ᠡᠮᠡᠭᠡᠯ
ᠨᠡᠶᠢᠲᠡᠯᠡᠭᠰᠡᠨ ᠴᠠᠭ᠄
2020/10/21
ᠡᠮᠡᠬᠡᠯ         ᠶᠢᠰᠦᠬᠡᠢ ᠪᠠᠭᠠᠳᠤᠷ ᠳᠠᠲ᠋ᠠᠷ ᠠᠶᠢᠮᠠᠭ ᠲᠤ ᠬᠡᠨᠡᠳᠡᠬᠡᠳ ᠦᠬᠡᠯᠤᠨ ᠦᠵᠢᠨ ᠬᠦᠪᠡᠬᠦᠳ ᠲᠤ ᠪᠠᠨ ᠡᠮᠡᠬᠡᠯ ᠠᠴᠠ ᠦᠬᠡᠷ᠎ᠡ ᠦᠯᠡᠳᠡᠬᠡᠬᠦ ᠬᠡᠷᠢᠶᠡᠰ ᠦᠬᠡᠢ ᠬᠠᠯᠢᠪᠠ ᠪᠤᠭᠳᠠ ᠡᠵᠡᠨ ᠢ ᠲᠦᠰᠢᠵᠤ ᠪᠤᠰᠬᠠᠭᠰᠠᠨ ᠪᠤᠷᠬᠠᠨ ᠬᠠᠯᠳᠤᠨ ᠦᠷᠯᠦᠭ ᠬᠦᠯᠦᠭ ᠨᠤᠬᠠᠢ ᠶᠢ ᠰᠢᠯᠭᠠᠭᠰᠠᠨ ᠠᠯᠳᠠᠢ ᠶᠢᠨ ᠨᠢᠷᠤᠭᠤᠳ ᠲᠦᠷᠦᠬᠡ ᠶᠢ ᠨᠢ ᠮᠢᠯᠢᠶᠠᠪᠠ ᠡᠵᠡᠨ ᠴᠢᠩᠬᠢᠰ ᠤᠨ ᠡᠷᠡᠮᠡᠭ ᠬᠤᠶᠠᠷ ᠵᠢᠭᠠᠯ ᠦᠨᠦᠴᠢᠨ ᠬᠦᠤ ᠶᠢᠨ ᠰᠡᠴᠡᠭ ᠦᠨᠳᠡᠬᠡᠨ ᠴᠠᠭᠠᠨ ᠨᠤᠭᠤᠳ ᠤᠯᠤᠩ ᠢ ᠨᠢ ᠴᠢᠩᠭᠠᠯᠠᠪᠠ ᠴᠢᠩᠬᠢᠰ ᠬᠠᠭᠠᠨ ᠤ ᠢᠯᠭᠤᠭᠰᠠᠨ ᠭᠤᠷᠪᠠᠨ ᠰᠦᠯᠳᠠ ᠴᠢᠬᠢᠷᠠᠭ ᠵᠠᠩᠵᠤᠨ ᠪᠠᠭᠠᠳᠤᠳ ᠴᠡᠩᠬᠡᠷ ᠬᠦᠬᠡ ᠳᠤᠭ ᠪᠦᠬᠦᠷᠬᠡ ᠶᠢ ᠨᠢ ᠪᠤᠰᠬᠠᠪᠠ ᠪᠠᠷᠠᠭᠤᠨᠰᠢ ᠳᠠᠶᠢᠳᠤᠭᠰᠠᠨ ᠪᠠᠯᠠᠷᠠᠰᠢ ᠦᠬᠡᠢ ᠭᠠᠪᠢᠶ᠎ᠠ ᠡᠮᠤᠨᠡᠰᠢ ᠡᠵᠡᠯᠡᠭᠰᠡᠨ ᠡᠩ ᠦᠬᠡᠢ ᠪᠦᠮᠪᠦᠷᠴᠡᠭ ᠭᠠᠨᠵᠤᠭ᠎ᠠ ᠶᠢ ᠨᠢ ᠲᠦᠬᠦᠷᠬᠡᠪᠡ ᠠᠷᠪᠠᠨ ᠭᠤᠷᠪᠠᠳᠤᠭᠠᠷ ᠵᠠᠭᠤᠨ ᠤ ᠮᠤᠩᠭᠤᠯ ᠬᠠᠭᠠᠨᠳᠤ ᠤᠯᠤᠰ ᠮᠤᠷᠢᠨ ᠳᠡᠬᠡᠷᠡᠬᠢ ᠦᠨᠳᠦᠰᠦᠳᠡᠨ ᠮᠦᠩᠬᠡ ᠳᠡᠭᠷᠢ ᠶᠢᠨ ᠬᠦᠪᠡᠬᠦᠳ ᠳᠤᠬᠤᠮ ᠢ   ᠨᠢ ᠵᠤᠵᠠᠭᠠᠯᠠᠪᠠ ᠳᠠᠶᠢᠴᠢᠭᠤᠳ ᠲᠤ ᠠᠳᠠᠯᠠᠭᠳᠠᠭᠰᠠᠨ ᠴᠠᠭ ᠲᠤ ᠰᠡᠬᠦᠳᠡᠷ ᠮᠡᠳᠤ ᠬᠠᠨᠢᠯᠠᠵᠤ ᠰᠡᠬᠦᠯ ᠮᠡᠳᠤ ᠳᠠᠭᠠᠭᠰᠠᠨ ᠰᠡᠴᠡᠨ ᠮᠡᠷᠬᠡᠨ ᠪᠤᠭᠤᠷᠴᠤ ᠡᠮᠡᠬᠡᠯ ᠢ ᠨᠢ ᠮᠤᠷᠢᠨ ᠳᠤ ᠳᠤᠬᠤᠪᠠ ᠡᠷᠳᠡᠨ ᠤ ᠡᠨᠡ ᠡᠮᠡᠬᠡᠯ ᠦᠨᠳᠦᠰᠦᠳᠡᠨ ᠢᠶᠠᠨ ᠳᠠᠨᠢᠬᠤ ᠬᠡᠯᠡ ᠦᠪ ᠰᠤᠶᠤᠯ ᠤᠨ ᠭᠤᠯᠤᠮᠳᠠ ᠳᠡᠯᠬᠡᠷ ᠮᠤᠩᠭᠤᠯ ᠤᠨ ᠴᠠᠳᠢᠭ ᠳᠡᠯᠡᠬᠡᠢ ᠨᠡᠶᠢᠳᠡ ᠶᠢᠨ ᠳᠡᠤᠬᠡ ᠪᠤᠯᠪᠠ    ᠵᠤᠬᠢᠶᠠᠭᠴᠢ᠄  ᠳᠤᠭᠴᠢ ᠯᠤᠪᠰᠠᠩ ︵鲁布森  ᠂  ᠭᠠᠷ ᠤᠳᠠᠰᠤ᠄  136 1487 6979᠂       ᠬᠠᠶ᠋ᠢᠭ᠄  ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ  ︵乌审旗蒙古族实验小学︶᠂ ᠰᠢᠤᠳᠠᠨ ᠨᠤᠮᠧᠷ᠄ 017300    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号