ᠰᠠᠬᠠᠯᠳᠦ ᠡᠪᠦᠭᠡ (3)
ᠨᠡᠶᠢᠲᠡᠯᠡᠭᠰᠡᠨ ᠴᠠᠭ᠄
2020/11/10
 ᠰᠠᠬᠠᠯᠳᠦ ᠡᠪᠦᠭᠡ ᠭᠠᠭᠴᠠ ᠪᠡᠶ᠎ᠡ ᠬᠦᠮᠦᠨ ᠪᠤᠯᠬᠤᠷ ᠵᠢᠯ ᠤᠨ ᠣᠷᠣᠯᠭ᠎ᠠ ᠵᠤᠵᠠᠭᠠᠨ ᠪᠦᠭᠡᠳ ᠪᠠᠷᠢᠭᠠᠳᠠ ᠠᠴᠠ ᠬᠤᠪᠢᠶᠠᠭᠰᠠᠨ ᠵᠢᠯ ᠤᠨ ᠬᠦᠨᠡᠰᠦᠨ ᠠᠮᠤ ᠪᠠᠨ ᠮᠠᠨ ᠤ ᠬᠢ ᠳᠤ ᠲᠠᠯᠪᠢᠳᠠᠭ᠃ ᠡᠵᠢ ᠠᠮᠤ ᠶᠢ ᠨᠢ ᠴᠠᠶᠢᠯᠭᠠᠵᠤ ᠦᠭᠳᠡᠭ ᠪᠠ ᠱᠠᠬᠠᠢ ᠭᠤᠳᠣᠯ᠂ ᠬᠤᠪᠠᠴᠠᠰᠤ ᠬᠤᠨᠠᠷ ᠶᠢ ᠨᠢ ᠤᠶᠤᠵᠤ ᠲᠤᠪᠬᠢᠵᠤ ᠥᠭᠭᠦᠨ᠎ᠡ᠃ ᠨᠢᠭᠡ ᠰᠤᠨᠢᠨ ᠨᠢ ᠭᠡᠪᠡᠯ ᠰᠠᠬᠠᠯᠳᠦ ᠡᠪᠦᠭᠡ ᠬᠡᠵᠢᠶᠡᠳᠡ ᠵᠤᠭᠤᠰ ᠢᠶᠠᠷ ᠲᠤᠲᠠᠳᠠᠭ ᠦᠭᠡᠢ ᠪᠠᠶᠢᠵᠤ ᠦᠷᠭᠦᠯᠵᠢ ᠰᠤᠮᠤᠨ ᠤ ᠲᠡᠯᠭᠡᠭᠦᠷ ᠲᠤ ᠶᠠᠪᠤᠨ ᠰᠢᠬᠢᠷ ᠪᠤᠭᠤᠷᠰᠤᠭ᠂ ᠲᠠᠪᠤᠰᠤ ᠴᠠᠢ᠂ ᠠᠷᠢᠬᠢ ᠲᠣᠰᠣ ᠠᠪᠴᠦ ᠢᠷᠡᠳᠡᠭ᠃ ᠵᠠᠷᠢᠮ ᠳᠠᠭᠠᠨ ᠡᠵᠢ ᠳᠤ ᠪᠠᠰᠠ ᠬᠡᠦᠭᠡᠨ ᠳᠡᠭᠡᠨ ᠠᠪᠤᠭᠰᠠᠨ ᠶᠤᠮ ᠭᠡᠵᠦ ᠬᠤᠷᠴᠠ ᠦᠩᠭᠡᠳᠡᠢ ᠤᠯᠠᠭᠠᠨ ᠨᠤᠭᠤᠭᠠᠨ ᠡᠩ ᠲᠠᠢ ᠲᠣᠷᠭ᠎ᠠ ᠪᠤᠶᠤ ᠪᠦᠰ ᠪᠠᠷᠠᠭ᠎ᠠ ᠠᠴᠠ ᠠᠪᠴᠢᠷᠠᠵᠤ ᠦᠭᠳᠡᠭ ᠪᠠ ᠠᠬ᠎ᠠ ᠪᠢᠳᠡ ᠬᠤᠶᠠᠭᠤᠯᠠ ᠳᠤ ᠲᠤᠭᠯᠠᠮ ᠤᠨ ᠫᠤᠤ᠂ ᠭᠤᠶᠣ ᠬᠢᠴᠡ ᠲᠠᠢ ᠤᠷᠳᠦ ᠪᠦᠷᠢᠶ᠎ᠡ ᠵᠢᠴᠢ ᠪᠠᠭᠯᠠᠭ᠎ᠠ ᠲᠠᠢ ᠰᠢᠬᠢᠷ ᠠᠪᠴᠢᠷᠠᠵᠤ ᠦᠭᠳᠡᠭ᠃ ᠪᠢ ᠡᠪᠦᠭᠡ ᠶᠢᠨ ᠢᠶᠠᠨ ᠠᠪᠴᠢᠷᠷᠠᠵᠤ ᠦᠭᠭᠦᠭᠰᠡᠨ ᠤᠷᠳᠦ ᠡᠰᠢ ᠲᠠᠢ ᠫᠤᠤ ᠶᠢ ᠠᠷᠤ ᠳᠠᠭᠠᠨ ᠡᠭᠦᠷᠴᠦ ᠲᠡᠭᠡᠷ᠎ᠡ ᠬᠦᠭ ᠲᠠᠢ ᠪᠦᠷᠢᠶ᠎ᠡ ᠪᠠᠨ ᠦᠯᠢᠶᠡᠭᠰᠡᠭᠡᠷ ᠠᠶᠢᠯ ᠤᠨ ᠬᠡᠦᠬᠡᠳ ᠤᠳ ᠢ ᠴᠤᠭᠯᠠᠭᠤᠯᠤᠨ ᠲᠠᠶᠢᠰᠦᠨ ᠲᠠᠢ ᠪᠠᠶᠢᠯᠳᠤᠵᠤ ᠪᠠᠶᠢᠨ᠎ᠠ ᠭᠡᠵᠦ ᠨᠠᠭᠠᠳᠴᠤ ᠡᠬᠢᠯᠡᠬᠦ ᠳᠤ ᠲᠡᠷᠡ ᠤᠯᠠᠨ ᠬᠡᠦᠬᠡᠳ ᠤᠳ ᠪᠦᠷ ᠨᠠᠳᠠ ᠶᠢ ᠪᠠᠭ᠋ᠠᠷᠬᠠᠵᠤ ᠮᠢᠨᠦ ᠦᠭᠡ ᠶᠢ ᠳᠠᠭᠠᠭᠰᠠᠭᠠᠷ ᠦᠪᠡᠷ ᠦᠪᠡᠷ ᠤᠨ ᠤᠷᠤᠨ ᠪᠠᠶᠢᠷᠢ ᠪᠠᠨ ᠤᠯᠤᠭᠠᠳ ᠲᠤᠮᠲᠠ ᠪᠠᠨ ᠪᠠᠶᠢᠯᠳᠤᠭᠠᠨ ᠪᠤᠯᠵᠤ ᠦᠢᠮᠡᠯᠳᠦᠨ᠎ᠡ᠃ ᠵᠠᠷᠢᠮ ᠳᠠᠭᠠᠨ ᠨᠠᠭᠠᠳᠤᠮ ᠨᠢ ᠨᠠᠷᠬᠢᠶᠠᠨ ᠪᠢᠰᠢ ᠪᠣᠯᠵᠣ ᠬᠤᠭᠤᠷᠤᠨᠳᠦ ᠪᠠᠨ ᠬᠡᠷᠡᠭᠦᠯ ᠪᠤᠯᠤᠨ ᠲᠠᠷᠬᠠᠵᠠᠭᠠᠳᠠᠭ ᠪᠠᠶᠢᠭᠰᠠᠨ ᠪᠤᠯᠪᠠᠴᠤ ᠡᠷᠬᠢᠭᠡᠳ ᠪᠠᠰᠠ ᠲᠡᠮᠡᠢ ᠬᠡᠳᠦᠨ ᠡᠳᠦᠷ ᠤᠳᠠᠯ ᠦᠭᠡᠢ ᠨᠢᠭᠡ ᠲᠤᠤᠷ᠎ᠠ ᠴᠤᠭᠯᠠᠷᠠᠨ ᠠᠯᠢᠶᠠᠷᠬᠠᠨ ᠲᠤᠭᠯᠠᠵᠠᠭᠠᠳᠠᠭ ᠪᠠᠶᠢᠯ᠎ᠠ᠃      ᠠᠪᠤ ᠲᠡᠷᠡ ᠦᠶ᠎ᠡ ᠳᠤ ᠰᠤᠮᠤᠨ ᠤ ᠵᠠᠰᠠᠭ ᠲᠤ ᠠᠯᠪᠠᠯᠠᠳᠠᠭ ᠪᠠᠶᠢᠭᠰᠠᠨ ᠲᠤᠯᠠ ᠮᠠᠨ ᠤ ᠬᠢᠨ ᠳᠤ ᠡᠪᠡᠰᠦ ᠲᠦᠯᠡᠭᠡ ᠠᠪᠬᠤ ᠡᠷ᠎ᠡ ᠬᠦᠮᠦᠨ ᠲᠤᠲᠠᠭᠳᠠᠳᠠᠭ ᠪᠠᠶᠢᠵᠠᠢ᠃ ᠵᠢᠯ ᠤᠨ ᠰᠡᠭᠦᠯᠴᠢ ᠪᠣᠯᠬᠤ ᠳᠤ ᠯᠡ ᠠᠪᠤ ᠮᠠᠨᠢ ᠨᠢᠭᠡ ᠴᠢᠯᠦᠭᠡ ᠣᠯᠵᠣ ᠭᠡᠷ ᠲᠡᠭᠡᠨ ᠬᠠᠷᠢᠵᠤ ᠢᠷᠡᠳᠡᠭ᠃ ᠠᠪᠤ ᠬᠠᠷᠢᠵᠤ ᠢᠷᠡᠪᠡᠯ ᠰᠠᠬᠠᠯᠳᠦ ᠡᠪᠦᠭᠡ ᠭᠠᠴᠠᠭᠠᠨ ᠠᠴᠠ ᠲᠡᠷᠭᠡ ᠬᠦᠰᠭᠡ ᠭᠤᠶᠤᠵᠤ ᠤᠯᠤᠭᠠᠳ ᠦᠪᠡᠷ ᠤᠨ ᠰᠦᠷᠦᠭ ᠢᠶᠠᠨ ᠪᠡᠯᠴᠢᠭᠡᠷᠯᠡᠭᠦᠯᠬᠦ ᠶᠢᠨ ᠲᠠᠭᠤ ᠳᠤ ᠲᠡᠭᠦᠵᠦ ᠤᠶᠢᠷᠠᠳᠣᠭᠤᠯᠣᠭᠰᠠᠨ ᠠᠷᠭᠠᠯ ᠲᠦᠯᠡᠭᠡ ᠪᠠᠨ ᠲᠡᠭᠡᠭᠡᠵᠦ ᠢᠷᠡᠳᠡᠭ ᠲᠤᠯᠠ ᠮᠠᠨ ᠤ ᠬᠢ ᠠᠶᠢᠯ ᠭᠡᠷ ᠲᠡᠭᠡᠨ ᠬᠦᠳᠡᠯᠮᠦᠷᠢ ᠬᠦᠴᠦ ᠦᠭᠡᠢ ᠪᠠᠶᠢᠯ᠎ᠠ ᠴᠦ ᠭᠡᠳ ᠬᠡᠨ ᠨᠢᠭᠡᠨ ᠠᠴᠠ ᠳᠤᠲᠠᠭᠤ ᠦᠭᠡᠢ ᠵᠢᠯ ᠲᠤᠷᠰᠢ ᠲᠠᠷ ᠰᠠᠶᠢᠳᠠᠢ ᠲᠦᠯᠡᠭᠡ ᠠᠷᠭᠠᠯ ᠵᠠᠷᠤᠳᠠᠭ᠃ ᠠᠶᠢᠯ ᠠᠶᠢᠮᠠᠭ ᠤᠨ ᠬᠢᠨ ᠭᠡᠷ ᠤᠨ ᠡᠵᠡᠨ ᠨᠢ ᠤᠯᠤᠰ ᠤᠨ ᠴᠠᠯᠢᠩ ᠮᠦᠩᠬᠦ ᠲᠠᠢ᠂ ᠡᠷᠭᠦᠭᠰᠡᠨ ᠠᠪᠠᠭ᠎ᠠ ᠨᠢ ᠠᠷᠤ ᠲᠠᠯ᠎ᠠ ᠶᠢᠨ ᠲᠦᠰᠢᠯᠭᠡ ᠰᠠᠶᠢᠲᠠᠢ ᠦᠨᠡᠬᠡᠷ ᠡᠶ᠎ᠡ ᠬᠠᠶᠢᠷ᠎ᠠ ᠪᠠᠷ ᠢᠶᠠᠨ ᠨᠡᠶᠢᠯᠡᠵᠦ ᠡᠪ ᠨᠠᠶᠢᠷ ᠪᠠᠨ ᠣᠯᠵᠣ ᠰᠠᠭᠤᠭᠰᠠᠨ ᠠᠶᠢᠯ ᠪᠦᠯᠢ ᠪᠠᠶᠢᠨ᠎ᠠ ᠳ᠋ᠠ ᠭᠡᠵᠦ ᠠᠲᠠᠭ᠎ᠠ ᠬᠦᠷᠴᠦ ᠭᠠᠷᠳᠠᠭ ᠢ ᠨᠢ ᠪᠢ ᠦᠷᠭᠦᠯᠵᠢ ᠤᠯᠵᠣ ᠰᠣᠨᠣᠰᠳᠠᠭ ᠪᠠᠶᠢᠭᠰᠠᠨ ᠶᠤᠮ᠃      ᠠᠪᠤ ᠰᠣᠮᠣᠨ ᠠᠴᠠ ᠬᠠᠷᠢᠬᠤ ᠢᠷᠡᠬᠦ ᠳᠡᠭᠡᠨ ᠶᠠᠭᠠᠬᠢᠭᠰᠠᠨ ᠴᠤ ᠮᠠᠷᠳᠠᠯ ᠦᠭᠡᠢ ᠡᠪᠦᠭᠡ ᠳᠤ ᠰᠠᠶᠢᠨ ᠠᠷᠢᠬᠢ ᠠᠪᠴᠢᠷᠠᠵᠤ ᠦᠭᠳᠡᠭ ᠢᠶᠠᠷ ᠪᠠᠷᠠᠬᠤ ᠦᠭᠡᠢ ᠲᠡᠭᠦᠨ ᠤ ᠢᠳᠡᠬᠦ ᠲᠤᠷᠠᠳᠠᠢ ᠲᠡᠮᠡᠭᠡᠨ ᠬᠤᠷᠭᠤᠤᠯ ᠤᠨ ᠪᠤᠭᠤᠷᠰᠤᠭ③ ᠠᠪᠴᠢᠷᠠᠵᠤ ᠦᠭᠳᠡᠭ᠃ ᠡᠪᠦᠭᠡ ᠮᠠᠨᠢ ᠠᠷᠢᠬᠢ ᠶᠢ ᠨᠢ ᠪᠠᠭ᠎ᠠ ᠬᠤᠪᠳᠤᠭ ᠤᠤᠭᠤᠳᠠᠭ ᠪᠤᠯᠪᠠᠴᠤ ᠪᠤᠭᠤᠷᠰᠤᠭ ᠲᠤᠨᠢ ᠬᠠᠷᠢᠨ ᠲᠤᠩ ᠠᠷᠪᠢᠳᠠᠢ ᠭᠠᠮᠳᠠᠢ ᠪᠠᠶᠢᠵᠤ ᠭᠡᠷ ᠲᠤᠨᠢ ᠠᠶᠢᠯ ᠰᠠᠬᠠᠯᠲᠠ ᠶᠢᠨ ᠬᠡᠦᠬᠡᠳ ᠱᠤᠤᠬᠠᠳ ᠤᠴᠢᠳᠠᠭ ᠦᠶᠡᠰ ᠲᠡᠭᠦᠨ ᠢ ᠪᠠᠨ ᠪᠡᠯᠭᠡ ᠲᠠᠢ ᠶᠤᠮ ᠭᠡᠵᠦ ᠠᠳᠬᠤᠭᠤᠯᠵᠤ ᠭᠠᠷᠭᠠᠳᠠᠭ᠃ ᠦᠳᠡᠰᠢ ᠳᠡᠭᠡᠨ ᠤᠨᠲᠠᠬᠤ ᠳᠤ ᠲᠠᠭᠠᠳᠠᠢ ᠶᠤᠮ ᠭᠡᠵᠦ ᠮᠢᠨᠦ ᠡᠯᠦᠨᠴᠡ ᠡᠪᠦᠭᠡ ᠶᠢᠨ ᠦᠯᠡᠳᠡᠭᠡᠵᠦ ᠦᠭᠭᠦᠭᠰᠡᠨ ᠰᠢᠷ᠎ᠠ ᠭᠠᠤᠯᠢᠨ ᠬᠤᠪᠢᠩ ᠳᠤ ᠬᠡᠳᠦᠨ ᠬᠤᠨᠳᠠᠭ᠎ᠠ ᠪᠠᠨ ᠬᠠᠯᠠᠭᠤᠯᠵᠤ ᠤᠤᠭᠤᠭᠠᠳ ᠰᠠᠶ᠋ᠢ ᠤᠷᠤᠨ ᠳᠠᠭᠠᠨ ᠤᠷᠤᠳᠠᠭ ᠪᠤᠯᠪᠠᠴᠤ ᠪᠠᠰᠠ ᠵᠠᠷᠢᠮ ᠨᠢᠭᠡ ᠎ ᠳᠡᠭᠡᠨ ᠪᠠᠭ᠎ᠠ ᠬᠠᠯᠠᠰᠳᠠᠭ ᠪᠤᠯᠵᠤ ᠦᠭᠡ ᠨᠢ ᠤᠯᠠᠰᠢᠷᠠᠨ ᠶᠠᠭᠤ ᠨᠢᠭᠡ ᠶᠠᠭᠤᠮ᠎ᠠ ᠶᠠᠷᠢᠵᠤ ᠰᠠᠭᠤᠳᠠᠭ ᠪᠠᠶᠢᠪᠠ᠃      ᠰᠠᠬᠠᠯᠳᠦ ᠡᠪᠦᠭᠡ ᠨᠠᠳᠠ ᠶᠢ ᠠᠪᠬᠠᠯᠵᠢ ᠴᠡᠴᠡᠨ ᠲᠦᠷᠦᠭᠰᠡᠨ ᠬᠡᠦᠬᠡᠳ ᠪᠤᠢ᠂ ᠬᠤᠵᠢᠮ ᠯᠠᠪ ᠠᠪᠤ ᠳᠠᠭᠠᠨ ᠠᠳᠠᠯᠢ ᠶᠠᠭᠤ ᠨᠢᠭᠡ ᠨᠢ ᠪᠤᠯᠵᠤ ᠮᠡᠳᠡᠬᠦ ᠶᠤᠮ ᠳ᠋ᠡ ᠭᠡᠵᠦ ᠦᠷᠭᠦᠯᠵᠢ ᠪᠠᠭ᠋ᠠᠷᠬᠠᠨ ᠦᠭᠡᠶᠢᠯᠡᠳᠡᠭ ᠪᠣᠯᠬᠤᠷ ᠪᠢ ᠡᠪᠦᠭᠡ ᠳᠡᠭᠡᠨ ᠢᠯᠡᠭᠦᠦ ᠨᠠᠭᠠᠯᠳᠣᠬᠤ ᠲᠤᠷᠡᠳᠡᠢ᠃ ᠨᠢᠭᠡ ᠦᠳᠡᠰᠢ ᠬᠤᠭᠤᠯᠠᠨ ᠤ ᠲᠠᠷᠠᠭ᠎ᠠ ᠠᠶᠢᠯ ᠤᠨ ᠬᠤᠶᠠᠷ ᠬᠡᠦᠬᠡᠳ ᠢ ᠲᠠᠭᠠᠭᠤᠯᠤᠨ ᠭᠡᠷ ᠲᠤᠨᠢ ᠣᠷᠣᠬᠤ ᠳᠤ ᠡᠪᠦᠭᠡ ᠮᠠᠨᠢ ᠥᠨᠥᠬᠢ ᠬᠠᠳᠠᠭᠤ ᠬᠠᠷ᠎ᠠ ᠤᠰᠤ ᠪᠠᠨ ᠪᠠᠭ᠎ᠠ ᠢᠯᠡᠭᠦᠬᠡᠨ ᠪᠠᠯᠭᠤᠴᠢᠬᠠᠭᠠᠳ ᠴᠢᠷᠠᠢ ᠪᠠᠨ ᠤᠯᠠᠶᠢᠯᠭᠠᠨ ᠰᠠᠭᠤᠵᠤ ᠪᠠᠶᠢᠯ᠎ᠠ᠃ ᠪᠢᠳᠡ ᠲᠡᠭᠦᠨ ᠶᠢ ᠱᠤᠭ ᠲᠠᠢ ᠦᠯᠢᠭᠡᠷ ᠶᠠᠷᠢᠵᠤ ᠦᠭᠭᠦᠭᠡᠷᠡᠢ ᠭᠡᠵᠦ ᠭᠤᠶᠣᠭᠰᠠᠨ ᠳᠤ ᠡᠪᠦᠭᠡ ᠮᠠᠨᠢ ᠰᠠᠬᠠᠯ ᠢᠶᠠᠨ ᠬᠡᠳᠦ ᠰᠢᠪᠲᠤᠷᠴᠦ ᠠᠪᠤᠭᠠᠳ ᠲᠡᠶᠢᠮᠦ ᠨᠢᠭᠡᠨ ᠰᠤᠨᠣᠰᠬᠤ ᠳᠤ ᠦᠯᠢᠭᠡᠷ ᠶᠤᠮᠰᠢᠭ ᠪᠤᠯᠪᠠᠴᠤ ᠶᠠᠭ ᠥᠪ ᠦᠨᠡᠨ ᠶᠠᠪᠤᠳᠠᠯ ᠶᠤᠮᠰᠢᠭ ᠭᠠᠶᠢᠬᠠᠯᠳᠠᠢ ᠤᠴᠢᠷ ᠢ ᠶᠠᠷᠢᠵᠤ ᠭᠠᠷᠪᠠ᠃      ᠮᠠᠨ ᠤ ᠵᠡᠭᠦᠨ ᠪᠠᠷᠢᠭᠠᠳᠠ ᠳᠤ ᠪᠠᠭᠠᠳᠤᠷᠰᠠᠩ ᠭᠡᠳᠡᠭ ᠨᠢᠭᠡ ᠡᠪᠦᠭᠡᠨ ᠪᠠᠶᠢᠵᠠᠢ᠃ ᠠᠮᠢ ᠲᠡᠵᠢᠭᠡᠬᠦ ᠭᠠᠭᠴᠠᠬᠠᠨ ᠬᠦᠦ ᠨᠢ ᠴᠡᠷᠢᠭ ᠮᠤᠳᠤᠨ ᠳᠤ ᠶᠠᠪᠤᠵᠤ ᠪᠦᠳᠦᠭᠦᠨ ᠭᠤᠶ᠎ᠠ ᠳᠠᠭᠠᠨ ᠲᠡᠯᠪᠡᠷᠡᠭᠰᠡᠨ ᠲᠠᠷᠢ ᠦᠨᠦᠷᠳᠦᠭᠦᠯᠦᠭᠡᠳ ᠲᠤᠮᠤ ᠭᠠᠪᠢᠶ᠎ᠠ ᠪᠠᠶᠢᠭᠤᠯᠵᠤ ᠬᠦᠬᠡᠬᠤᠳᠠ ᠳᠤ ᠠᠵᠢᠯ ᠦᠢᠡᠯᠰ ᠲᠠᠢ ᠪᠣᠯᠣᠨ ᠠᠶᠢᠯ ᠡᠷᠦᠭᠡ ᠪᠤᠰᠬᠠᠵᠤ ᠠᠮᠢᠲᠤᠷᠠᠳᠠᠭ ᠪᠠᠶᠢᠵᠠᠢ᠃ ᠡᠪᠦᠭᠡᠨ ᠨᠢᠭᠡ ᠡᠳᠦᠷ ᠰᠢᠷ᠎ᠠ ᠲᠣᠰᠣ᠂ ᠡᠭᠡᠵᠡᠬᠡᠢ ᠬᠤᠷᠤᠳ ᠵᠢᠴᠢ ᠬᠠᠭᠤᠷᠤᠭᠰᠠᠨ ᠠᠮᠤ ᠵᠡᠷᠭᠡ ᠬᠦᠦ ᠶᠢᠨ ᠢᠶᠠᠨ ᠢᠳᠡᠬᠦ ᠲᠤᠷᠠᠳᠠᠢ ᠨᠣᠳᠤᠭ ᠤᠨ ᠢᠳᠡᠭᠡᠨ ᠠᠴᠠ ᠪᠠᠵᠠᠭᠠᠵᠤ ᠴᠡᠪᠡᠷ ᠴᠠᠭᠠᠨ ᠪᠦᠰ ᠤᠭᠤᠲᠠᠨ ᠳᠤ ᠬᠢᠭᠡᠳ ᠭᠠᠴᠠᠭᠠᠨ ᠤ ᠪᠠᠭ᠎ᠠ ᠰᠣᠷᠭᠠᠭᠤᠯᠢ ᠶᠢᠨ ᠪᠠᠭᠰᠢ ᠶᠢ ᠭᠤᠶᠤᠨ ᠬᠦᠦ ᠶᠢᠨ ᠢᠶᠠᠨ ᠭᠠᠵᠠᠷ ᠤᠷᠤᠨ ᠬᠢᠭᠡᠳ ᠨᠡᠷ᠎ᠡ ᠬᠠᠶ᠋ᠢᠭ ᠶᠢ ᠪᠢᠴᠢᠭᠦᠯᠵᠦ ᠠᠪᠤᠭᠠᠳ ᠰᠣᠮᠣᠨ ᠤ ᠰᠢᠦᠳᠠᠨ ᠤ ᠭᠠᠵᠠᠷ ᠤᠴᠢᠵᠠᠢ᠃ ᠭᠡᠪᠡᠴᠦ ᠡᠶᠢᠰᠢ ᠲᠡᠶᠢᠰᠢ ᠬᠡᠳᠦᠢ ᠠᠵᠢᠭᠯᠠᠭᠰᠠᠨ ᠴᠤ ᠶᠡᠷᠦᠨᠢ ᠬᠦᠮᠦᠨ ᠤ ᠪᠠᠷ᠎ᠠ ᠬᠠᠷᠠᠭᠳᠠᠬᠤ ᠦᠭᠡᠢ ᠪᠠᠶᠢᠲᠠᠯ᠎ᠠ ᠭᠡᠨᠡᠳᠲᠡ ᠡᠭᠦᠳᠡᠨ ᠡᠮᠦᠨᠡᠬᠢ ᠴᠠᠬᠢᠯᠭᠠᠨ ᠤᠳᠠᠰᠣᠨ ᠪᠠᠭᠠᠨ᠎ᠠ ᠨᠢᠳᠦᠨ ᠳᠤᠨᠢ ᠲᠤᠰᠴᠠᠢ᠃ ᠲᠡᠷᠡ ᠲᠤᠲᠤᠷ᠎ᠠ ᠪᠠᠨ ︿︿ᠣᠳᠣ ᠯᠡ ᠪᠣᠯ ᠰᠢᠨ᠎ᠡ ᠴᠠᠭ  ᠪᠤᠯᠤᠭᠰᠠᠨ ᠶᠤᠮ ᠴᠢᠨᠢ ᠯᠡᠪᠳᠠᠢ ᠥᠨᠥᠬᠢ ᠴᠠᠬᠢᠯᠭᠠᠨ ᠣᠳᠠᠰᠣ  ᠪᠠᠷ ᠯᠡ ᠶᠠᠪᠤᠬᠤ ᠤᠴᠢᠷᠳᠠᠢ ᠪᠠᠶᠢᠯᠭᠤᠢ︕ ᠶᠠᠭᠠᠬᠢᠪ︖﹀﹀ ᠭᠡᠵᠦ ᠪᠤᠳᠤᠵᠤ ᠠᠮᠵᠢᠭᠰᠠᠨ ᠢᠶᠠᠨ ᠪᠠᠭᠯᠠᠭ᠎ᠠ ᠪᠠᠨ ᠲᠤᠤᠷ᠎ᠠ ᠨᠢ  ᠯᠠᠪᠳᠠᠭᠤᠯᠤᠨ ᠲᠠᠯᠪᠢᠭᠠᠳ ᠡᠷᠬᠢᠨ ᠡᠷᠬᠢᠨ ᠬᠠᠷᠠᠭᠰᠠᠭᠠᠷ ᠴᠡᠭᠡᠵᠢ ᠤᠩᠭᠤᠶᠢᠨ ᠪᠠᠶᠠᠷᠳᠠᠢ ᠪᠤᠴᠠᠵᠤ ᠢᠷᠡᠪᠡ᠃      ᠬᠡᠳᠦᠨ ᠡᠳᠦᠷ ᠤᠨ ᠲᠠᠷᠠᠭ᠎ᠠ ᠰᠢᠦᠳᠠᠨ ᠤ ᠬᠢᠨ ᠡᠪᠦᠭᠡᠨ ᠤ ᠪᠠᠭᠯᠠᠭ᠎ᠠ ᠶᠢ ᠣᠷᠣ ᠮᠦᠷ ᠢᠶᠠᠷ ᠨᠢ ᠪᠤᠴᠠᠭᠠᠵᠤ ᠢᠷᠡᠭᠰᠡᠨ ᠳᠤ ᠤᠴᠢᠷ ᠤᠬᠠᠭᠠᠨ ᠢ ᠨᠢ ᠤᠯᠵᠣ ᠶᠠᠳᠠᠨ ︿︿ᠮᠢᠨᠦ ᠬᠦᠦ ᠳᠡᠭᠡᠨ ᠢᠯᠡᠭᠡᠭᠰᠡᠨ ᠶᠠᠭᠤᠮ᠎ᠠ ᠶᠢ ᠲᠠᠨᠤᠰ ᠶᠠᠭᠤᠨ ᠳᠤ ᠵᠠᠮ ᠲᠤᠮᠲᠠ ᠠᠴᠠ ᠨᠢ ᠲᠤᠰᠴᠣ ᠠᠪᠤᠪᠠ︖ ᠰᠢᠨ᠎ᠡ ᠴᠠᠭ ᠦᠶ᠎ᠡ ᠶᠢᠨ ᠬᠡᠦᠬᠡᠳ ᠲᠡᠭᠦᠦᠨᠡᠷ ᠪᠠᠶᠢᠭᠠᠳ ᠶᠤᠰᠤ ᠨᠣᠮ ᠮᠡᠳᠡᠳᠡᠭ ᠦᠭᠡᠢ ᠨᠢ ᠶᠠᠮᠠᠷ ᠰᠦᠷᠡᠬᠡᠢ ᠤᠯᠤᠰ ᠤᠳ ᠶᠤᠮ ᠪᠤᠢ︖﹀﹀ ᠭᠡᠵᠦ ᠶᠡᠭᠡ ᠤᠴᠠᠭᠠᠷ ᠬᠦᠷᠦᠭᠰᠡᠨ ᠳᠤ ᠰᠢᠦᠳᠠᠨ ᠤ ᠬᠢᠨ ᠥᠨᠥᠬᠢ ᠡᠪᠦᠭᠡᠨ ᠭᠤᠪᠢᠭᠤᠯᠬᠤ ᠭᠡᠰᠡᠨ ᠶᠠᠭᠤᠮ᠎ᠠ ᠪᠠᠨ ᠴᠠᠬᠢᠯᠭᠠᠨ ᠣᠳᠠᠰᠣᠨ ᠲᠤᠤᠷ᠎ᠠ ᠲᠠᠯᠪᠢᠪᠠᠯ ᠲᠡᠷᠡ ᠨᠢ ᠤᠳᠠᠰᠤ ᠪᠠᠷ ᠲᠠᠮᠵᠢᠨ ᠶᠠᠪᠤᠭᠠᠳ ᠦᠭᠴᠢᠭᠡᠳᠡᠭ ᠭᠡᠵᠦ ᠠᠰᠪᠤᠷᠢ ᠴᠠᠶᠢᠯᠭᠠᠨ ᠰᠠᠨᠠᠭᠰᠠᠨ ᠢ ᠤᠯᠵᠤ ᠮᠡᠳᠡᠭᠡᠳ ᠡᠪᠦᠭᠡᠨ ᠤ ᠰᠠᠨᠠᠭᠰᠠᠨ ᠳᠤ ᠠᠳᠠᠯᠢ ᠲᠡᠶᠢᠮᠦ ᠪᠢᠰᠢ ᠪᠠᠶᠢᠭᠰᠠᠨ ᠤᠴᠢᠷ ᠰᠢᠯᠲᠠᠭᠠᠨ ᠢ ᠲᠠᠶᠢᠯᠪᠤᠷᠢᠯᠠᠵᠤ ᠦᠭᠭᠦᠭᠡᠳ ᠪᠠᠭᠯᠠᠭ᠎ᠠ ᠶᠢ ᠨᠢ ᠲᠠᠬᠢᠨᠲᠠ ᠭᠤᠪᠢᠭᠤᠯᠵᠤ ᠦᠭᠪᠡ ᠭᠡᠨ᠎ᠡ᠃ ᠰᠠᠬᠠᠯᠳᠤ ᠡᠪᠦᠭᠡ ᠶᠢᠨ ᠬᠡᠯᠡᠭᠰᠡᠨ ᠲᠡᠷᠡ ᠦᠯᠢᠭᠡᠷ ᠮᠠᠰᠢ ᠲᠦᠭᠦᠮᠬᠡᠨ ᠪᠦᠭᠡᠳ ᠪᠠᠰᠠ ᠬᠠᠴᠢᠨ ᠢᠨᠢᠶᠡᠳᠦᠮᠳᠡᠢ᠂ ᠭᠡᠪᠡᠴᠦ ᠤᠳᠬ᠎ᠠ ᠠᠭᠤᠯᠭ᠎ᠠ ᠨᠢ ᠲᠦᠢᠯ ᠤᠨ ᠭᠦᠨ ᠭᠦᠨᠵᠡᠭᠡᠢ ᠪᠠᠶᠢᠵᠤ ᠮᠠᠨᠤᠰ ᠶᠢ ᠬᠡᠷᠪᠡ ᠪᠢᠴᠢᠭ ᠰᠣᠶᠣᠯ ᠢᠶᠠᠨ ᠰᠠᠶᠢᠨ ᠰᠤᠷᠤᠯᠴᠠᠬᠤ ᠦᠭᠡᠢ ᠪᠣᠯ ᠴᠠᠭ ᠦᠶ᠎ᠡ ᠠᠴᠠ ᠬᠠᠶᠠᠭᠳᠠᠵᠣ  ᠬᠦᠮᠦᠨ ᠨᠡᠶᠢᠭᠡᠮ ᠤᠨ ᠲᠤᠭᠤᠬᠢ ᠲᠤᠮᠤᠭ ᠪᠤᠯᠵᠤ ᠮᠡᠳᠡᠬᠦ ᠲᠤᠬᠠᠢ ᠨᠢᠭᠡ ᠶᠡᠭᠡ ᠶᠤᠰᠤ ᠶᠢ ᠵᠢᠭᠠᠵᠤ ᠦᠭᠭᠦᠭᠰᠡᠨ ᠪᠢᠯᠡ᠃      ᠠᠮᠢᠲᠤᠷᠠᠯ ᠲᠤᠮᠲᠠ ᠰᠠᠬᠠᠯᠳᠦ ᠡᠪᠦᠭᠡ ᠭᠤᠤᠨᠢ ᠭᠠᠭᠴᠠ ᠬᠦᠮᠦᠨ ᠬᠡᠮᠡᠨ ᠤᠢ ᠭᠤᠲᠤᠵᠤ ᠶᠠᠪᠤᠭᠰᠠᠨ ᠤᠳᠠᠭ᠎ᠠ ᠪᠠᠶᠢᠳᠠᠭ ᠦᠭᠡᠢ᠃ ᠲᠡᠷᠡ ᠬᠡᠵᠢᠶᠡᠳᠡ ᠪᠠᠶᠠᠷ ᠪᠠᠶᠠᠰᠬᠤᠯᠠᠩ ᠲᠠᠢ ᠶᠠᠪᠤᠳᠠᠭ ᠪᠦᠭᠡᠳ ︿︿ᠠᠪᠠᠭ᠎ᠠ ᠨᠢ ᠬᠡᠳᠦᠶᠢᠪᠡᠷ ᠴᠠᠭ ᠲᠦᠷᠦ ᠶᠢᠨ ᠭᠠᠴᠢᠭ ᠪᠡᠷᠬᠡ ᠲᠤ ᠲᠠᠭᠠᠷᠢᠭᠳᠠᠵᠤ ᠰᠤᠨᠣᠷ ᠠᠯᠭ᠎ᠠ ᠬᠤᠵᠢᠭᠡᠷ ᠪᠤᠯᠵᠤ ᠬᠤᠴᠤᠷᠤᠭᠰᠠᠨ ᠪᠤᠯᠪᠠᠴᠤ ᠪᠤᠷᠬᠠᠨ ᠰᠡᠳᠬᠢᠯᠳᠦ ᠡᠷᠭᠦᠭᠰᠡᠨ ᠡᠴᠢᠬᠡ ᠡᠬᠡ ᠶᠢᠨ ᠢᠶᠠᠨ ᠰᠠᠶᠢᠨ ᠳᠤ ᠬᠠᠯᠠᠭᠤᠨ ᠠᠮᠢᠰᠬᠤᠭ᠎ᠠ ᠵᠠᠯᠭᠠᠵᠤ ᠠᠮᠤᠷ ᠵᠢᠷᠭᠠᠯᠠᠩ ᠠᠵᠤ ᠲᠦᠷᠦᠵᠦ ᠶᠠᠪᠤᠭ᠎ᠠ ᠮᠠᠨᠢ ᠪᠣᠭᠳᠠ ᠶᠢᠨ ᠪᠤᠶᠠᠨ ᠠᠴᠠ ᠳᠤᠲᠠᠭᠤ ᠦᠭᠡᠢ᠃ ᠲᠡᠭᠡᠷ᠎ᠡ ᠨᠢ ᠬᠡᠦᠬᠡᠳ ᠤᠳ ᠮᠢᠨᠢ ᠠᠴᠢᠯᠠᠯ ᠵᠢᠷᠣᠮ ᠲᠠᠢ᠂ ᠨᠠᠳᠠ ᠶᠢ ᠤᠷᠤᠭᠤᠯ ᠤᠨ ᠬᠦᠮᠦᠨ᠂ ᠣᠯᠵᠠ ᠶᠢᠨ ᠠᠪᠤ ᠭᠡᠵᠦ ᠭᠠᠳᠠᠷ ᠪᠤᠳᠤᠭᠰᠠᠨ ᠤᠳᠠᠭ᠎ᠠ ᠦᠭᠡᠢ᠂ ᠪᠢ ᠦᠨᠦᠳᠦᠷ ᠭᠡᠷ ᠪᠦᠯᠢ ᠪᠦᠷᠢᠨ ᠪᠦᠳᠦᠨ᠂ ᠦᠷ᠎ᠡ ᠬᠡᠦᠬᠡᠳ ᠡᠯᠢᠭᠡ ᠳᠤᠯᠠᠭᠠᠨ᠂ ᠡᠨᠡ ᠶᠢᠷᠳᠢᠨᠴᠦ ᠳᠤ ᠶᠠᠭᠤ ᠪᠠᠷ ᠴᠦ ᠲᠤᠲᠠᠭᠤ ᠦᠭᠡᠢ ᠬᠦᠮᠦᠨ ᠤ ᠨᠢᠭᠡ ᠨᠢ ᠶᠤᠮ ᠡ᠃﹀﹀ ᠭᠡᠭᠰᠡᠭᠡᠷ ᠰᠠᠬᠠᠯ ᠢᠶᠠᠨ ᠤᠮᠤᠭᠳᠠᠶᠢᠬᠠᠨ ᠰᠢᠪᠳᠤᠷᠴᠦ ︿︿ᠠᠪᠠᠭ᠎ᠠ ᠳᠤ ᠨᠢ ᠪᠠᠶᠢᠭᠰᠠᠨ ᠶᠠᠭᠤ ᠪᠦᠬᠦᠨ ᠪᠦᠷ ᠲᠠᠨ ᠤ ᠬᠢ ᠯᠡ ᠪᠠᠶᠢᠬᠤ ᠶᠤᠰᠣᠳᠠᠢ᠂ ᠬᠡᠦᠬᠡᠳ ᠤᠳ ᠮᠠᠨᠢ ᠦᠭᠡᠳᠡ ᠰᠢᠯᠤᠭᠤᠨ ᠪᠠᠶᠢᠳᠠᠭ ᠯᠡ ᠶᠤᠮ ᠪᠤᠯ ᠪᠢ ᠬᠡᠵᠢᠶᠡᠳᠡ ᠰᠡᠳᠬᠢᠯ ᠲᠦᠭᠦᠷᠡᠩ ᠶᠤᠮ﹀﹀ ᠭᠡᠵᠦ ᠶᠠᠷᠢᠵᠤ ᠶᠠᠪᠤᠳᠠᠭ ᠪᠠ ᠲᠡᠭᠡᠵᠦ ᠬᠡᠯᠡᠭᠰᠡᠨ ᠰᠢᠭ ᠢᠶᠠᠨ ᠭᠡᠷ ᠪᠦᠯᠢ ᠶᠢᠨ ᠠᠯᠢᠪᠠ ᠶᠠᠪᠤᠳᠠᠯ ᠳᠤ ᠬᠤᠶᠢᠰᠢ ᠦᠭᠡᠢ ᠬᠠᠮᠵᠢᠯᠴᠠᠳᠠᠭ ᠪᠠᠶᠢᠯ᠎ᠠ᠃      ᠮᠠᠨ ᠤ ᠭᠡᠷ ᠤᠨ ᠠᠪᠤ ᠡᠵᠢ ᠠᠴᠠ ᠲᠡᠷᠢᠬᠦᠯᠡᠨ ᠠᠬ᠎ᠠ ᠲᠡᠬᠦᠦ ᠬᠡᠳᠦᠭᠦᠯᠡ ᠶᠢᠨ ᠬᠡᠨ ᠨᠢᠭᠡ ᠨᠢ ᠭᠡᠰᠡᠨ ᠦᠭᠡᠢ ᠪᠦᠷ ᠲᠡᠭᠦᠨ ᠶᠢ ᠠᠶᠢᠯ ᠪᠦᠯᠢ ᠠᠴᠠ ᠪᠠᠨ ᠡᠵᠡᠭᠦᠢ ᠬᠤᠯᠠ ᠰᠠᠨᠠᠳᠠᠭ ᠦᠭᠡᠢ᠂ ᠡᠭᠡᠭᠡ ᠶᠠᠭ ᠦᠪᠡᠷ ᠤᠨ ᠲᠦᠷᠦᠭᠰᠡᠨ ᠡᠪᠦᠭᠡ ᠪᠠᠨ ᠶᠤᠮᠰᠢᠭ ᠶᠠᠮᠠᠷ ᠨᠢᠭᠡᠨ ᠤᠴᠢᠷ ᠶᠠᠪᠤᠳᠠᠯ ᠲᠤᠯᠭᠠᠷᠠᠭᠰᠠᠨ ᠴᠦ  ᠪᠦᠷ ᠯᠡ ᠬᠠᠮᠤᠭ ᠡᠮᠦᠨ᠎ᠡ ᠲᠡᠭᠦᠨ ᠤ ᠰᠠᠨᠠᠯ ᠵᠦᠪᠯᠡᠯᠭᠡ ᠶᠢ ᠰᠣᠨᠣᠰᠬᠤ ᠳᠤ ᠡᠪᠦᠭᠡ ᠮᠢᠨᠢ ᠴᠦ ᠶᠠᠮᠠᠷᠴᠤ ᠡᠷᠢᠶ᠎ᠡ ᠵᠢᠷᠤᠭ᠎ᠠ ᠦᠭᠡᠢ ᠦᠪᠡᠷ ᠤᠨ ᠪᠤᠳᠤᠵᠤ ᠰᠠᠨᠠᠭᠰᠠᠨ ᠢᠶᠠᠨ ᠦᠯᠡᠳᠡᠭᠡᠯ ᠦᠭᠡᠢ ᠶᠠᠷᠢᠵᠤ ᠮᠠᠨ ᠶᠢ ᠦᠪᠡᠷ ᠤᠨ ᠲᠦᠷᠦᠭᠰᠡᠨ ᠦᠷ᠎ᠡ ᠬᠡᠦᠬᠡᠳ ᠢᠶᠠᠨ ᠪᠤᠯᠭᠠᠨ ᠬᠠᠶᠢᠷᠠᠯᠠᠵᠤ ᠪᠡᠶ᠎ᠡ ᠰᠡᠳᠬᠢᠯ ᠪᠢᠷ᠎ᠠ ᠲᠤᠷᠪᠢ ᠪᠠᠨ ᠪᠦᠬᠦᠨ ᠢ ᠬᠠᠷᠠᠮ ᠦᠭᠡᠢ ᠰᠢᠪᠬᠠᠨ ᠴᠢᠷᠮᠠᠶᠢᠳᠠᠭ ᠪᠢᠯᠡ᠃     ᠭᠠᠴᠠᠭᠠᠨ ᠤ ᠰᠦᠷᠦᠭ ᠶᠢ ᠡᠷᠦᠬᠡ ᠳᠤ ᠬᠤᠪᠢᠶᠠᠵᠤ ᠪᠡᠯᠴᠢᠭᠡᠷ ᠤᠰᠤ ᠶᠢ ᠲᠤᠤᠷᠯᠠᠵᠤ ᠬᠦᠷᠢᠶᠡᠯᠡᠬᠦ ᠰᠢᠨ᠎ᠡ ᠤᠷᠤᠰᠬᠠᠯ ᠨᠢᠭᠡᠮᠦᠰᠦᠨ ᠭᠠᠵᠠᠷ ᠠᠪᠤᠭᠰᠠᠨ ᠠᠴᠠ  ᠰᠡᠭᠦᠯᠡᠷ ᠬᠡᠨ ᠨᠢ ᠭᠡᠳ ᠤᠤᠯ ᠤᠨ ᠬᠢ ᠰᠢᠭ ᠬᠡᠭᠡᠷ᠎ᠡ ᠬᠦᠳᠡᠭᠡ ᠭᠠᠷᠴᠤ ᠤᠲᠤᠷᠯᠠᠵᠤ ᠨᠡᠭᠦᠳᠡᠯᠯᠡᠬᠦ ᠤᠴᠢᠷ ᠠᠯᠭ᠎ᠠ ᠪᠤᠯᠵᠠᠢ᠃ ᠡᠪᠦᠭᠡ ᠮᠢᠨᠢ ᠨᠣᠳᠤᠭ ᠪᠡᠯᠴᠢᠭᠡᠷ ᠪᠠ ᠠᠷᠠᠴᠢᠯᠠᠯᠭ᠎ᠠ ᠮᠠᠯᠯᠠᠭ᠎ᠠ ᠶᠢᠨ ᠢᠶᠠᠨ ᠦᠭᠡᠳᠡ ᠵᠦᠭ ᠲᠤᠨᠢ ᠪᠤᠳᠤᠯᠬᠢᠯᠠᠵᠤ ᠦᠬᠡᠷ ᠮᠠᠯᠵᠢᠬᠤ ᠶᠢ ᠮᠠᠬᠠᠷᠠᠭᠰᠠᠨ ᠪᠤᠯᠬᠤᠷ ᠮᠠᠨ ᠤ ᠬᠢᠨ ᠤᠯᠠᠨ ᠲᠦᠷᠦᠯ ᠶᠢ ᠡᠵᠡᠩᠨᠡᠳᠡᠭ ᠪᠠᠶᠢᠭᠰᠠᠨ ᠠᠴᠠ ᠪᠠᠨ ᠨᠢᠭᠡᠯᠬᠡᠨ ᠲᠦᠷᠦᠯ ᠳᠤ ᠲᠦᠪᠯᠡᠷᠡᠩᠭᠦᠢ ᠬᠠᠨᠳᠤᠵᠤ ᠬᠠᠭᠠᠰ ᠵᠢᠯ ᠬᠤᠷᠢᠬᠤ ᠲᠦᠷᠦ ᠤᠨ ᠪᠣᠳᠣᠯᠭ᠎ᠠ ᠪᠠᠷ ᠦᠬᠡᠷ ᠢᠶᠠᠨ ᠡᠪᠦᠯ ᠬᠠᠪᠤᠷ ᠬᠠᠰᠢᠶᠠᠯᠠᠵᠤ ᠵᠤᠨ ᠨᠠᠮᠤᠷ ᠪᠡᠯᠴᠢᠭᠡᠷ ᠲᠡᠭᠡᠨ ᠭᠠᠷᠭᠠᠳᠠᠭ ᠪᠣᠯᠤᠭᠰᠠᠨ ᠢᠶᠠᠷ ᠬᠦᠮᠦᠨ ᠤ ᠬᠦᠴᠦᠨ ᠳᠤ ᠲᠤᠩ ᠠᠷᠪᠢᠳᠠᠢ ᠪᠤᠯᠵᠠᠢ᠃ ᠭᠡᠪᠡᠴᠦ ᠡᠪᠦᠭᠡ ᠮᠠᠨᠢ ᠬᠢᠵᠦ ᠲᠠᠰᠤᠭᠰᠠᠨ ᠠᠵᠢᠯ ᠠᠴᠠ ᠪᠠᠨ ᠬᠢᠯᠪᠠᠷᠬᠠᠨ ᠵᠠᠶᠢᠳᠠᠵᠤ ᠲᠡᠶᠢᠯᠬᠦ ᠦᠭᠡᠢ᠂ ᠡᠳᠦᠷᠵᠢ ᠪᠠᠷ ᠵᠦᠭᠡᠷ ᠰᠠᠭᠤᠭᠠᠳ ᠪᠡᠶ᠎ᠡ ᠶᠢᠨ ᠠᠳᠬᠠᠷᠠᠭ᠎ᠠ ᠨᠡᠮᠡᠭᠳᠡᠭᠡᠳ ᠲᠡᠰᠬᠦ ᠦᠭᠡᠢ ᠭᠡᠭᠰᠡᠭᠡᠷ ᠮᠦᠨ ᠤᠭ ᠤᠨ ᠰᠢᠭ᠋ ᠢᠶᠠᠨ ᠡᠵᠢ ᠳᠤ ᠨᠢᠭᠡ ᠮᠦᠷᠦᠨ ᠤ ᠬᠦᠴᠦ ᠪᠤᠯᠤᠨ ᠬᠠᠮᠵᠢᠳᠠᠭ ᠪᠠᠶᠢᠪᠠ᠃ ᠬᠡᠳᠦᠶᠢᠪᠡᠷ ᠠᠬ᠎ᠠ ᠪᠢᠳᠡ ᠬᠤᠶᠠᠭᠤᠯᠠ ᠪᠦᠷ ᠰᠤᠷᠭᠠᠭᠤᠯᠢ ᠳᠤ ᠰᠠᠭᠤᠵᠤ ᠵᠠᠷᠤᠳᠠᠯ ᠨᠡᠮᠡᠭᠳᠡᠭᠰᠡᠨ ᠭᠡᠳᠡᠭ ᠴᠤ ᠦᠭᠡᠷᠡᠴᠢᠯᠡᠯᠳᠡ ᠡᠬᠢᠯᠡᠵᠦ  ᠬᠤᠪᠢᠨ ᠳᠠᠭᠠᠨ ᠰᠦᠷᠦᠭ ᠲᠠᠢ ᠪᠤᠯᠤᠭᠰᠠᠨ ᠢᠶᠠᠷ ᠨᠡᠶᠢᠭᠡᠮ ᠠᠮᠢᠲᠤᠷᠠᠯ ᠨᠡᠶᠢᠳᠡᠮ ᠵᠦᠭᠰᠢᠷᠡᠵᠦ ᠮᠠᠨ ᠤ ᠬᠢᠨ ᠤ ᠠᠵᠤ ᠤᠨᠳᠤᠷᠤᠯᠭ᠎ᠠ ᠤᠯᠠᠮ ᠢᠶᠠᠷ ᠭᠠᠷ ᠭᠦᠢᠴᠡᠳ ᠪᠤᠯᠵᠠᠢ᠃     ᠡᠵᠢ ᠮᠢᠨᠢ ᠴᠢᠳᠠᠯ ᠤᠨ ᠬᠢᠷᠢ ᠳᠡᠭᠡᠨ ᠵᠦᠢᠯ ᠪᠦᠷᠢ ᠶᠢᠨ ᠠᠷᠭ᠎ᠠ ᠤᠬᠠᠭᠠᠨ ᠵᠠᠷᠤᠵᠤ ᠪᠠᠶᠢᠭᠠᠳ ᠡᠪᠦᠭᠡ ᠶᠢᠨ ᠢᠳᠡᠰᠢ ᠤᠤᠭᠤᠰᠢ᠂ ᠡᠮᠦᠰᠴᠦ ᠵᠡᠬᠦᠭᠦ ᠠᠴᠠ ᠬᠤᠨᠤᠵᠤ ᠬᠡᠪᠲᠡᠬᠦ ᠳᠤᠨᠢ ᠬᠦᠷᠳᠡᠯ᠎ᠡ ᠨᠠᠷᠢᠯᠢᠭ ᠬᠢᠴᠢᠶᠡᠮᠵᠢᠳᠡᠢ ᠵᠤᠬᠢᠴᠠᠭᠤᠯᠵᠤ ᠬᠠᠯᠠᠭᠤᠨ ᠬᠦᠢᠳᠡᠨ ᠶᠢ ᠨᠢ ᠲᠤᠬᠢᠷᠠᠭᠤᠯᠤᠨ ᠦᠭᠴᠦ ᠪᠠᠶᠢᠭᠰᠠᠨ ᠪᠠ ᠬᠦᠳᠡᠯᠵᠦ ᠪᠠᠷᠢᠬᠤ ᠨᠢ ᠡᠳᠦᠷ ᠢᠷᠡᠬᠦᠶ᠎ᠡ ᠬᠦᠳᠡᠬᠢ ᠬᠦᠰᠢᠬᠦᠨ ᠪᠣᠯᠣᠭᠰᠠᠨ ᠳᠤ ᠰᠠᠨᠠᠭ᠎ᠠ ᠬᠠᠶᠠᠬᠤ ᠪᠤᠯᠤᠭᠠᠳ ᠵᠠᠪᠠᠯ ᠭᠡᠷ ᠲᠡᠭᠡᠨ ᠠᠪᠴᠢᠷᠠᠵᠤ ᠬᠠᠮᠳᠤ ᠳᠠᠭᠠᠨ ᠰᠠᠭᠤᠶ᠎ᠠ ᠭᠡᠵᠦ ᠪᠠᠰᠠ ᠠᠬᠢᠨ ᠲᠠᠬᠢᠨ ᠤᠷᠤᠯᠳᠤᠵᠤ ᠦᠵᠡᠪᠡ᠃ ᠭᠡᠪᠡᠴᠦ  ᠡᠳᠡᠭᠡᠷ ᠨᠢ ᠪᠦᠷ ᠰᠠᠨᠠᠭᠠᠨ ᠠᠴᠠ ᠭᠠᠳᠠᠨ᠎ᠠ ᠪᠣᠯᠵᠤ ︿︿ᠠᠪᠠᠭ᠎ᠠ ᠨᠢ ᠨᠢᠭᠡ ᠡᠳᠦᠷ ᠠᠮᠢᠨ ᠳᠠᠭᠠᠨ ᠵᠦᠪ ᠪᠠᠶᠢᠪᠠᠯ ᠨᠢᠭᠡ ᠡᠳᠦᠷ ᠴᠤ ᠭᠡᠳ ᠦᠷ᠎ᠡ ᠬᠡᠦᠬᠡᠳ ᠲᠡᠭᠡᠨ ᠳᠤᠲᠠᠭᠤ ᠰᠢᠭ᠋ ᠲᠠᠷᠤᠭᠠᠰᠤ ᠪᠤᠯᠤᠶ᠎ᠠ﹀﹀ ᠭᠡᠳᠡᠭ ᠲᠡᠷᠡᠬᠦ ᠬᠡᠳᠦᠨ ᠠᠷᠪᠠᠨ ᠵᠢᠯ ᠬᠡᠯᠡᠭᠡᠳ ᠲᠠᠰᠤᠭᠰᠠᠨ ᠴᠢᠯᠠᠭᠤᠵᠢᠮᠠᠯ ᠬᠡᠳᠦᠨ ᠦᠭᠡ ᠪᠠᠨ ᠲᠠᠬᠢᠨ ᠳᠠᠪᠳᠠᠨ ᠬᠡᠯᠡᠭᠰᠡᠭᠡᠷ ᠨᠠᠶᠠᠨ ᠭᠤᠷᠪᠠᠨ ᠨᠠᠰᠤᠨ ᠳᠠᠭᠠᠨ ᠪᠤᠷᠬᠠᠨ ᠪᠤᠯᠵᠠᠢ᠃      ᠪᠤᠷᠬᠠᠨ ᠪᠣᠯᠬᠤ ᠶᠢᠨ ᠢᠶᠠᠨ ᠡᠮᠦᠨ᠎ᠡ ᠭᠤᠷᠪᠠᠨ ᠡᠳᠦᠷ ᠠᠪᠤ ᠡᠵᠢ ᠬᠤᠶᠠᠷ ᠶᠢ ᠲᠠᠭᠤᠳᠠᠵᠤ᠄ ︿︿ᠠᠪᠠᠭ᠎ᠠ ᠨᠢ ᠦᠨᠦᠳᠦᠷ ᠠᠴᠠ ᠡᠬᠢᠯᠡᠵᠦ ᠠᠶᠢᠯ ᠨᠡᠶᠢᠯᠡᠵᠦ ᠰᠠᠭᠤᠨ᠎ᠠ᠂ ᠦᠷ᠎ᠡ ᠬᠡᠦᠬᠡᠳ ᠲᠠᠢ ᠪᠠᠶᠢᠭᠠᠳ ᠶᠠᠭᠠᠬᠢᠭᠰᠠᠨ ᠴᠦ ᠢᠯᠦᠮ ᠵᠢᠯᠦᠮ ᠡᠷᠯᠢᠭ ᠤᠨ ᠭᠠᠵᠠᠷ ᠤᠴᠢᠭᠠᠳ ᠪᠣᠯᠬᠤ ᠦᠭᠡᠢ᠃ ᠬᠡᠷᠪᠡ ᠲᠡᠭᠡᠬᠦ ᠳᠤ ᠬᠦᠷᠪᠡᠯ ᠬᠤᠵᠢᠮ ᠲᠠᠨ ᠤ ᠬᠤᠶᠠᠷ ᠎ ᠲᠤ ᠮᠠᠭᠤ ᠨᠡᠷ᠎ᠡ ᠦᠯᠡᠳᠡᠭᠡᠳᠡᠭ ᠢ ᠪᠦᠦ ᠬᠡᠯᠡ᠂ ᠪᠢ ᠴᠦ ᠡᠷᠯᠢᠭ ᠤᠨ ᠡᠭᠦᠳᠡᠨ ᠳᠤ ᠬᠦᠯ ᠭᠢᠰᠭᠢᠬᠦ ᠭᠠᠵᠠᠷ ᠤᠯᠳᠠᠬᠤ ᠦᠭᠡᠢ ᠡᠷᠭᠢᠭᠡᠳ ᠪᠠᠰᠠ ᠬᠠᠳᠠᠳᠤ ᠭᠡᠷ ᠤᠨ ᠬᠠᠯᠠ ᠨᠢᠭᠦᠯ ᠢ ᠠᠮᠰᠠᠵᠤ ᠮᠡᠳᠡᠨ᠎ᠡ᠃﹀﹀ ᠭᠡᠰᠡᠨ ᠳᠤ ᠠᠪᠤ ᠡᠵᠢ ᠮᠠᠰᠢ ᠪᠠᠶᠠᠷᠯᠠᠵᠤ ᠲᠡᠷᠡ ᠲᠤᠤᠷ᠎ᠠ ᠨᠢ ᠲᠤᠰᠴᠤ ᠢᠷᠡᠪᠡ᠃ ᠡᠪᠦᠭᠡ ᠮᠠᠨᠢ ᠮᠠᠨ ᠤ ᠬᠢ ᠳᠤ ᠢᠷᠡᠭᠰᠡᠨ ᠤ ᠤᠷᠤᠢ ᠳᠤᠨᠢ ᠠᠪᠤ ᠎ ᠶᠢ ᠪᠠᠰᠠ ᠨᠢᠭᠡ ᠤᠳᠠᠭ᠎ᠠ ᠲᠠᠭᠤᠲᠠᠵᠤ᠄ ︿︿ᠬᠦᠦ ᠮᠢᠨᠢ᠂ ᠠᠪᠤ ᠨᠢ ᠨᠢᠭᠡ ᠪᠣᠳᠠ ᠵᠠᠷᠤᠬᠤ ᠰᠠᠨᠠᠭᠠᠳᠠᠢ᠂ ᠪᠣᠯᠪᠠᠯ ᠮᠠᠷᠭᠠᠰᠢ ᠳᠠᠭᠠᠨ ᠥᠨᠥᠬᠢ ᠪᠤᠷᠳᠤᠭ᠎ᠠ ᠲᠠᠰᠤᠷᠠᠭ᠎ᠠ ᠦᠭᠡᠢ ᠬᠠᠷ᠎ᠠ ᠠᠯᠠᠭ ᠢ ᠪᠠᠵᠠᠭᠠᠵᠤ ᠦᠵᠡ᠃ ᠠᠪᠤ ᠨᠢ ᠨᠢᠭᠡ ᠨᠠᠰᠤ ᠪᠠᠷ ᠢᠶᠠᠨ ᠡᠨᠡ ᠭᠠᠴᠠᠭᠠᠨ ᠳᠤ ᠰᠠᠭᠤᠵᠤ ᠠᠶᠢᠯ ᠠᠶᠢᠮᠠᠭ ᠤᠨ ᠢᠶᠠᠨ ᠰᠠᠶᠢᠨ ᠢᠶᠠᠷ ᠬᠦᠮᠦᠨ ᠳᠦᠷᠢ ᠲᠠᠢ ᠬᠦᠨᠡᠰᠦ ᠴᠠᠳᠬᠤᠯᠠᠩ ᠶᠠᠪᠤᠭᠰᠠᠨ ᠬᠦᠮᠦᠨ᠃ ᠦᠬᠦᠬᠦ ᠠᠴᠠ ᠪᠠᠨ ᠡᠮᠦᠨ᠎ᠡ ᠠᠶᠢᠯ ᠤᠯᠠᠨ ᠤ ᠪᠠᠨ ᠠᠯᠲᠠᠨ ᠠᠮᠠ ᠶᠢ ᠨᠢᠭᠡ ᠤᠳᠠᠭ᠎ᠠ ᠴᠠᠶᠢᠯᠭᠠᠵᠤ ᠦᠭᠭᠦᠶ᠎ᠡ᠃ ᠲᠠᠨ ᠤ ᠬᠤᠶᠠᠭᠤᠯᠠ ᠯᠠᠪ ᠵᠦᠪᠰᠢᠶᠡᠷᠡᠬᠦ ᠪᠠᠶᠢᠯᠭᠤᠢ ᠳ᠋ᠡ︖﹀﹀  ᠭᠡᠰᠡᠨ ᠳᠤ ᠠᠪᠤ ᠨᠢᠭᠡᠮᠦᠰᠦᠨ ᠭᠠᠶᠢᠬᠠᠯ ᠬᠦᠷᠴᠦ ᠪᠠᠶᠢᠲᠠᠯ᠎ᠠ ᠡᠵᠢ ᠬᠡᠯᠡ ᠤᠷᠢᠳᠠᠨ ︿︿ᠦᠭᠡᠢ᠂ ᠡᠨᠡ ᠠᠪᠤ ᠨᠢ ᠴᠢᠩᠭᠢᠭᠡᠳ ᠡᠨᠡᠬᠡᠨ ᠲᠤᠤᠷ᠎ᠠ ᠪᠤᠷᠬᠠᠨ ᠪᠤᠯᠤᠭᠠᠳ ᠶᠠᠪᠤᠴᠢᠬᠠᠳᠠᠭ ᠶᠤᠮ ᠦᠦ︖ ᠵᠦᠭᠡᠷ ᠮᠠᠭᠤ ᠢᠷᠸ᠎ᠠ ᠲᠠᠢ ᠦᠭᠡ ᠬᠡᠯᠡᠵᠦ ᠬᠦᠮᠦᠨ ᠶᠢ ᠪᠠᠴᠢᠮᠳᠠᠭᠤᠯᠣᠭᠠᠳ ᠶᠠᠭᠠᠬᠢᠬᠤ ᠭᠡᠰᠡᠨ ᠶᠤᠮ ᠪᠤᠢ︕﹀﹀ ᠭᠡᠵᠦ ᠵᠠᠷᠢᠮ ᠳᠠᠭᠠᠨ ᠡᠪᠦᠭᠡ ᠶᠢᠨ ᠬᠡᠦᠬᠡᠨ ᠪᠤᠯᠤᠭᠰᠠᠨ ᠤ ᠪᠠᠨ ᠬᠠᠷᠢᠭᠤ ᠳᠤ ᠡᠷᠬᠡ ᠠᠭᠠᠰᠢ ᠭᠠᠷᠭᠠᠳᠠᠭ ᠰᠢᠭ᠋ ᠢᠶᠠᠨ ᠶᠠᠷᠢᠵᠤ ᠪᠠᠷᠠᠬᠤ ᠶᠢ ᠨᠢ ᠬᠦᠯᠢᠶᠡᠯ ᠦᠭᠡᠢ ᠡᠪᠦᠭᠡ ᠮᠠᠨᠢ ︿︿ᠲᠠᠨ ᠤ ᠬᠤᠶᠠᠭᠤᠯᠠ ᠡᠨᠡ ᠤᠳᠠᠭ᠎ᠠ ᠳᠤ ᠠᠪᠠᠭ᠎ᠠ ᠶᠢᠨ ᠢᠶᠠᠨ ᠦᠭᠡ ᠪᠠᠷ ᠪᠣᠯᠭᠠᠴᠢᠬ᠎ᠠ᠂ ᠣᠰᠣᠯ ᠦᠭᠡᠢ ᠶᠤᠮ ᠡ  ᠃﹀﹀ ᠭᠡᠰᠡᠨ ᠪᠣᠯᠬᠤᠷ ᠮᠠᠷᠭᠠᠰᠢ ᠨᠢ ᠡᠪᠦᠭᠡ ᠶᠢᠨ ᠵᠠᠬᠢᠶ᠎ᠠ ᠶᠤᠰᠤᠭᠠᠷ ᠥᠨᠥᠬᠢ ᠠᠰ ᠎ ᠲᠤᠨᠢ ᠠᠷᠠᠴᠢᠯᠠᠵᠤ ᠪᠠᠶᠢᠭᠰᠠᠨ ᠬᠠᠷ᠎ᠠ ᠠᠯᠠᠭ ᠢ ᠵᠠᠷᠤᠵᠣ ᠠᠶᠢᠯ ᠠᠶᠢᠮᠠᠭ ᠤᠨ ᠬᠢᠨ ᠤ ᠬᠠᠯᠠᠭᠤᠨ ᠬᠤᠰᠢᠭᠤ ᠶᠢ ᠴᠠᠶᠢᠯᠭᠠᠵᠤ ᠦᠭᠪᠡ᠃ ᠲᠡᠷᠡ ᠡᠳᠦᠷ ᠡᠪᠦᠭᠡ ᠮᠠᠨᠢ ᠬᠦᠷᠦᠯᠴᠡᠨ ᠢᠷᠡᠵᠡᠭᠡᠭᠰᠡᠨ ᠠᠶᠢᠯ ᠠᠶᠢᠮᠠᠭ ᠤᠨ ᠬᠦᠮᠦᠰ ᠎ ᠲᠠᠢ ᠪᠠᠨ ᠢᠯᠡᠭᠦᠦ ᠬᠡᠳᠦᠨ ᠬᠤᠨᠲᠠᠭ᠎ᠠ ᠲᠤᠯᠭᠠᠭᠰᠠᠨ ᠪᠠ ᠰᠢᠨ᠎ᠡ ᠰᠢᠭᠦᠰᠦᠨ ᠠᠴᠠ ᠢᠯᠡᠬᠦᠦ ᠬᠡᠳᠦᠨ ᠬᠡᠰᠡᠭ ᠢᠳᠡᠭᠡᠳ ᠦᠳᠡᠰᠢ ᠳᠤ ᠮᠠᠩᠰᠢᠭᠤᠷᠠᠲᠠᠯ᠎ᠠ ᠬᠠᠮᠠᠷ ᠲᠠᠲᠠᠨ ᠤᠨᠳᠠᠵᠠᠢ᠃      ᠪᠦᠳᠦᠭᠦᠨ ᠰᠢᠭᠦᠰᠦ ᠢᠳᠡᠭᠰᠡᠨ ᠤ ᠭᠤᠷᠪᠠᠳᠣᠭᠠᠷ ᠡᠳᠦᠷ ᠨᠢ ᠡᠪᠦᠭᠡ ᠮᠢᠨᠢ  ᠶᠠᠭᠠᠬᠢᠭᠰᠠᠨ ᠢ ᠮᠡᠳᠡᠬᠦ ᠦᠭᠡᠢ ᠨᠢᠭᠡᠯ᠎ᠡ ᠪᠤᠰᠴᠤ ᠲᠡᠶᠢᠯᠬᠦ ᠪᠠᠨ ᠪᠠᠶᠢᠵᠠᠢ᠃ ᠠᠪᠤ ᠠᠶᠢᠯ ᠤᠨ ᠡᠮᠴᠢ ᠪᠠᠳᠣᠯᠭ᠎ᠠ ᠦᠭᠡᠢ ᠭᠡᠳ ᠰᠣᠮᠣᠨ ᠤ ᠨᠡᠷᠡᠳᠦ ᠰᠠᠶᠢᠨ ᠡᠮᠴᠢ ᠶᠢ ᠵᠠᠯᠠᠵᠤ ᠢᠷᠡᠭᠰᠡᠨ ᠳᠤ ᠡᠪᠦᠭᠡ ᠮᠠᠨᠢ ᠡᠮᠴᠢ ᠵᠦᠭ ᠬᠠᠨᠳᠤᠨ ︿︿ᠦᠬᠦᠬᠦ ᠦᠭᠡᠢ ᠡᠪᠡᠳᠴᠢᠨ ᠶᠢ ᠡᠷᠯᠢᠭ ᠭᠤᠷᠢ ᠪᠠᠨ ᠲᠠᠲᠠ᠂ ᠦᠬᠦᠬᠦ ᠡᠪᠡᠳᠴᠢᠨ ᠶᠢ ᠪᠤᠷᠬᠠᠨ ᠭᠠᠷ ᠢᠶᠠᠨ ᠲᠠᠲᠠ ᠭᠡᠳᠡᠭ ᠶᠤᠮ᠃ ᠠᠪᠤ ᠶᠢᠨ ᠬᠢᠨ ᠡᠨᠡ ᠡᠪᠡᠳᠴᠢᠨ ᠪᠣᠯ ᠪᠤᠷᠬᠠᠨ ᠲᠡᠭᠷᠢ ᠪᠤᠯᠤᠨ ᠡᠷᠯᠢᠭ ᠬᠠᠭᠠᠨ ᠬᠤᠶᠠᠭᠤᠯᠠ ᠶᠢᠨ ᠨᠠᠳᠠ ᠳᠤ ᠲᠤᠭᠠᠯᠠᠵᠤ ᠦᠭᠭᠦᠭᠰᠡᠨ ᠨᠡᠰᠦᠨ ᠰᠡᠭᠦᠳᠡᠷ ᠶᠤᠮ᠃ ᠪᠢ ᠦᠪᠡᠷ ᠢ ᠪᠠᠨ ᠬᠡᠨ ᠠᠴᠠ ᠴᠤ ᠲᠤᠲᠤᠷᠬᠠᠢ ᠮᠡᠳᠡᠵᠦ ᠪᠠᠶᠢᠨ᠎ᠠ᠂ ᠭᠡᠪᠡᠴᠦ ᠬᠡᠦᠬᠡᠳ ᠤᠨ ᠰᠡᠳᠬᠢᠯ ᠶᠤᠮ ᠴᠢᠨᠢ ᠦᠭᠭᠦᠭᠰᠡᠨ ᠡᠮ ᠲᠠᠩ ᠢ ᠴᠢᠨᠢ ᠵᠠᠬᠢᠶ᠎ᠠ ᠶᠤᠰᠤᠭᠠᠷ ᠤᠤᠭᠤᠶ᠎ᠠ﹀﹀ ᠭᠡᠳ ᠶᠡᠷᠦ ᠬᠠᠷᠠᠭᠳᠠᠳᠠᠭ ᠦᠭᠡᠢ ᠠᠮᠤᠭᠤᠯᠠᠩ ᠲᠠᠶᠢᠪᠤᠩ ᠪᠤᠯᠵᠤ ᠡᠮᠴᠢ ᠶᠢ ᠰᠠᠨᠠᠭ᠎ᠠ ᠠᠮᠤᠷ ᠮᠣᠷᠳᠠᠭᠤᠯᠵᠠᠢ᠃ ᠡᠮᠴᠢ ᠶᠠᠪᠤᠭᠰᠠᠨ ᠬᠤᠶᠢᠨ᠎ᠠ ᠠᠪᠤ ᠡᠵᠢ ᠬᠤᠶᠠᠷ ᠤᠨ ᠭᠠᠷ ᠢ ᠪᠠᠷᠢᠭᠰᠠᠭᠠᠷ ︿︿ᠠᠪᠠᠭ᠎ᠠ ᠨᠢ ᠲᠠᠨ ᠤ ᠬᠤᠶᠠᠷ ᠤᠨ ᠰᠠᠶᠢᠨ ᠢᠶᠠᠷ ᠨᠢᠭᠡ ᠨᠠᠰᠤᠨ ᠳᠠᠭᠠᠨ ᠳᠣᠲᠠᠭᠰᠠᠨ ᠶᠠᠭᠤᠮ᠎ᠠ ᠭᠡᠵᠦ ᠦᠭᠡᠢ᠂ ᠦᠨᠡᠭᠡᠷ ᠲᠤᠯᠤᠭᠠᠨ ᠬᠦᠦ ᠲᠠᠢ ᠬᠦᠮᠦᠨ ᠠᠴᠠ ᠬᠤᠯᠠ ᠲᠡᠭᠡᠭᠦᠷ ᠠᠮᠢᠲᠤᠷᠠᠵᠤ ᠠᠵᠠ ᠲᠦᠭᠦᠷᠡᠩ᠂ ᠠᠶᠢᠯ ᠲᠦᠭᠦᠷᠡᠩ᠂ ᠠᠮᠢᠰᠬᠤᠯ ᠲᠦᠭᠦᠷᠡᠩ ᠶᠠᠪᠤᠭᠰᠠᠨ ᠶᠤᠮ᠃ ᠨᠠᠳᠠ ᠶᠢ ᠬᠤᠶᠢᠰᠢ ᠪᠣᠯᠣᠭᠰᠠᠨ ᠬᠤᠶᠢᠨ᠎ᠠ ᠮᠠᠭᠤ ᠬᠡᠭᠦᠷ ᠢ ᠮᠠᠨᠢ ᠠᠪᠤ ᠶᠢᠨ ᠢᠶᠠᠨ ᠣᠩᠭᠤᠨ ᠤ ᠡᠮᠦᠨ᠎ᠡ ᠡᠩᠭᠡᠷ ᠲᠤ ᠡᠪᠦᠳᠦᠭ ᠲᠤᠤᠷ᠎ᠠ ᠨᠢ ᠲᠠᠯᠪᠢᠵᠤ ᠦᠭ᠂ ᠪᠢ ᠲᠡᠭᠦᠦ ᠨᠢ ᠶᠤᠮ ᠴᠢᠨᠢ ᠦᠨᠡᠨ ᠤ ᠭᠠᠵᠠᠷ ᠢᠶᠠᠨ ᠣᠴᠢᠭᠰᠠᠨ ᠴᠤ ᠦᠭᠡ ᠨᠢᠭᠡᠳᠡᠢ ᠠᠬ᠎ᠠ ᠪᠠᠨ ᠡᠷᠢᠵᠦ ᠤᠯᠤᠭᠠᠳ ᠦᠷᠭᠦᠯᠵᠢᠯᠡᠨ ᠵᠤᠭᠤᠭ ᠢᠶᠠᠨ ᠠᠪᠴᠤ ᠶᠠᠪᠤᠨ᠎ᠠ﹀﹀ ᠭᠡᠵᠦ ᠬᠡᠯᠡᠭᠰᠡᠨ ᠪᠠ ᠬᠡᠵᠢᠶᠡᠳᠡ ᠤᠨᠢᠰᠦ ᠲᠠᠢ ᠪᠠᠶᠢᠳᠠᠭ ᠥᠨᠦᠬᠢ ᠵᠢᠵᠢᠭ ᠬᠠᠷ᠎ᠠ ᠠᠪᠳᠠᠷ᠎ᠠ ᠢᠶᠠᠨ ᠡᠵᠢ ᠳᠤ ᠲᠣᠰᠢᠶᠠᠨ ᠦᠭᠭᠦᠭᠡᠳ ᠦᠭᠡᠷ᠎ᠡ ᠶᠠᠭᠤ ᠴᠤ ᠶᠠᠷᠢᠭᠰᠠᠨ ᠦᠭᠡᠢ ᠲᠡᠶᠢᠮᠦ ᠨᠢᠭᠡᠨ ᠰᠠᠨᠠᠭ᠎ᠠ ᠪᠦᠳᠦᠨ ᠰᠡᠳᠬᠢᠯ ᠪᠦᠳᠦᠨ ᠲᠤᠮᠲᠠ ᠠᠷᠢᠶᠠᠪᠠᠯᠤ ᠪᠤᠷᠬᠠᠨ ᠤ ᠠᠷᠤᠤᠬᠠᠨ ᠲᠦᠷᠢ ᠲᠠᠢ ᠪᠠᠷ ᠠᠯᠠᠭ ᠶᠢᠷᠳᠢᠨᠴᠦ ᠠᠴᠠ ᠠᠮᠢᠰᠬᠤᠯ ᠢᠶᠠᠨ ᠲᠠᠯᠪᠢᠭᠤᠨ ᠬᠤᠷᠢᠶᠠᠵᠠᠢ᠃        ᠡᠪᠦᠭᠡ ᠶᠢᠨ ᠬᠡᠭᠦᠷ ᠢ ᠲᠡᠭᠦᠨ ᠤ ᠵᠠᠬᠢᠶ᠎ᠠ ᠶᠤᠰᠤᠭᠠᠷ ᠬᠦᠨᠳᠦᠴᠢᠯᠡᠨ ᠪᠤᠩᠬᠤᠯᠵᠤ ᠤᠷᠴᠢᠭᠤᠯᠭ᠎ᠠ ᠲᠠᠭᠤᠰᠤᠭᠰᠠᠨ ᠬᠤᠶᠢᠨ᠎ᠠ ᠠᠶᠢᠯ  ᠤᠰᠤᠨ ᠤ ᠤᠳᠤᠮᠰᠢᠯ ᠵᠠᠩᠰᠢᠯ ᠢ ᠬᠦᠨᠳᠦᠴᠢᠯᠠᠵᠦ ᠣᠷᠣ ᠲᠠᠪᠢᠰᠭᠡᠷ᠂ ᠬᠤᠪᠴᠠᠰᠤ ᠬᠤᠨᠠᠷ ᠵᠡᠷᠭᠡ ᠵᠠᠷᠤᠵᠤ ᠬᠡᠷᠡᠭᠯᠡᠵᠦ ᠪᠠᠶᠢᠭᠰᠠᠨ ᠶᠠᠭᠤᠮ᠎ᠠ ᠬᠡᠦᠮ᠎ᠡ ᠶᠢ ᠨᠢ ᠠᠶᠢᠯ ᠠᠶᠢᠮᠠᠭ ᠤᠨ ᠬᠢᠨ ᠳᠤ ᠬᠡᠷᠢᠶᠡᠰ ᠤᠨ ᠡᠳ᠋④ ᠬᠡᠮᠡᠨ ᠲᠦᠭᠡᠭᠡᠵᠦ ᠪᠠᠷᠠᠭᠠᠳ ᠥᠨᠦᠬᠢ ᠬᠠᠷ᠎ᠠ ᠠᠪᠳᠠᠷ᠎ᠠ ᠶᠢ ᠨᠢ ᠰᠡᠬᠦᠵᠦ ᠦᠵᠡᠭᠰᠡᠨ ᠳᠤ ᠲᠥᠭᠡ ᠵᠤᠵᠠᠭᠠᠨ ᠬᠤᠶᠠᠷ ᠪᠠᠭᠯᠠᠭ᠎ᠠ ᠲᠠᠢ ᠲᠦᠷᠪᠡᠨ ᠡᠪᠦᠭᠡᠨ ᠤ ᠵᠢᠷᠤᠭ ᠲᠠᠢ ᠠᠷᠠᠳ ᠤᠨ ᠵᠤᠭᠤᠰ ᠪᠠᠶᠢᠯ᠎ᠠ᠃ ᠠᠪᠤ ᠡᠵᠢ ᠬᠤᠶᠠᠷ ᠢᠳᠡᠭᠡᠵᠦ ᠶᠠᠳᠠᠭᠰᠠᠨ ᠨᠢ ᠲᠡᠷᠡ ᠶᠤᠮ ᠦᠦ︖ ᠡᠰᠡᠭᠦᠯ᠎ᠡ ᠡᠪᠦᠭᠡ ᠢ ᠤᠯᠠᠮ ᠶᠡᠭᠡ ᠰᠠᠨᠠᠵᠤ ᠬᠠᠶᠢᠷᠠᠯᠠᠭᠰᠠᠨ ᠤ ᠬᠢ ᠶᠤᠮ ᠦᠦ ᠪᠦᠦ ᠮᠡᠳᠡ᠂ ᠪᠦᠷᠢᠮᠦᠰᠦᠨ ᠪᠡᠶ᠎ᠡ ᠪᠠᠨ ᠲᠤᠭᠲᠠᠭᠠᠵᠤ ᠲᠡᠶᠢᠯᠬᠦ ᠪᠠᠨ ᠪᠠᠶᠢᠭᠠᠳ ᠨᠢᠭᠡ ᠨᠢᠭᠡ ᠪᠠᠨ ᠲᠡᠪᠡᠷᠢᠭᠰᠡᠭᠡᠷ ᠶᠠᠭ ᠦᠯᠦᠭᠡᠢ ᠲᠠᠢ ᠬᠡᠦᠬᠡᠳ ᠶᠤᠮ ᠰᠢᠭ ᠲᠠᠭᠤ ᠲᠠᠯᠪᠢᠨ ᠤᠬᠢᠯᠠᠵᠤ ᠡᠬᠢᠯᠡᠪᠡ᠃  ᠰᠡᠭᠦᠯ ᠳᠤᠨᠢ ᠲᠡᠷᠡᠬᠦ ᠪᠠᠭᠯᠠᠭ᠎ᠠ ᠲᠠᠢ ᠵᠤᠭᠤᠰ ᠶᠢ ᠨᠢ ᠲᠤᠭᠠᠯᠠᠵᠤ ᠦᠵᠡᠭᠰᠡᠨ ᠳᠤ ᠢᠯᠡᠭᠦᠦ ᠴᠦ ᠦᠭᠡᠢ᠂ ᠲᠤᠲᠠᠭᠤ ᠴᠤ ᠦᠭᠡᠢ ᠪᠦᠬᠦᠯᠢ ᠵᠢᠷᠭᠤᠭᠠᠨ ᠲᠦᠮᠡᠨ ᠲᠦᠭᠦᠷᠢᠭ ᠪᠠᠶᠢᠭᠰᠠᠨ ᠤ ᠲᠡᠭᠡᠷ᠎ᠡ ᠪᠠᠰᠠ ᠡᠵᠢ ᠳᠤ ᠭᠡᠵᠦ ᠠᠯᠢ ᠡᠷᠲᠡ ᠪᠡᠭᠡᠵᠢᠩ ᠠᠴᠠ ᠠᠪᠴᠢᠷᠠᠭᠤᠯᠤᠭᠠᠳ ᠬᠠᠳᠠᠭᠠᠯᠠᠵᠤ ᠪᠠᠶᠢᠭᠰᠠᠨ ᠬᠤᠶᠠᠷ ᠮᠦᠩᠭᠦᠨ ᠪᠠᠭᠤᠤ ᠨᠢ ᠪᠠᠶᠢᠵᠠᠢ᠃      ᠠᠪᠤ ᠡᠵᠢ ᠬᠤᠶᠠᠭᠤᠯᠠ ᠡᠨᠡ ᠦᠶ᠎ᠡ ᠳᠤ ᠡᠪᠦᠭᠡ ᠶᠢᠨ ᠠᠮᠢᠳᠦ ᠰᠠᠷᠢᠭᠦᠨ ᠪᠠᠶᠢᠬᠤ ᠳᠠᠭᠠᠨ ︿︿ᠠᠪᠤ ᠨᠢ ᠬᠡᠨ ᠠᠴᠠ ᠴᠤ ᠳᠤᠲᠠᠭᠤ ᠦᠭᠡᠢ ᠵᠣᠯ ᠵᠢᠷᠭᠠᠯ ᠲᠠᠢ᠂ ᠪᠤᠶᠠᠨ ᠲᠦᠭᠦᠷᠡᠩ ᠠᠮᠢᠲᠤᠷᠠᠭᠰᠠᠨ ᠬᠦᠮᠦᠨ᠂ ᠮᠦᠨ ᠬᠡᠨ ᠠᠴᠠ ᠴᠦ ᠲᠤᠲᠠᠭᠤ ᠦᠭᠡᠢ ᠪᠠᠶᠠᠨ ᠪᠠᠷᠳᠠᠮ ᠶᠠᠪᠤᠭᠰᠠᠨ ᠬᠦᠮᠦᠨ ᠶᠤᠮ᠃ ᠦᠷ᠎ᠡ ᠬᠡᠦᠬᠡᠳ ᠲᠡᠭᠡᠨ ᠦᠯᠡᠳᠡᠭᠡᠮᠡᠷ ᠤᠯᠢᠭ ᠲᠠᠢ ᠶᠠᠭᠤᠮ᠎ᠠ ᠦᠭᠡᠢ᠂ ᠥᠨᠦᠬᠢ ᠬᠠᠷ᠎ᠠ ᠠᠪᠳᠠᠷ᠎ᠠ ᠪᠠᠨ ᠯᠠ ᠬᠤᠶᠢᠨᠠᠬᠢ ᠡᠳ᠋ ᠪᠤᠯᠭᠠᠨ ᠬᠤᠴᠤᠷᠭᠠᠵᠤ ᠦᠭᠭᠦᠨ᠎ᠡ ᠳ᠋ᠡ﹀﹀ ᠭᠡᠵᠦ ᠤᠷᠮ᠎ᠠ ᠬᠦᠭᠵᠢᠨ ᠬᠡᠯᠡᠳᠡᠭ ᠪᠠᠶᠢᠭᠰᠠᠨ ᠶᠢ ᠨᠢ ᠰᠠᠨᠠᠵᠤ ᠣᠯᠣᠭᠠᠳ ᠪᠠᠰᠠ ᠨᠢᠭᠡ ᠤᠳᠠᠭ᠎ᠠ ᠡᠭᠡᠷ ᠲᠠᠲᠠᠭᠤᠯᠤᠨ  ᠭᠠᠷᠴᠠᠢ᠃ ᠥᠨᠥ ᠵᠢᠯ ᠤᠨ ᠬᠠᠩᠰᠢ ᠰᠠᠶᠢᠬᠠᠨ ᠡᠳᠦᠷ ᠲᠠᠭᠠᠷᠠᠵᠠᠢ᠃ ᠪᠢ ᠬᠦᠦ ᠪᠠᠨ ᠲᠠᠭᠠᠭᠤᠯᠤᠨ ᠡᠪᠦᠭᠡ ᠲᠡᠭᠡᠳᠦᠰ ᠤᠨ ᠢᠶᠠᠨ ᠤᠩᠭᠤᠨ ᠬᠡᠭᠦᠷ ᠲᠡᠭᠡᠷ᠎ᠡ ᠲᠦᠯᠡᠰᠢ ᠲᠤᠶ᠋ᠢᠩ ᠰᠢᠲᠠᠭᠠᠵᠤ ᠰᠢᠷᠤᠢ ᠮᠤᠳᠤ ᠨᠡᠮᠡᠬᠦ ᠪᠠᠷ ᠣᠴᠢᠭᠰᠠᠨ ᠳᠤ ᠰᠠᠬᠠᠯᠳᠦ ᠡᠪᠦᠭᠡ ᠶᠢᠨ ᠪᠤᠯᠠᠰᠢ ᠶᠢ ᠲᠤᠭᠤᠷᠢᠭᠤᠯᠵᠤ ᠲᠠᠷᠢᠭᠰᠠᠨ ᠵᠤᠯᠵᠠᠭ᠎ᠠ ᠬᠠᠶᠢᠯᠠᠰᠣ ᠨᠤᠭᠤᠳ ᠨᠢᠭᠡᠨᠳᠡ ᠪᠦᠳᠦᠬᠦᠨ ᠬᠦᠪᠴᠢ ᠪᠤᠯᠵᠤ ᠰᠠᠯᠠᠭ᠎ᠠ ᠨᠠᠮᠠᠭ᠎ᠠ ᠨᠢ ᠪᠤᠲᠠᠯᠠᠵᠤ ᠬᠦᠢᠴᠡᠭᠰᠡᠨ ᠪᠦᠭᠡᠳ ᠵᠡᠬᠦᠨ ᠡᠮᠦᠨ᠎ᠡ ᠪᠡᠶ᠎ᠡ ᠳᠤᠨᠢ ᠨᠢᠭᠡ ᠰᠠᠭᠤᠷᠢ ᠪᠠᠳᠤᠴᠠᠭᠠᠨ ᠤᠷᠭᠤᠭᠠᠳ ᠪᠠᠶᠢᠪᠠ᠃     ᠡᠩ ᠵᠢᠷ ᠤᠨ ᠨᠢᠭᠡ ᠬᠦᠮᠦᠨ ᠰᠠᠬᠠᠯᠳᠦ ᠡᠪᠦᠭᠡ ᠮᠠᠨᠢ ᠢᠩᠬᠢᠵᠦ ᠡᠩ ᠵᠢᠷ ᠤᠨ ᠪᠤᠰᠤ ᠪᠠᠷ ᠦᠪᠡᠷ ᠤᠨ ᠪᠦᠯᠢᠶᠡᠨ ᠬᠠᠯᠠᠭᠤᠨ ᠰᠢᠷᠦᠢ ᠳᠡᠭᠡᠨ ᠪᠦᠷᠢᠨ ᠪᠦᠳᠦᠨ ᠰᠢᠩᠭᠡᠵᠦ ᠦᠷ᠎ᠡ ᠬᠡᠦᠬᠡᠳ ᠤᠨ ᠢᠶᠠᠨ ᠬᠠᠶᠢᠷ᠎ᠠ ᠮᠦᠷᠦᠭᠡᠰᠦᠯ ᠲᠤᠮᠲᠠ ᠬᠠᠪᠤᠷ ᠲᠠᠭᠠᠨ ᠨᠤᠭᠤᠭᠠᠷᠠᠵᠤ ᠨᠠᠮᠤᠷ ᠲᠠᠭᠠᠨ ᠤᠯᠠᠶᠢᠳᠠᠭ ᠨᠣᠳᠤᠭ ᠤᠨ ᠪᠠᠳᠤᠴᠠᠭᠠᠨ ᠢᠶᠠᠨ ᠰᠢᠭ᠋ ᠨᠠᠮᠵᠢᠭᠤᠨ ᠪᠠᠳᠠᠷᠠᠩᠭᠤᠢ ᠬᠦᠬᠡᠷᠡᠭᠰᠡᠭᠡᠷ᠂ ᠪᠠᠰᠠ ᠤᠯᠠᠶᠢᠭᠰᠠᠭᠠᠷ ᠶᠤᠮ ᠪᠢᠯᠡ᠃ ᠵᠡᠭᠦᠯᠲᠡ᠄       ① ᠶᠠᠫᠤᠨ ᠡᠵᠡᠷᠬᠡᠭ ᠲᠦᠷᠢᠮᠡᠬᠡᠶᠢᠳᠡᠨ ᠮᠠᠨ ᠤ ᠤᠯᠤᠰ ᠤᠨ ᠵᠡᠭᠦᠨ ᠬᠤᠶᠢᠳᠦ ᠤᠷᠤᠨ ᠳᠤ ᠤᠤᠯᠭᠠᠯᠠᠨ ᠤᠷᠤᠵᠤ ᠢᠷᠡᠭᠰᠡᠨ ᠬᠤᠶᠢᠨ᠎ᠠ ᠬᠤᠯᠤᠭᠠᠨ᠎ᠠ ᠬᠡᠵᠢᠭ ᠲᠡᠯᠭᠡᠷᠡᠭᠦᠯᠵᠦ ᠲᠤᠭ᠎ᠠ ᠦᠭᠡᠢ ᠤᠯᠠᠨ ᠠᠷᠠᠳ ᠢᠷᠭᠡᠳ ᠶᠢ ᠬᠤᠣᠷᠳᠠᠭᠤᠯᠪᠠ᠃ ᠬᠦᠯᠦᠨ ᠪᠦᠢᠷ ᠤᠨ ᠬᠡᠰᠡᠭ ᠬᠤᠰᠢᠭᠤ ᠰᠢᠶᠠᠨ ᠤ ᠮᠠᠯᠴᠢᠳ ᠬᠠᠶᠢᠯᠠᠷ ᠤᠷᠤᠵᠤ ᠠᠶᠠᠨ ᠬᠦᠰᠭᠡ ᠎ ᠳᠤ ᠶᠠᠪᠤᠵᠤ ᠪᠠᠶᠢᠭᠠᠳ ᠬᠡᠵᠢᠭ ᠲᠠᠢ ᠬᠤᠤᠷ ᠲᠤ ᠨᠡᠷᠪᠡᠭᠳᠡᠭᠰᠡᠨ ᠶᠠᠪᠤᠳᠠᠯ ᠮᠠᠰᠢ ᠠᠷᠪᠢᠨ ᠭᠠᠷᠴᠤ ᠪᠠᠶᠢᠵᠠᠢ᠃     ② ᠨᠡᠶᠢᠲᠡ ᠪᠠᠷ ᠪᠠᠶᠢᠭᠰᠠᠨ ᠦᠶᠡᠰ ᠮᠠᠯ ᠰᠦᠷᠦᠭ ᠪᠦᠷ ᠬᠠᠮᠳᠤ ᠎ ᠳᠤ ᠦᠮᠴᠢᠯᠡᠭᠳᠡᠵᠦ ᠪᠠᠶᠢᠭᠰᠠᠨ ᠪᠤᠯᠪᠠᠴᠤ ᠬᠤᠪᠢ ᠠᠶᠢᠯ ᠳᠤ ᠪᠠᠰᠠ ᠠᠮᠢᠨ ᠤ ᠮᠠᠯ ᠲᠠᠢ ᠪᠠᠶᠢᠵᠤ ᠰᠠᠭᠠᠯᠢ ᠰᠦ ᠠᠪᠴᠤ ᠴᠠᠢ ᠪᠠᠨ ᠨᠡᠶᠢᠯᠡᠭᠦᠯᠳᠡᠭ ᠪᠠᠶᠢᠵᠠᠢ᠃ ᠲᠡᠷᠡ ᠨᠢ ᠭᠠᠴᠠᠭ᠎ᠠ ᠲᠤᠰᠬᠤᠨ ᠠᠴᠠ ᠤᠶᠢᠷᠠᠯᠴᠠᠭ᠎ᠠ ᠪᠡᠯᠴᠢᠭᠡᠷᠯᠡᠳᠡᠭ ᠪᠣᠯᠬᠤᠷ ᠠᠶᠢᠯ ᠤᠨ ᠰᠦᠷᠦᠭ ᠭᠡᠳᠡᠭ᠃     ③ ᠶᠠᠭ ᠲᠡᠮᠡᠭᠡᠨ ᠬᠤᠷᠭᠤᠣᠯ ᠰᠢᠭ᠋ ᠦᠩᠭᠡᠳᠡᠢ ᠲᠡᠭᠡᠷ᠎ᠡ ᠨᠢ ᠰᠢᠬᠢᠷ ᠦᠷᠦᠭᠰᠡᠨ ᠪᠤᠭᠤᠷᠰᠤᠭ᠃ ᠠᠶᠢᠯ ᠠᠶᠢᠮᠠᠭ ᠤᠨ ᠬᠢᠨ ᠲᠡᠮᠡᠭᠡᠨ ᠬᠤᠷᠭᠤᠣᠯ ᠤᠨ  ᠪᠤᠭᠤᠷᠰᠤᠭ ᠭᠡᠳᠡᠭ᠃      ④ ᠮᠠᠨ ᠤ ᠨᠣᠳᠤᠭ ᠤᠨ ᠬᠢᠨ ᠨᠠᠰᠤᠳᠠᠢ ᠬᠦᠮᠦᠨ ᠪᠡᠶ᠎ᠡ ᠨᠦᠭᠴᠢᠭᠰᠡᠨ ᠬᠤᠶᠢᠨ᠎ᠠ ᠲᠡᠭᠦᠨ ᠤ ᠠᠮᠢᠳᠦ ᠰᠡᠷᠢᠭᠦᠨ ᠪᠠᠶᠢᠬᠤ ᠳᠠᠭᠠᠨ ᠵᠠᠷᠤᠵᠤ ᠬᠡᠷᠡᠭᠯᠡᠵᠦ ᠪᠠᠶᠢᠭᠰᠠᠨ ᠡᠳ᠋ ᠦᠭᠯᠢᠭᠡ ᠶᠢ ᠨᠢ ᠠᠶᠢᠯ ᠠᠶᠢᠮᠠᠭ ᠤᠨ ᠬᠢᠨ ᠳᠠᠭᠠᠨ ᠬᠡᠷᠢᠶᠡᠰ ᠤᠨ ᠪᠤᠳᠠᠰ ᠭᠡᠵᠦ ᠲᠦᠭᠡᠭᠡᠨ ᠦᠭᠳᠡᠭ᠃ ᠠᠶᠢᠯ ᠠᠶᠢᠮᠠᠭ ᠤᠨ ᠬᠢᠨ ᠨᠠᠰᠣᠳᠠᠨ ᠤ ᠪᠤᠶᠠᠨ ᠶᠢ ᠬᠤᠷᠢᠶᠠᠵᠤ ᠪᠠᠶᠢᠨ᠎ᠠ ᠭᠡᠳ ᠪᠣᠯᠢᠶᠠᠯᠳᠤᠨ ᠠᠪᠤᠵᠠᠭᠠᠳᠠᠭ᠃      ︵︿︿ᠵᠢᠷᠢᠮ ᠤᠨ ᠤᠷᠠᠨ ᠵᠤᠬᠢᠶᠠᠯ﹀﹀᠎ ᠶᠢᠨ 2020  ᠣᠨ ᠤ 9 ᠬᠤᠭᠤᠴᠠᠭᠠᠨ ᠳᠤ ᠨᠡᠶᠢᠲᠡᠯᠡᠭᠳᠡᠪᠡ᠃︶        
 
ᠢᠷᠡᠯᠲᠡ᠄ ᠪ᠊᠂ ᠪᠢᠯᠢᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号