᠠ ᠶᠢᠨ ᠬᠡᠵᠢᠭ ① ᠲᠡᠯᠭᠡᠷᠡᠭᠰᠡᠨ ᠭᠡᠬᠦ ᠦᠨᠡᠨ ᠬᠤᠳᠠᠯ ᠤᠨ ᠬᠤᠭᠤᠷᠤᠨᠳᠣᠬᠢ ᠮᠠᠭᠤ ᠢᠷᠸ᠎ᠠ ᠎ ᠲᠠᠢ ᠰᠤᠷᠠᠭ ᠶᠢ ᠣᠯᠵᠣ ᠰᠤᠨᠤᠰᠤᠭᠠᠳ ᠡᠬᠡᠨᠡᠷ ᠢᠶᠠᠨ ᠲᠠᠭᠠᠭᠤᠯᠤᠨ ᠲᠡᠭᠦᠨ ᠶᠢ ᠠᠷᠤᠭ ᠲᠤ ᠬᠢᠵᠦ ᠡᠭᠦᠷᠦᠭᠡᠳ ᠡᠮᠦᠨᠡᠰᠢᠯᠡᠨ ᠶᠠᠪᠤᠭᠰᠠᠭᠠᠷ ᠮᠠᠨ ᠤ ᠬᠢᠨ ᠳᠤ ᠢᠷᠡᠵᠡᠢ᠃ ᠡᠬᠢᠯᠡᠬᠦ ᠳᠡᠭᠡᠨ ᠡᠴᠢᠭᠡ ᠨᠢ ᠮᠠᠨ ᠤ ᠬᠢᠨ ᠤ ᠦᠬᠡᠷ ᠢ ᠬᠠᠷᠠᠵᠤ ᠡᠬᠡ ᠨᠢ ᠦᠨᠢᠶ᠎ᠡ ᠰᠠᠭᠠᠯᠢ ᠳᠤ ᠬᠠᠮᠵᠢᠵᠤ ᠪᠠᠶᠢᠭᠰᠠᠭᠠᠷ ᠠᠪᠤ ᠨᠢ ᠨᠢᠭᠡ ᠭᠱᠠᠨ ᠢᠶᠠᠷ ᠪᠦᠬᠦ ᠪᠡᠶ᠎ᠡ ᠨᠢ ᠬᠠᠯᠠᠭᠤᠨ ᠤᠷᠭᠢᠵᠤ ᠬᠠᠮᠠᠷ ᠠᠮᠠᠨ ᠠᠴᠠ ᠪᠠᠨ ᠴᠢᠰᠦ ᠭᠤᠭᠤᠵᠢᠭᠤᠯᠵᠤ ᠡᠬᠢᠯᠡᠭᠡᠳ ᠠᠷᠠᠢ ᠪᠦᠬᠦᠯᠢ ᠡᠳᠦᠷ ᠲᠡᠰᠦᠭᠰᠡᠨ ᠦᠭᠡᠢ ᠰᠦᠢᠳᠦᠭᠰᠡᠨ ᠪᠠᠶᠢᠯ᠎ᠠ᠃ ᠠᠶᠢᠯ ᠠᠶᠢᠮᠠᠭ ᠤᠨ ᠬᠢᠨ ᠬᠡᠭᠦᠷ ᠲᠡᠭᠡᠷ᠎ᠡ ᠨᠢ ᠲᠦᠭᠦᠬᠡᠢ ᠬᠤᠵᠢᠷ ᠰᠠᠴᠣᠵᠣ ᠬᠡᠭᠡᠷ᠎ᠡ ᠠᠪᠠᠴᠢᠵᠤ ᠬᠠᠶᠢᠯᠠᠭᠤᠯᠤᠭᠠᠳ ᠢᠷᠡᠳᠡᠯ᠎ᠡ ᠡᠵᠢ ᠨᠢ ᠪᠠᠰᠠ ᠠᠪᠤ ᠳᠤᠨᠢ ᠠᠳᠠᠯᠢ ᠭᠡᠮ ᠢᠶᠠᠷ ᠮᠦᠩᠬᠡ ᠪᠤᠰᠤ ᠶᠢ ᠦᠵᠡᠭᠦᠯᠦᠭᠡᠳ ᠪᠠᠶᠢᠵᠠᠢ᠃     ᠲᠡᠷᠡ ᠵᠢᠯ ᠰᠠᠬᠠᠯᠳᠦ ᠡᠪᠦᠭᠡ ᠭᠤᠷᠪᠠᠨ ᠨᠠᠰᠤᠳᠠᠢ ᠪᠠᠶᠢᠭᠰᠠᠨ ᠪᠤᠯᠬᠤᠷ ᠡᠯᠦᠨᠴᠡ ᠡᠪᠦᠭᠡ ᠮᠢᠨᠢ ᠡᠯᠢᠭᠡ ᠡᠮᠲᠡᠷᠡᠵᠦ ᠮᠢᠨᠦ ᠡᠪᠦᠭᠡ ᠶᠢᠨ ᠲᠤᠤᠷ᠎ᠠ ᠦᠷᠡᠴᠢᠯᠡᠨ ᠠᠪᠤᠭᠰᠠᠨ ᠠᠴᠠ ᠬᠤᠶᠢᠰᠢ ᠮᠠᠨ ᠤ ᠬᠢᠨ ᠲᠠᠢ ᠨᠢᠭᠡ ᠲᠤᠭᠤᠭᠠᠨ ᠎ ᠳᠤ ᠬᠤᠰᠢᠭᠤ ᠨᠡᠶᠢᠯᠡᠭᠦᠯᠦᠨ ᠬᠠᠮᠳᠤ ᠠᠮᠢᠲᠤᠷᠠᠳᠠᠭ ᠪᠣᠯᠪᠠ᠃ ᠰᠤᠨᠢᠭᠤᠴᠢ ᠲᠠᠢ ᠨᠢ ᠭᠡᠪᠡᠯ ᠲᠤᠷᠤᠶᠢᠳᠠᠭᠰᠠᠨ ᠬᠦᠮᠦᠨ ᠳᠤ ᠲᠠᠪᠬᠤᠷ ᠵᠤᠪᠠᠯᠠᠩ ᠢᠷᠡᠳᠡᠭ ᠨᠢ ᠦᠨᠡᠨ ᠶᠤᠮᠰᠢᠭ ᠠᠪᠤ ᠡᠵᠢ ᠨᠢ ᠨᠦᠭᠴᠢᠭᠡᠳ ᠠᠷᠠᠢ ᠭᠠᠷᠢᠭ ᠪᠣᠯᠤᠭᠠᠳᠤᠢ ᠪᠠᠶᠢᠲᠠᠯ᠎ᠠ ᠰᠠᠬᠠᠯᠳᠦ ᠡᠪᠦᠭᠡ ᠪᠠᠰᠠ ᠠᠪᠤ ᠡᠵᠢ ᠳᠡᠭᠡᠨ ᠠᠳᠠᠯᠢ ᠬᠠᠯᠠᠭᠤᠨ ᠤᠷᠬᠢᠵᠤ ᠤᠨᠴᠠᠭᠠᠢ ᠵᠠᠰᠠᠯᠭ᠎ᠠ ᠠᠪᠬᠤ ᠬᠡᠷᠡᠭᠳᠡᠢ ᠪᠣᠯᠪᠠ᠃ ᠡᠯᠦᠨᠴᠡ ᠡᠪᠦᠭᠡ ᠮᠠᠨᠢ ᠬᠤᠰᠢᠭᠤᠨ ᠰᠦᠮ᠎ᠡ ᠶᠢᠨ ᠰᠣᠳᠣᠨ ᠮᠡᠷᠭᠡᠨ ᠡᠮᠴᠢ ᠲᠤᠮᠴᠢ ᠨᠠᠷ ᠠᠴᠠ ᠮᠤᠩᠭᠤᠯ ᠲᠥᠪᠡᠳ ᠡᠮ ᠲᠠᠩ ᠵᠠᠯᠠᠨ ᠤᠤᠭᠤᠯᠭᠠᠬᠤ ᠶᠢᠨ ᠲᠠᠭᠤ ᠭᠠᠰᠢᠭᠤᠨ ᠪᠤᠯᠠᠭ ᠤᠨ ᠤᠰᠤ ᠎ ᠪᠠᠷ ᠳᠣᠮ ᠰᠢᠪᠰᠢᠯᠭᠡ ᠪᠠᠷᠢᠭᠰᠠᠭᠠᠷ ᠪᠠᠶᠢᠵᠤ ᠬᠠᠯᠠᠭᠤᠨ ᠶᠢ ᠨᠢ ᠲᠠᠷᠤᠵᠤ ᠠᠷᠠᠢ ᠭᠡᠵᠦ ᠠᠮᠢ ᠭᠤᠣᠯ ᠎ ᠲᠠᠢ ᠦᠯᠡᠳᠡᠭᠡᠵᠦ ᠠᠪᠤᠭᠰᠠᠨ ᠪᠤᠯᠪᠠᠴᠤ ᠬᠤᠶᠠᠷ ᠴᠢᠬᠢ ᠨᠢ ᠰᠣᠨᠣᠷ ᠢᠶᠠᠨ ᠠᠯᠳᠠᠵᠤ ᠲᠤᠯᠤᠭᠠᠢ ᠲᠡᠭᠡᠷ᠎ᠡ ᠨᠢ ᠦᠰᠦ ᠤᠷᠭᠤᠬᠤ ᠪᠠᠨ ᠪᠠᠶᠢᠭᠠᠳ ᠰᠠᠬᠠᠯᠳᠤ ᠡᠪᠦᠭᠡ ᠮᠠᠨᠢ ᠨᠠᠰᠤᠨ ᠲᠤᠷᠰᠢᠲᠠ ᠳᠦᠯᠡᠢ ᠲᠡᠭᠡᠷ᠎ᠡ ᠪᠠᠨ ᠬᠤᠵᠢᠭᠡᠷ ᠬᠦᠮᠦᠨ ᠪᠤᠯᠵᠤ ᠬᠤᠴᠤᠷᠠᠪᠠ᠃ ᠡᠨᠡ ᠰᠢᠯᠲᠠᠭᠠᠨ ᠢᠶᠠᠷ ᠪᠡᠷᠢ ᠬᠦᠷᠢ ᠣᠯᠵᠤ ᠠᠪᠤᠭᠰᠠᠨ ᠦᠭᠡᠢ ᠲᠤᠵᠢ ᠪᠡᠶ᠎ᠡ ᠭᠤᠤᠨᠢ ᠭᠠᠭᠴᠠᠭᠠᠷ ᠬᠤᠴᠤᠷᠤᠭᠰᠠᠨ ᠪᠢᠯᠡ᠃    ᠴᠢᠯᠦᠭᠡᠯᠡᠭᠳᠡᠭᠰᠡᠨ ᠤ ᠰᠡᠭᠦᠯᠡᠷ ᠮᠠᠨ ᠤ ᠬᠢᠨ ᠪᠠᠶᠠᠨ ᠮᠠᠯᠴᠢᠨ ᠢᠶᠠᠷ ᠲᠡᠮᠡᠴᠡᠭᠳᠡᠨ ᠮᠠᠯ ᠰᠦᠷᠦᠭ ᠢᠶᠠᠨ ᠬᠤᠷᠢᠶᠠᠯᠭᠠᠭᠰᠠᠨ ᠪᠤᠯᠪᠠᠴᠤ ᠰᠠᠬᠠᠯᠳᠦ ᠡᠪᠦᠭᠡ ᠶᠠᠳᠠᠭᠤ ᠮᠠᠯᠴᠢᠨ ᠢᠶᠠᠷ ᠢᠯᠭᠠᠷᠠᠵᠤ ᠦᠪᠡᠷ ᠤᠨ ᠬᠢ ᠬᠤᠪᠢᠨ ᠤ ᠮᠠᠯ ᠎ ᠲᠠᠢ ᠪᠤᠯᠵᠠᠢ᠃ ᠭᠡᠪᠡᠴᠦ ᠲᠡᠷᠡ ᠮᠠᠨ ᠤ ᠬᠢ ᠠᠴᠠ ᠰᠠᠯᠵᠤ ᠶᠠᠪᠤᠭᠰᠠᠨ ᠦᠭᠡᠢ ᠮᠦᠨ ᠯᠡ ᠴᠠᠭ ᠤᠨ ᠴᠠᠢ ᠪᠠᠨ ᠨᠡᠶᠢᠯᠡᠭᠦᠯᠦᠨ ᠤᠤᠭᠤᠳᠠᠭ ᠪᠠᠶᠢᠲᠠᠯ᠎ᠠ ᠬᠤᠰᠢᠭᠤ ᠨᠣᠳᠤᠭ ᠠᠴᠠ ᠲᠤᠰᠬᠠᠢ ᠵᠢᠭᠠᠪᠣᠷᠢ ᠲᠠᠢ ᠬᠡᠮᠡᠨ ᠰᠢᠨ᠎ᠡ  ᠪᠠᠷ ᠰᠣᠩᠭᠤᠭᠳᠠᠭᠰᠠᠨ ᠭᠠᠴᠠᠭᠠᠨ ᠲᠠᠷᠤᠭ᠎ᠠ ᠪᠠᠴᠢᠮᠳᠠᠭᠤ ᠢᠷᠡᠵᠦ ᠬᠡᠯᠡᠵᠦ ᠦᠭᠭᠦᠭᠰᠡᠨ ᠢ ᠵᠦᠷᠢᠭᠦᠳᠯᠡᠬᠦ ᠶᠢᠨ ᠠᠷᠭ᠎ᠠ  ᠪᠠᠶᠢᠭᠰᠠᠨ ᠦᠭᠡᠢ ᠠᠰᠲᠠᠭᠠᠨ ᠠᠶᠢᠯ ᠭᠠᠷᠴᠤ ᠬᠦᠷᠰᠢᠯᠡᠨ ᠰᠠᠭᠤᠳᠠᠭ ᠪᠣᠯᠵᠠᠢ᠃ ᠲᠡᠭᠡᠵᠦ ᠠᠶᠢᠯ ᠭᠡᠷ ᠨᠢ ᠬᠡᠳᠦᠶᠢᠪᠡᠷ ᠣᠨᠳᠣᠣ ᠪᠣᠯᠣᠭᠰᠠᠨ ᠪᠤᠯᠪᠠᠴᠤ ᠠᠵᠤ ᠠᠮᠢᠲᠤᠷᠠᠯ ᠨᠢ ᠮᠦᠨ ᠯᠡ ᠬᠠᠮᠳᠦ ᠪᠠᠶᠢᠭᠰᠠᠨ ᠪᠣᠯᠬᠤᠷ ᠵᠢᠯ ᠪᠤᠯᠭᠠᠨ ᠡᠪᠦᠯ ᠬᠠᠪᠤᠷ ᠤᠨ ᠤᠯᠠᠷᠢᠯ ᠳᠤ ᠪᠠᠶᠢᠨ ᠲᠠᠬᠢᠨ ︿︿ᠠᠬ᠎ᠠ ᠲᠠᠢ ᠪᠠᠨ ᠴᠤᠭ ᠯᠡ ᠪᠠᠶᠢᠪᠠᠯ ᠠᠶᠢᠯ ᠤᠨ ᠮᠠᠨᠢ ᠲᠤᠭᠤᠨᠤ ᠲᠤᠯᠠᠭᠠᠨ ᠶᠤᠮ ᠡ﹀﹀ ᠭᠡᠭᠰᠡᠭᠡᠷ ᠡᠪᠦᠭᠡ ᠶᠢ ᠵᠢᠭᠡᠯᠡᠨ ᠠᠪᠠᠴᠠᠵᠤ ᠬᠠᠨᠢ ᠪᠤᠯᠭᠠᠨ ᠦᠭᠡ ᠲᠠᠭᠠᠷᠠᠵᠤ ᠰᠠᠭᠤᠳᠠᠭ ᠪᠠ ᠴᠠᠭ ᠤᠯᠠᠷᠢᠯ ᠤᠶᠠᠰᠣᠨ ᠲᠤᠯᠠᠭᠠᠷᠠᠵᠤ ᠤᠲᠤᠷ ᠠᠯᠤᠰ ᠭᠠᠷᠴᠤ ᠶᠠᠪᠤᠬᠤ ᠳᠠᠭᠠᠨ ᠳ᠋ᠠᠩ ᠴᠠᠭᠠᠰᠤ ᠪᠠᠷ ᠨᠠᠭᠠᠭᠠᠭᠰᠠᠨ ᠭᠠᠭᠴᠠᠬᠠᠨ ᠴᠤᠩᠬᠤ ᠲᠠᠢ ᠨᠠᠮᠬᠠᠨ ᠱᠢᠪᠠᠷ ᠭᠡᠷ ᠢᠶᠠᠨ ᠡᠵᠢ ᠳᠤ ᠰᠠᠨᠠᠭ᠎ᠠ ᠠᠮᠤᠷ ᠲᠤᠰᠢᠶᠠᠵᠤ ᠦᠭᠭᠦᠭᠡᠳ ᠰᠦᠷᠦᠭ ᠤᠨ ᠢᠶᠠᠨ ᠠᠷᠤ ᠠᠴᠠ ᠠᠮᠤᠭᠤᠯᠠᠩ ᠬᠦᠭ ᠲᠠᠢ ᠠᠷᠠᠳ ᠤᠨ ᠲᠠᠭᠤᠤ ᠲᠠᠢ ᠪᠠᠨ ᠴᠤᠭᠭᠠᠷ ᠰᠠᠵᠢᠯᠠᠭᠤᠯᠵᠤ ᠬᠤᠯᠠᠳᠳᠠᠭ᠃     ᠪᠤᠳᠤᠪᠠᠯ ᠣᠨ ᠵᠢᠯ ᠢ ᠬᠦᠮᠦᠨ ᠵᠤᠬᠢᠶᠠᠭᠰᠠᠨ ᠶᠤᠮᠰᠢᠭ ᠦᠪᠡᠷ ᠤᠨ ᠢᠶᠠᠨ ᠪᠤᠯᠭᠠᠬᠤ ᠭᠡᠵᠦ ᠤᠴᠢᠷ ᠦᠭᠡᠢ ᠶᠡᠭᠡ ᠵᠢᠳᠭᠦᠵᠦ ᠭᠠᠷᠳᠠᠭ᠃ ᠡᠰᠡᠷᠭᠦ ᠳᠤᠨᠢ ᠡᠳᠦᠷ ᠰᠠᠷ᠎ᠠ ᠯᠡ ᠡᠮᠵᠢᠭ ᠦᠭᠡᠢ ᠪᠦᠷᠢᠨ ᠪᠦᠳᠦᠨ ᠢᠶᠠᠷ ᠢᠶᠠᠨ ᠦᠯᠡᠳᠡᠳᠡᠭ ᠠᠲᠠᠯ᠎ᠠ ᠡᠷᠡᠭᠦᠯ ᠰᠠᠷᠠᠭᠤᠯ ᠪᠠᠶᠢᠭᠰᠠᠨ ᠬᠦᠮᠦᠨ ᠠᠮᠢᠲᠠᠨ ᠨᠢ ᠬᠠᠷᠢᠨ ᠦᠪᠡᠷ ᠢ ᠪᠠᠨ ᠦᠪᠡᠷᠳᠡᠭᠡᠨ ᠠᠯᠳᠠᠳᠠᠭ ᠨᠢ ᠬᠡᠨ ᠴᠤ ᠵᠠᠶᠢᠳᠠᠭᠤᠯᠵᠤ ᠴᠢᠳᠠᠰᠢ ᠦᠭᠡᠢ ᠡᠩ ᠶᠢᠷᠳᠢᠨᠴᠦ ᠶᠢᠨ ᠡᠷᠴᠢᠮ ᠬᠠᠲᠠᠭᠤ ᠶᠤᠰᠤ ᠪᠠᠶᠢᠵᠠᠢ᠃ ᠨᠠᠷᠠᠨ ᠰᠠᠷᠠᠨ ᠤ ᠬᠤᠭᠤᠷᠤᠨᠳᠦ ᠭᠤᠪᠢ ᠶᠢᠨ ᠴᠡᠩᠭᠡᠷ ᠰᠢᠪᠠᠭᠤ ᠰᠢᠭ᠋ ᠡᠷᠬᠡ ᠬᠠᠶᠢᠷᠬᠠᠨ ᠵᠢᠷᠭᠢᠵᠦ ᠶᠠᠪᠤᠭᠰᠠᠨ ᠰᠠᠬᠠᠯᠳᠦ ᠡᠪᠦᠭᠡ ᠶᠢᠨ ᠮᠢᠨᠢ ᠮᠠᠩᠨᠠᠢ ᠶᠢᠨ ᠠᠳᠤᠷᠢᠶ᠎ᠠ ᠨᠢ ᠦᠵᠡᠳᠡᠯ᠎ᠡ ᠴᠢᠷᠠᠢ ᠲᠡᠭᠡᠷ᠎ᠡ ᠨᠢ ᠰᠢᠯᠵᠢᠵᠦ ᠨᠢᠳᠦᠨ ᠵᠣᠪᠬᠢᠨ ᠳᠤᠨᠢ ᠨᠤᠶᠢᠳᠡᠨ ᠬᠦᠯᠭᠢ ᠰᠠᠭᠤᠭᠰᠠᠭᠠᠷ ᠬᠦᠳᠡᠯᠵᠦ ᠪᠠᠷᠢᠬᠤ ᠳᠠᠭᠠᠨ ᠬᠦᠴᠢᠷᠳᠡᠵᠦ ᠡᠬᠢᠯᠡᠭᠰᠡᠨ ᠪᠠᠶᠢᠯ᠎ᠠ᠃     ᠠᠯᠢ ᠡᠷᠲᠡ ᠲᠤᠲᠤᠷ᠎ᠠ ᠪᠠᠨ  ᠲᠤᠭ᠎ᠠ ᠲᠠᠢ ᠪᠠᠶᠢᠭᠰᠠᠨ ᠠᠪᠤ ᠡᠵᠢ ᠬᠤᠶᠠᠭᠤᠯᠠ ᠨᠢᠭᠡᠯᠬᠡᠨ ᠰᠠᠨᠠᠭ᠎ᠠ ᠠᠮᠤᠷ ᠦᠭᠡᠢ ᠪᠣᠯᠤᠭᠰᠠᠨ ᠨᠢ ᠢᠯᠡᠷᠬᠡᠢ᠂ ᠪᠠᠷᠢᠭᠠᠳᠠ ᠶᠢᠨ ᠲᠠᠷᠤᠭ᠎ᠠ ᠶᠢ ᠡᠷᠢᠵᠦ ᠲᠡᠭᠦᠨ ᠤ ᠠᠯᠤᠰ ᠭᠠᠷᠴᠤ ᠤᠲᠤᠷ ᠶᠠᠪᠤᠬᠤ ᠶᠢ ᠨᠢ ᠪᠠᠶᠢᠯᠭᠠᠨ ᠠᠶᠢᠯ ᠤᠨ ᠰᠦᠷᠦᠭ②᠎ ᠢ ᠬᠠᠷᠢᠭᠤᠯᠬᠤ ᠪᠠᠷ ᠪᠣᠯᠣᠭᠰᠠᠨ ᠤ ᠲᠠᠭᠤ ᠡᠪᠦᠭᠡ ᠎ ᠶᠢᠨ ᠲᠠᠭᠠᠯᠠᠯ ᠲᠡᠭᠦᠰᠬᠦ ᠠᠴᠠ ᠪᠠᠨ ᠡᠮᠦᠨ᠎ᠡ ᠲᠤᠰᠢᠶᠠᠵᠤ ᠦᠭᠭᠦᠭᠰᠡᠨ ᠭᠡᠷᠢᠶᠡᠰ ᠶᠤᠰᠤᠭᠠᠷ ᠡᠷᠦᠭᠡ ᠭᠡᠷ ᠲᠡᠭᠡᠨ ᠲᠤᠰᠴᠤ ᠢᠷᠡᠨ ᠴᠤᠭ ᠲᠠᠭᠠᠨ ᠰᠠᠭᠤᠶ᠎ᠠ ᠭᠡᠵᠦ ᠠᠬᠢᠨ ᠲᠠᠬᠢᠨ ᠴᠢᠷᠮᠠᠶᠢᠳᠠᠭ ᠪᠣᠯᠪᠠ᠃ ᠭᠡᠪᠡᠴᠦ ᠰᠠᠬᠠᠯᠳᠦ ᠡᠪᠦᠭᠡ ᠮᠠᠨᠢ ︿︿ᠡᠨᠡᠬᠡᠨ ᠵᠠᠭᠤᠷ᠎ᠠ ᠠᠪᠠᠭ᠎ᠠ ᠨᠢ ᠯᠠᠪ ᠤᠳᠠᠰᠣᠨ ᠠᠮᠢᠨ ᠳᠠᠭᠠᠨ ᠵᠦᠪᠯᠡᠬᠦ ᠶᠤᠮ᠂ ᠬᠤᠵᠢᠮ ᠳᠠᠭᠠᠨ ᠪᠠᠶᠢᠵᠤ ᠪᠤᠯᠤᠶ᠎ᠠ᠃﹀﹀ ᠭᠡᠭᠰᠡᠭᠡᠷ ᠦᠷᠯᠦᠭᠡ ᠶᠢᠨ ᠴᠠᠢ ᠪᠠᠨ ᠤᠤᠭᠤᠵᠤ ᠪᠠᠷᠠᠭᠰᠠᠭᠠᠷ ᠮᠦᠨ ᠲᠤᠭᠲᠠᠭᠰᠠᠨ ᠵᠤᠷᠰᠢᠯ ᠳᠠᠭᠠᠨ ᠡᠵᠡᠯᠡᠭᠳᠡᠨ ᠦᠬᠡᠷ ᠎ ᠤᠳ  ᠢᠶᠠᠨ ᠲᠠᠭᠤᠨ ᠭᠠᠷᠴᠤ ᠶᠠᠪᠤᠭᠠᠳ ᠦᠳᠡᠰᠢ ᠳᠡᠭᠡᠨ ᠨᠠᠷᠠ ᠰᠢᠩᠭᠡᠬᠦ ᠶᠢᠨ ᠠᠯᠲᠠ ᠪᠠᠷ ᠬᠠᠷᠢᠵᠤ ᠢᠷᠡᠳᠡᠭ᠃     ᠡᠪᠦᠭᠡ ᠶᠢᠨ ᠰᠦᠷᠦᠭ ᠠᠶᠢᠯ ᠤᠶᠢᠷᠠᠳᠴᠤ ᠢᠷᠡᠬᠦ ᠦᠶᠡᠰ ᠠᠬ᠎ᠠ ᠪᠢᠳᠠ ᠬᠤᠶᠠᠭᠤᠯᠠ ᠬᠠᠷ᠎ᠠ ᠬᠤᠷᠳᠦ ᠎ ᠪᠠᠷ ᠦᠭᠡᠳᠡ ᠠᠴᠠ ᠨᠢ ᠲᠤᠰᠤᠨ ᠣᠴᠢᠵᠣ ᠬᠠᠮᠵᠢᠯᠭ᠎ᠠ ᠪᠤᠯᠵᠤ ᠦᠭᠬᠦ ᠳᠤ ᠡᠵᠢ ᠴᠦ ᠭᠠᠷᠴᠤ ᠤᠴᠢᠭᠠᠳ ᠦᠪᠡᠷ ᠤᠨ ᠦᠨᠢᠶᠠᠳ ᠢᠶᠠᠨ ᠰᠠᠯᠭᠠᠨ ᠠᠪᠴᠤ ᠪᠢ ᠲᠤᠭᠤᠯ ᠲᠠᠲᠠᠵᠤ ᠦᠭᠭᠦᠨ᠎ᠡ᠃ ᠲᠡᠭᠡᠵᠦ ᠰᠡᠳᠬᠢᠯ ᠡᠮᠲᠡᠷᠡᠮ᠎ᠡ ᠲᠤᠰᠤᠨ ᠰᠢᠷᠭᠠᠯ ᠲᠤᠯᠤᠩ ᠢ ᠣᠯᠵᠠ ᠲᠠᠢ ᠠᠮᠵᠢᠨ ᠬᠦᠭ ᠨᠡᠶᠢᠯᠡᠭᠦᠯᠦᠨ ᠱᠤᠯᠭᠤᠨᠠᠬᠤ ᠪᠤᠷᠤ ᠪᠤᠯᠵᠤᠮᠤᠷ ᠶᠢᠨ ᠲᠠᠭᠤᠨ ᠠᠴᠠ ᠥᠭᠡᠷ᠎ᠡ ᠳᠡᠮᠡᠢ ᠠᠨᠢᠷ ᠴᠢᠮᠡᠭᠡ ᠦᠭᠡᠢ ᠪᠠᠶᠢᠭᠰᠠᠨ ᠬᠦᠳᠡᠭᠡ ᠠᠷᠠᠯ ᠮᠠᠨᠢ ᠲᠡᠷᠡᠬᠡᠨ ᠵᠠᠭᠤᠷ᠎ᠠ ᠨᠢᠭᠡᠮᠦᠰᠦᠨ ᠦᠨᠢᠶ᠎ᠡ ᠲᠤᠭᠤᠯ ᠨᠦᠭᠦᠳ ᠤᠨ ᠮᠠᠬᠠᠷᠠᠨ ᠮᠦᠭᠡᠷᠡᠬᠦ ᠨᠠᠶᠢᠷᠠᠯ ᠲᠠᠭᠤᠨ ᠢᠶᠠᠷ ᠲᠦᠭᠦᠷᠴᠦ ᠰᠠᠭᠤᠯᠭ᠎ᠠ ᠳᠡᠭᠦᠵᠢᠯᠡᠭᠰᠡᠨ ᠠᠶᠢᠯ ᠠᠶᠢᠮᠠᠭ ᠤᠨ ᠪᠡᠷᠢᠶᠡᠳ ᠬᠡᠦᠬᠡᠳ ᠵᠠᠯᠠᠨ ᠵᠦᠭ ᠲᠡᠭᠡᠨ ᠦᠵᠡᠰᠭᠦᠯᠡᠩ ᠱᠤᠤᠬᠢᠵᠤ ᠡᠬᠢᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号