ᠰᠣᠪᠣᠷᠭ᠎ᠠ ᠨᠣᠳᠤᠭ
ᠨᠡᠶᠢᠲᠡᠯᠡᠭᠰᠡᠨ ᠴᠠᠭ᠄
2020/10/21
︵ᠬᠤᠯᠪᠣᠭ᠎ᠠ︶            ᠰᠣᠪᠣᠷᠭ᠎ᠠ ᠨᠣᠳᠤᠭ                 ᠬᠠ᠊   ᠠᠯᠲᠠᠨᠪᠣᠯᠠᠭ ᠠᠷᠠᠯᠲᠦ ᠬᠤᠭᠤᠷ ᠢᠶᠠᠨ ᠠᠳᠬᠤᠬᠤ ᠳᠤ ᠠᠶᠠᠯᠭᠤ ᠬᠦᠭᠵᠢᠮ ᠨᠢ ᠣᠶᠠᠩᠭᠠᠷᠠᠨ᠎ᠠ ᠳ᠋ᠠ ᠣᠨᠠᠭᠰᠠᠨ ᠨᠣᠳᠤᠭ ᠰᠣᠪᠣᠷᠭ᠎ᠠ ᠮᠢᠨᠢ ᠣᠶᠠᠩᠭ᠎ᠠ ᠲᠠᠭᠤᠨ ᠳᠤ ᠢᠷᠡᠨ᠎ᠡ ᠳ᠋ᠠ       ᠣᠳᠠᠰᠣᠲᠦ ᠬᠤᠭᠤᠷ ᠢᠶᠠᠨ ᠪᠠᠷᠢᠬᠤ ᠳᠤ       ᠣᠷᠠᠨ ᠬᠤᠯᠪᠣᠭ᠎ᠠ ᠣᠨᠳᠣᠷᠠᠨ᠎ᠠ  ᠳ᠋ᠠ       ᠣᠨᠠᠭᠠᠨ ᠦᠯᠦᠬᠡᠢ ᠰᠣᠪᠣᠷᠭ᠎ᠠ ᠮᠢᠨᠢ       ᠣᠬᠠᠭᠠᠨ ᠪᠣᠳᠣᠯ ᠳᠤ  ᠣᠷᠭᠤᠨ᠎ᠠ ᠳ᠋ᠠ ᠠᠯᠳᠠᠨ ᠭᠠᠨᠵᠣᠣᠷᠲᠦ ᠴᠠᠭᠠᠨ ᠰᠣᠪᠣᠷᠭ᠎ᠠ ᠨᠢ ᠠᠯᠣᠰ ᠤᠨ ᠬᠤᠯᠠ ᠠᠴᠠ ᠬᠢᠯᠡᠯᠵᠡᠨ᠎ᠠ ᠠᠭᠤᠣ ᠲᠡᠣᠬᠡ ᠶᠢᠨ ᠬᠠᠭᠤᠳᠠᠰᠣᠨ ᠳᠤ ᠠᠯᠳᠠᠷ ᠨᠡᠷ᠎ᠡ ᠨᠢ ᠲᠠᠭᠤᠷᠢᠰᠣᠭᠳᠠᠨ᠎ᠠ        ᠰᠣᠳᠣᠨ ᠨᠣᠳᠤᠭ ᠤᠨ ᠡᠯᠢᠬᠡᠨ ᠲᠡᠭᠡᠷ᠎ᠡ        ᠰᠠᠶᠢᠬᠠᠨ ᠬᠠᠨ ᠮᠢᠨᠢ ᠰᠡᠭᠦᠶᠢᠨ᠎ᠡ        ᠣᠢ ᠮᠣᠳᠣ ᠨᠢ ᠵᠢᠭᠳᠡᠷᠡᠭᠡᠳ        ᠠᠷᠢᠶᠠᠳᠠᠨ ᠵᠢᠭᠦᠷᠳᠡᠨ ᠨᠢ ᠵᠢᠷᠭᠠᠨ᠎ᠠ ᠴᠠᠭᠠᠨ ᠮᠦᠷᠡᠨ ᠤ ᠣᠰᠣ ᠨᠢ ᠴᠠᠶᠢᠯᠵᠨᠨ ᠴᠠᠶᠢᠯᠵᠠᠨ ᠮᠢᠷᠡᠯᠵᠡᠨ᠎ᠡ ᠬᠦᠮᠦᠨ ᠠᠮᠢᠳᠠᠨ ᠢᠶᠠᠨ ᠣᠮᠳᠠᠯᠠᠭᠠᠳ ᠬᠦᠳᠡᠭᠡ ᠨᠣᠳᠤᠭ ᠲᠠᠭᠠᠨ ᠮᠡᠯᠮᠡᠷᠡᠨ᠎ᠡ        ᠠᠯᠳᠠᠨ ᠰᠢᠷᠭᠠᠯ ᠲᠠᠷᠢᠶ᠎ᠠ ᠨᠢ        ᠨᠠᠶᠢᠭᠤᠰ ᠨᠠᠶᠢᠭᠤᠰ‌ᠬᠠᠯᠢᠭᠤᠷᠠᠨ᠎ᠠ        ᠠᠮᠦ ᠲᠦᠮᠦᠰᠦ ᠨᠢ ᠪᠣᠯᠪᠠᠰᠣᠷᠠᠭᠠᠳ        ᠨᠡᠶᠢᠳᠠ ᠣᠯᠠᠨ ᠢᠶᠠᠷ ᠢᠶᠠᠨ ᠪᠠᠶᠠᠰᠣᠯᠴᠠᠨ᠎ᠠᠣᠷᠭᠤᠮᠠᠯ ᠴᠡᠴᠡᠭ ᠨᠢ ᠢᠷᠡᠯᠵᠠᠭᠠᠳᠠᠭᠤᠳᠠᠮ ᠬᠦᠨᠲᠡᠢ   ᠨᠢ ᠴᠡᠩᠭᠡᠷᠯᠡᠨ᠎ᠡᠲᠠᠩᠰᠤᠭ ᠰᠦᠷᠦᠭ ᠢᠶᠠᠨ ᠠᠳᠣᠭᠤᠯᠠᠭᠠᠳᠲᠠᠯ᠎ᠠ ᠶᠢᠨ ᠮᠠᠯᠴᠢᠳ ᠵᠢᠷᠭᠠᠯᠣᠳᠨ᠎ᠠ       ᠬᠤᠰᠢᠭᠤ ᠴᠠᠭᠠᠨ ᠮᠠᠩᠬ᠎ᠠ ᠨᠢ       ᠬᠤᠩᠭᠤᠷ ᠨᠣᠳᠤᠭ ᠲᠠᠭᠠᠨ ᠰᠡᠮᠡᠷᠡᠨ᠎ᠡ       ᠬᠤᠯᠠ ᠣᠶᠢᠷ᠎ᠠ ᠶᠢᠨ ᠦᠷᠡᠰ ᠲᠡᠭᠡᠨ       ᠬᠤᠨᠤᠭ ᠡᠳᠦᠷ ᠢᠶᠠᠷ ᠰᠠᠨᠠᠭᠳᠠᠨ᠎ᠠ ᠡᠮ ᠪᠣᠯᠣᠭᠰᠠᠨ ᠷᠠᠰᠢᠶᠠᠨ ᠨᠢ ᠦᠯᠦᠬᠡᠢ ᠨᠣᠳᠤᠭ ᠢᠶᠠᠨ ᠠᠷᠢᠭᠤᠯᠣᠨ᠎ᠠ ᠦᠷ᠎ᠡ ᠪᠣᠯᠣᠭᠰᠠᠨ ᠪᠢᠳᠡᠨ ᠳᠡᠭᠡᠨ ᠡᠵᠢ ᠢᠶᠠᠷ ᠰᠡᠳᠬᠢᠯ ᠢᠶᠠᠷ ᠮᠡᠯᠮᠡᠷᠡᠨ᠎ᠡ       ᠴᠡᠯ ᠨᠣᠭᠤᠭᠠᠨ ᠮᠣᠳᠣᠳ ᠨᠢ       ᠴᠡᠩᠭᠡᠷ ᠲᠡᠭᠷᠢ ᠪᠠᠨ ᠪᠠᠭᠠᠨᠠᠳᠣᠨ᠎ᠠ       ᠴᠡᠪᠡᠷ ᠠᠷᠢᠭᠤᠨ ᠠᠭᠠᠷ   ᠲᠤ ᠨᠢ       ᠴᠡᠩᠭᠡᠯᠲᠦ ᠰᠢᠪᠠᠭᠤᠳ ᠵᠢᠷᠭᠢᠯᠳᠦᠨ᠎ᠡ ᠠᠶᠢᠯ ᠠᠶᠢᠮᠠᠭ ᠤᠨ ᠬᠦᠮᠦᠰ ᠨᠢ ᠡᠪ ᠲᠠᠢ  ᠵᠦᠢᠲᠠᠢ ᠶᠠᠪᠣᠯᠴᠠᠨ᠎ᠠ ᠣᠳᠣᠮ ᠰᠣᠳᠣᠷ ᠲᠠᠢ ᠦᠷᠡᠰ ᠨᠢ ᠣᠬᠠᠭᠠᠨ ᠪᠣᠯᠪᠠᠰᠣᠷᠠᠯ ᠲᠠᠢ ᠠᠮᠢᠳᠣᠷᠠᠨ᠎ᠠ       ᠰᠢᠨ᠎ᠡ ᠡᠷᠡᠨ ᠤ ᠣᠷᠠᠢ ᠪᠠᠷ       ᠰᠢᠵᠢᠷ  ᠲᠣᠶᠠᠭ᠎ᠠ ᠨᠢ ᠭᠢᠯᠪᠠᠯᠵᠠᠨ᠎ᠠ       ᠦᠬᠡᠷᠡᠴᠢᠯᠡᠯᠳᠠ ᠨᠡᠭᠡᠭᠡᠯᠳᠠ ᠶᠢᠨ ᠵᠠᠮ ᠢᠶᠠᠷ       ᠦᠬᠡᠳᠡᠷᠭᠡᠭ ᠠᠮᠢᠳᠣᠷᠠᠯ ᠨᠢ ᠮᠠᠨᠳᠣᠨ᠎ᠠ ᠠᠪᠤ ᠲᠡᠭᠡᠲᠦ ᠶᠢᠨ ᠦᠶ᠎ᠡ ᠠᠴᠠ ᠠᠮᠢ ᠪᠠᠷ ᠢᠶᠠᠨ ᠰᠣᠯᠢᠭᠰᠠᠨ ᠨᠣᠳᠤᠭ ᠶᠤᠮ ᠦᠷᠡᠰ ᠨᠢ ᠪᠣᠯᠣᠭᠰᠠᠨ ᠪᠢᠳᠡᠨ ᠤ ᠡᠷᠲᠡᠨᠢ ᠪᠣᠯᠣᠭᠰᠠᠨ ᠦᠯᠦᠭᠡᠢ ᠶᠤᠮ ᠡᠪᠦᠬᠡᠳ ᠨᠠᠰᠣᠳᠠᠳ ᠮᠢᠨᠢ ᠦᠳᠦᠯᠡᠭᠡᠳ ᠶᠠᠰᠦ ᠪᠠᠨ ᠲᠠᠯᠪᠢᠭᠰᠠᠨ ᠭᠠᠵᠠᠷ ᠶᠤᠮ ᠲᠣᠭᠤᠨᠠᠲᠦ ᠮᠣᠩᠭᠤᠯ ᠣᠳᠣᠮᠳᠠᠨ ᠤ ᠲᠣᠯᠭ᠎ᠠ ᠪᠠᠨ ᠨᠣᠴᠣᠭᠠᠭᠰᠠᠨ ᠦᠷᠬᠦᠭᠡ ᠶᠤᠮ         ᠠᠯᠳᠠ ᠪᠠᠷ ᠰᠣᠯᠢᠬᠤ ᠦᠬᠡᠢ ᠨᠣᠳᠤᠭ ᠢᠶᠠᠨ          ᠠᠮᠢᠨ ᠵᠢᠷᠦᠬᠡᠨ ᠠᠴᠠ   ᠪᠠᠨ  ᠬᠠᠶᠢᠷᠠᠯᠠᠶ᠎ᠠ          ᠠᠷᠠᠳ ᠣᠯᠠᠨ ᠢᠶᠠᠷ ᠢᠶᠠᠨ ᠪᠦᠯᠬᠦᠮᠳᠡᠭᠡᠳ          ᠠᠭᠤᠣ ᠦᠢᠯᠡᠰ ᠢ ᠨᠢ ᠵᠢᠷᠣᠭᠯᠠᠶ᠎ᠠ ᠬᠦᠮᠦᠨ ᠤ ᠰᠠᠶᠢᠬᠠᠨ ᠨᠣᠳᠤᠭ ᠬᠡᠵᠦ ᠬᠦᠭᠵᠢᠯᠲᠦ ᠰᠣᠪᠣᠷᠭ᠎ᠠ ᠪᠠᠶᠢᠳᠠᠭ ᠶᠤᠮ ᠬᠦᠷᠴᠦ ᠣᠴᠢᠭᠠᠳ ᠦᠵᠡᠬᠦ ᠦᠬᠡᠢ ᠪᠣᠯ ᠬᠡᠭᠦᠳᠡᠭ ᠵᠢᠷᠦᠬᠡᠨ ᠳᠡᠭᠡᠨ ᠬᠠᠷᠠᠮᠰᠠᠬᠤ ᠶᠤᠮ        ᠣᠨᠠᠭᠰᠠᠨ ᠨᠣᠳᠤᠭ ᠰᠣᠪᠣᠷᠭ᠎ᠠ ᠢᠶᠠᠨ        ᠣᠶᠠᠩᠭᠠᠯᠠᠵᠦ ᠲᠠᠭᠤᠯᠠᠭᠠᠳ ᠪᠠᠷᠠᠨ᠎ᠠ ᠤᠤ ᠳ᠋ᠠ        ᠬᠡᠶᠢᠮᠣᠷᠢ ᠮᠠᠨᠳᠣᠬᠤ ᠶᠢ ᠨᠢ ᠵᠦᠩᠨᠡᠭᠡᠳ        ᠬᠤᠯᠪᠣᠭ᠎ᠠ ᠰᠢᠯᠦᠭ ᠢᠶᠠᠨ ᠲᠡᠭᠦᠰᠭᠡᠶ᠎ᠡ ᠳ᠋ᠠ                         2018 ᠣᠨ5 ᠰᠠᠷ᠎ᠠ ᠶᠢᠨ12 ᠤ ᠡᠲᠦᠷ ᠰᠠᠶᠢᠬᠠᠨ ᠪᠠᠯᠭᠠᠷ   ᠨᠣᠮ ᠤᠨ ᠦᠷᠦᠬᠡᠨ᠎ᠡ ᠬᠠᠶ᠋ᠢᠭ  ᠄   ᠪᠠᠷᠠᠭᠤᠨ ᠦᠵᠦᠮᠦᠴᠢᠨ ᠬᠤᠰᠢᠭᠤᠨ ᠤ  ᠰᠢᠨᠵᠢᠯᠡᠬᠦ  ᠣᠬᠠᠭᠠᠨ ᠲᠧᠭᠨᠢᠭ ᠮᠡᠷᠭᠡᠵᠢᠯ ᠤᠨ ᠨᠡᠶᠢᠭᠡᠮᠯᠢᠭ ᠣᠳᠠᠰᠦ᠄    13947957276
 
ᠢᠷᠡᠯᠲᠡ᠄ ᠠᠯᠲᠠᠨᠪᠤᠯᠠᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号