ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠤᠨ ᠶᠠᠳᠠᠭᠤ ᠶᠢ ᠲᠡᠳᠬᠦᠬᠦ ᠠᠵᠢᠯ ᠢᠯᠡᠳᠳᠡ ᠦᠷ᠎ᠡ ᠪᠦᠲᠦᠮᠵᠢ ᠤᠯᠪᠠ
ᠨᠡᠶᠢᠲᠡᠯᠡᠭᠰᠡᠨ ᠴᠠᠭ᠄
2017-10-11
        ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠶᠠᠳᠠᠭᠤ ᠶᠢ ᠲᠡᠳᠬᠦᠬᠦ ᠠᠵᠢᠯ ᠢ ᠲᠡᠭᠡᠳᠤ ᠬᠡᠮᠵᠢᠶ᠎ᠡ ᠪᠠᠷ ᠴᠢᠬᠤᠯᠠᠴᠢᠯᠠᠨ᠂ ᠲᠤᠰ ᠰᠢᠶᠠᠨ ᠤ ᠱᠡᠭᠡᠷᠳᠤ ᠰᠢᠶᠠᠩ ᠤᠨ ᠰᠦᠰᠦᠳᠠᠢ ᠲᠤᠰᠬᠤᠨ ᠢ ᠬᠠᠪᠰᠤᠷᠤᠨ ᠲᠡᠳᠬᠦᠬᠦ ᠴᠡᠭ ᠢᠶᠠᠨ ᠪᠤᠯᠭᠠᠵᠤ᠂ ᠲᠡᠭᠡᠳᠤ ᠬᠡᠮᠵᠢᠶᠡᠨ ᠤ ᠬᠠᠷᠢᠭᠤᠴᠠᠯᠭᠠᠳᠤ ᠰᠡᠳᠬᠢᠯᠬᠡ ᠪᠠ ᠦᠨᠡᠨᠴᠢ ᠰᠡᠳᠬᠢᠯ ᠢᠶᠠᠷ ᠢᠶᠠᠨ ᠠᠷᠠᠳ ᠲᠤ ᠪᠤᠳᠠᠳᠤ ᠶᠠᠪᠤᠳᠠᠯ᠂ ᠰᠠᠶᠢᠨ ᠶᠠᠪᠤᠳᠠᠯ ᠬᠢᠵᠤ᠂ ᠢᠯᠡᠳᠳᠡ ᠦᠷ᠎ᠡ ᠪᠦᠲᠦᠮᠵᠢ ᠤᠯᠤᠭᠰᠠᠨ ᠪᠠᠶᠢᠨ᠎ᠠ᠃ ︽ᠬᠠᠪᠰᠤᠷᠤᠨ ᠲᠡᠳᠬᠦᠬᠦ ᠪᠠᠶᠢᠭᠤᠯᠤᠯᠭ᠎ᠠ ᠠᠴᠠ ᠪᠢᠳᠡᠨ ᠢ ᠰᠠᠶᠢᠨ ᠬᠠᠪᠰᠤᠷᠤᠭᠰᠠᠨ ᠰᠢᠦ᠂ ᠮᠠᠨ ᠤ ᠲᠤᠰᠬᠤᠨ ᠳᠤ ᠦᠶᠡᠷ ᠢ ᠰᠡᠷᠭᠡᠶᠢᠯᠡᠬᠦ ᠬᠠᠰᠢᠯᠭ᠎ᠠ ᠵᠠᠰᠠᠨ ᠦᠭᠴᠤ᠂ ᠤᠳᠤ ᠠᠷᠠᠳ ᠤᠯᠠᠨ ᠦᠶᠡᠷ ᠠᠴᠠ ᠠᠶᠤᠬᠤ ᠴᠢᠬᠤᠯᠠ ᠦᠬᠡᠢ᠂ ᠰᠠᠨᠠᠭ᠎ᠠ ᠠᠮᠤᠷ ᠤᠨᠳᠠᠵᠤ ᠪᠠᠶᠢᠨ᠎ᠠ︾ ᠭᠡᠵᠤ ᠯᠢᠨᠰᠢ ᠰᠢᠶᠠᠨ ᠤ ᠱᠡᠭᠡᠷᠳᠤ ᠰᠢᠶᠠᠩ ᠤᠨ ᠰᠦᠰᠦᠳᠠᠢ ᠲᠤᠰᠬᠤᠨ ᠤ ᠱᠦᠵᠢ ᠯᠢ ᠸᠧᠨ ᠯᠢ ᠪᠠᠶᠠᠷᠳᠠᠢ ᠶᠠᠷᠢᠨ᠎ᠠ᠃         ᠤᠢᠢᠯᠠᠭᠠᠭᠰᠠᠨ ᠢᠶᠠᠷ᠂ ᠱᠡᠭᠡᠷᠳᠤ ᠰᠢᠶᠠᠩ ᠤᠨ ᠰᠦᠰᠦᠳᠠᠢ ᠲᠤᠰᠬᠤᠨ ᠤ ᠭᠤᠤ ᠵᠢᠶᠠ ᠶᠢᠩᠽᠢ ᠠᠴᠠ ᠶᠠᠩ ᠵᠢᠶᠠ ᠶᠢᠩᠽᠢ ᠬᠦᠷᠬᠦ ᠵᠠᠮ ᠨᠢ ᠭᠤᠤᠯ ᠠᠴᠠ ᠤᠢᠢᠷᠠᠬᠠᠨ ᠪᠠᠶᠢᠵᠤ᠂ ᠪᠤᠷᠤᠭᠠᠨ ᠤ ᠤᠯᠠᠷᠢᠯ ᠪᠤᠯᠪᠠᠯ ᠤᠰᠤᠨ ᠳᠤ ᠲᠠᠭᠠᠷᠢᠭᠳᠠᠨ᠂ ᠲᠡᠭᠡᠳᠤ ᠤᠷᠤᠰᠬᠠᠯ ᠤᠨ ᠶᠠᠩ ᠵᠢᠶᠠ ᠶᠢᠩᠽᠢ ᠪᠠ ᠤᠪᠤᠭ᠎ᠠ ᠶᠢᠩᠽᠢ ᠶᠢᠨ 47 ᠡᠷᠦᠬᠡ ᠶᠢᠨ ᠵᠠᠭᠤ ᠰᠢᠬᠠᠮ ᠬᠦᠮᠦᠰ ᠤᠨ ᠭᠠᠳᠠᠭᠰᠢ ᠭᠠᠷᠬᠤ ᠵᠠᠮ ᠢ ᠬᠠᠰᠢᠬᠤ ᠶᠢᠨ ᠬᠠᠮᠳᠤ ᠭᠤᠤᠯ ᠤᠨ ᠤᠰᠤ ᠨᠢ ᠵᠠᠮ ᠲᠠᠭᠠᠦ ᠤᠷᠤᠰᠴᠤ ᠲᠤᠤᠷᠠᠳᠤ ᠤᠷᠤᠰᠬᠠᠯ ᠤᠨ ᠭᠤᠤ ᠵᠢᠶᠠ ᠶᠢᠩᠽᠢ ᠪᠠ ᠱᠠᠨ ᠳ᠋ᠦᠩ ᠶᠢᠩᠽᠢ ᠶᠢᠨ 52 ᠡᠷᠦᠬᠡ ᠶᠢᠨ ᠠᠮᠤᠷ ᠲᠦᠪᠰᠢᠨ ᠢ ᠨᠦᠯᠦᠬᠡᠯᠡᠵᠤ ᠪᠠᠶᠢᠵᠠᠢ᠃ ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠡᠨᠡᠬᠦ ᠪᠠᠶᠢᠢᠳᠠᠯ ᠢ ᠤᠢᠢᠯᠠᠭᠠᠭᠰᠠᠨ ᠤ ᠲᠠᠷᠠᠭ᠎ᠠ᠂ ᠲᠤᠰᠬᠤᠨ ᠢ ᠲᠠᠭᠠᠭᠠᠴᠢᠯᠠᠭᠰᠠᠨ ᠤᠳᠤᠷᠢᠳᠤᠯᠭ᠎ᠠ ᠪᠠ ᠤᠰᠤᠨ ᠠᠰᠢᠭᠯᠠᠯᠳᠠ ᠶᠢᠨ ᠰᠠᠯᠠᠭ᠎ᠠ ᠮᠦᠴᠢᠷ ᠲᠠᠢ ᠵᠦᠪᠳᠡᠯᠴᠡᠵᠤ᠂ 17 ᠲᠦᠮᠡᠨ ᠲᠦᠭᠦᠷᠢᠭ ᠤᠨ ᠪᠡᠯᠡ ᠮᠦᠩᠬᠦ ᠬᠤᠷᠠᠮᠳᠤᠭᠤᠯᠤᠨ᠂ ᠭᠤᠤ ᠵᠢᠶᠠ ᠶᠢᠩᠽᠢ ᠠᠴᠠ ᠶᠠᠩ ᠵᠢᠶᠠ ᠶᠢᠩᠽᠢ ᠬᠦᠷᠬᠦ ᠭᠤᠤᠯ ᠤᠨ ᠰᠠᠪᠠ ᠭᠠᠵᠠᠷ ᠲᠤ ᠤᠷᠳᠤ ᠨᠢ 426 ᠮᠧᠲᠷ᠂ ᠦᠷᠭᠡᠨ ᠨᠢ 2 ᠮᠧᠲᠷ ᠦᠶᠡᠷ ᠢ ᠰᠡᠷᠭᠡᠶᠢᠯᠡᠬᠦ ᠬᠠᠰᠢᠯᠭ᠎ᠠ ᠪᠠᠶᠢᠭᠤᠯᠵᠤ ᠦᠭᠴᠡᠢ᠃          ᠱᠡᠭᠡᠷᠳᠤ ᠰᠢᠶᠠᠩ ᠤᠨ ᠰᠦᠰᠦᠳᠠᠢ ᠲᠤᠰᠬᠤᠨ ᠤ ᠶᠠᠩ ᠵᠢᠶᠠ ᠶᠢᠩᠽᠢ ᠳᠤ ᠤᠯᠠᠨ ᠵᠢᠯ ᠤᠨ ᠡᠮᠦᠨ᠎ᠡ ᠮᠠᠯᠳᠠᠭᠰᠠᠨ 30 ᠺᠢᠯᠤᠸᠠᠲ ᠤᠨ ᠴᠠᠬᠢᠯᠭᠠᠨ ᠬᠤᠳᠳᠤᠭ ᠨᠢᠬᠡ ᠪᠠᠶᠢᠵᠤ᠂ ᠤᠢᠢᠷ᠎ᠠ ᠬᠠᠪᠢ ᠶᠢᠨ 100 ᠭᠠᠷᠤᠢ ᠮᠦ ᠲᠠᠷᠢᠶᠠᠨ ᠭᠠᠵᠠᠷ ᠤᠨ ᠤᠰᠤᠯᠠᠯᠳᠠ ᠶᠢ ᠠᠷᠭᠠᠴᠠᠵᠤ ᠪᠠᠶᠢᠵᠠᠢ᠃ ᠭᠡᠪᠡᠴᠤ ᠤᠢᠢᠷ᠎ᠠ ᠶᠢᠨ ᠵᠢᠯ ᠠᠴᠠ ᠤᠰᠤᠨ ᠲᠦᠪᠰᠢᠨ ᠤ ᠲᠤᠷᠤᠭᠰᠢᠯᠠᠬᠤ ᠶᠢ ᠲᠠᠭᠠᠯᠳᠤᠨ᠂ ᠲᠤᠰ ᠬᠤᠳᠳᠤᠭ ᠰᠢᠷᠬᠢᠵᠤ᠂ ᠤᠤᠯ ᠤᠨ ᠤᠰᠤᠯᠠᠯᠳᠠ ᠶᠢᠨ ᠭᠠᠵᠠᠷ ᠨᠢ ᠭᠠᠩ ᠬᠠᠭᠤᠷᠠᠢ ᠪᠤᠯᠵᠤ᠂ ᠠᠷᠠᠳ ᠤᠯᠠᠨ ᠲᠡᠭᠷᠢ ᠶᠢᠨ ᠴᠢᠷᠠᠢ ᠬᠠᠷᠠᠵᠤ ᠲᠠᠷᠢᠶ᠎ᠠ ᠬᠤᠷᠢᠶᠠᠬᠤ ᠪᠤᠯᠵᠠᠢ᠃ ᠡᠨᠡᠬᠦ ᠪᠠᠶᠢᠳᠠᠯ ᠳᠤ ᠴᠢᠭᠯᠡᠬᠦᠯᠦᠨ᠂ ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠨᠢ ᠲᠤᠬᠠᠢ ᠶᠢᠨ ᠭᠠᠵᠠᠷ ᠲᠤᠨᠢ ᠬᠦᠷᠴᠤ ᠪᠠᠶᠢᠴᠠᠭᠠᠨ ᠰᠤᠳᠤᠯᠵᠤ᠂ ᠰᠢᠶᠠᠨ ᠤ ᠬᠦᠭᠵᠢᠬᠦᠯᠦᠯᠳᠡ ᠦᠬᠡᠷᠡᠴᠢᠯᠡᠯᠳᠡ ᠶᠢᠨ ᠲᠤᠪᠴᠢᠶ᠎ᠠ ᠲᠠᠢ ᠵᠤᠬᠢᠴᠠᠭᠤᠯᠭ᠎ᠠ ᠬᠢᠵᠤ᠂ 12 ᠲᠦᠮᠡ ᠭᠠᠷᠤᠢ ᠲᠦᠭᠦᠷᠢᠭ ᠤᠨ ᠪᠡᠯᠡ ᠮᠦᠩᠬᠦ ᠴᠤᠭᠯᠠᠭᠤᠯᠤᠨ ᠬᠠᠭᠤᠴᠢᠨ ᠬᠤᠳᠳᠤᠭ ᠤᠨ ᠤᠢᠢᠷᠠᠯᠴᠠᠭ᠎ᠠ ᠨᠢᠬᠡᠨ 60 ᠮᠧᠲᠷ ᠬᠦᠨ ᠴᠠᠬᠢᠯᠭᠠᠨ ᠬᠤᠳᠳᠤᠭ ᠮᠠᠯᠳᠠᠬᠤ ᠶᠢᠨ ᠬᠠᠮᠳᠤ ᠪᠠᠰᠠ 5 ᠲᠦᠮᠡᠨ ᠲᠦᠬᠦᠷᠢᠭ ᠤᠨ ᠪᠡᠯᠡ ᠮᠦᠩᠬᠦ ᠴᠤᠭᠯᠠᠭᠤᠯᠵᠤ᠂ 100 ᠺᠢᠯᠤᠸᠠᠲ ᠤᠨ ᠴᠠᠬᠢᠯᠭᠠᠨ ᠬᠦᠴᠦᠳᠡᠯ ᠲᠤᠬᠢᠷᠠᠭᠤᠯᠤᠭᠴᠢ ᠤᠭᠰᠠᠷᠠᠵᠤ ᠦᠭᠴᠡᠢ᠃ ᠲᠤᠰᠬᠤᠨ ᠤ ᠠᠷᠠᠳ ᠲᠠᠩ ᠱᠦ ᠰᠢᠦᠸᠠᠢ᠄ ︽ᠡᠨᠡ ᠬᠤᠳᠳᠤᠭ ᠮᠠᠨ ᠤ ᠲᠤᠰᠬᠤᠨ ᠤ 380 ᠭᠠᠷᠤᠢ ᠮᠦ ᠭᠠᠩ ᠬᠠᠭᠤᠷᠠᠢ ᠪᠠᠯ ᠭᠠᠵᠠᠷ ᠤᠨ ᠲᠠᠷᠢᠶ᠎ᠠ ᠶᠢ ᠤᠰᠤᠯᠠᠯᠳᠠ ᠶᠢᠨ ᠲᠠᠷᠢᠶ᠎ᠠ ᠪᠤᠯᠭᠠᠨ ᠬᠤᠪᠢᠷᠠᠭᠤᠯᠵᠤ᠂ ᠪᠢᠳᠡ ᠤᠳᠤ ᠲᠡᠭᠷᠢ ᠶᠢᠨ ᠴᠢᠷᠠᠢ ᠬᠠᠷᠠᠬᠤ ᠴᠢᠬᠤᠯᠠ ᠦᠬᠡᠢ ᠪᠤᠯᠤᠭᠰᠠᠨ᠃ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠤᠨ ᠨᠦᠬᠦᠳ ᠲᠡᠭᠡᠨ ᠲᠠᠯᠠᠷᠬᠠᠵᠤ ᠪᠠᠶᠢᠨ᠎ᠠ ᠡ︾ ᠭᠡᠪᠡ᠃           ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ᠂ ᠲᠤᠰᠬᠤᠨ ᠳᠤ ᠰᠠᠭᠤᠭ᠎ᠠ ᠠᠵᠢᠯ ᠤᠨ ᠲᠤᠭᠤᠢᠢᠯᠠᠩ ᠪᠠ ᠲᠤᠰᠬᠤᠨ ᠤ ᠬᠤᠶᠠᠷ ᠵᠦᠪᠯᠡᠯ ᠤᠨ ᠬᠢᠨ ᠲᠠᠩᠰᠠ ᠪᠠᠶᠢᠭᠤᠯᠤᠨ ᠺᠠᠷᠲ ᠵᠤᠬᠢᠶᠠᠭᠰᠠᠨ ᠶᠠᠳᠠᠭᠤ ᠬᠦᠴᠢᠷᠳᠡᠢ ᠡᠷᠦᠬᠡ ᠶᠢᠨ ᠶᠠᠳᠠᠭᠤᠷᠠᠭᠰᠠᠨ ᠰᠢᠯᠳᠠᠭᠠᠨ ᠢ ᠤᠯᠠᠮ ᠴᠢᠨᠠᠭᠰᠢᠳᠠ ᠵᠠᠳᠠᠯᠤᠨ ᠰᠤᠳᠤᠯᠤᠭᠰᠠᠨ ᠤ ᠰᠠᠭᠤᠷᠢᠨ ᠲᠡᠭᠡᠷ᠎ᠡ᠂ ᠶᠠᠳᠠᠭᠤ ᠬᠦᠴᠢᠷᠳᠡᠢ ᠡᠷᠦᠬᠡ ᠶᠢᠨ ᠲᠡᠳᠬᠦᠮᠵᠢ ᠬᠦᠷᠳᠡᠬᠦ ᠬᠡᠷᠡᠭᠴᠡᠭᠡ ᠱᠠᠭᠠᠷᠳᠠᠯᠭ᠎ᠠ ᠶᠢ ᠲᠤᠳᠤᠳᠬᠠᠵᠤ᠂ ᠲᠤᠬᠠᠢ ᠶᠢᠨ ᠬᠦᠮᠦᠨ ᠪᠠ ᠡᠷᠦᠬᠡ ᠶᠢᠨ ᠪᠠᠶᠢᠳᠠᠯ ᠳᠤ ᠵᠤᠬᠢᠴᠠᠭᠤᠯᠤᠨ ᠠᠷᠭ᠎ᠠ ᠠᠪᠴᠠᠯ ᠭᠠᠷᠭᠠᠵᠤ᠂ ᠶᠠᠳᠠᠭᠤ ᠠᠴᠠ ᠠᠩᠬᠢᠵᠢᠷᠠᠭᠤᠯᠬᠤ ᠲᠦᠯᠦᠪᠯᠡᠭᠡ ᠶᠢ ᠢᠳᠡᠪᠬᠢᠳᠡᠢ ᠲᠤᠭᠳᠠᠭᠠᠨ ᠬᠡᠷᠡᠭᠵᠢᠬᠦᠯᠵᠤ᠂ ᠠᠷᠠᠳ ᠤᠯᠠᠨ ᠤ ᠬᠦᠴᠢᠷᠳᠡᠯ ᠢ ᠦᠨᠡᠨᠬᠦ ᠰᠢᠢᠳᠪᠦᠷᠢᠯᠡᠪᠡ᠃ ᠵᠢᠱᠢᠶᠡᠯᠡᠪᠡᠯ᠂ 72 ᠨᠠᠰᠤᠳᠠᠢ ᠹᠦ᠋ ᠵᠢᠦ ᠶᠢᠨ ᠨᠠᠰᠤᠳᠠᠨ ᠨᠠᠰᠤ ᠠᠬᠢᠮᠠᠭ ᠪᠤᠯᠪᠠᠴᠤ ᠪᠡᠶ᠎ᠡ ᠪᠠᠶᠢᠳᠠᠯ ᠡᠷᠡᠬᠦᠯ ᠴᠢᠬᠢᠷᠠᠭ ᠮᠦᠷᠳᠡᠭᠡᠨ ᠬᠤᠭᠤᠯᠠ ᠪᠤᠳᠠᠭ᠎ᠠ ᠬᠢᠬᠦ ᠳᠡᠭᠡᠨ ᠰᠠᠶᠢᠨ ᠪᠤᠯᠬᠤᠷ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠤᠨ ᠠᠵᠢᠯᠳᠠᠨ ᠨᠠᠰᠤᠳᠠᠨ ᠳᠤ ᠬᠤᠭᠤᠯᠠ ᠪᠤᠳᠠᠭ᠎ᠠ ᠬᠢᠬᠦ ᠠᠵᠢᠯ ᠡᠷᠢᠵᠤ ᠦᠭᠴᠡᠢ᠃            ᠯᠢᠨᠰᠢ ᠰᠢᠶᠠᠨ ᠤ ᠤᠷᠤᠨ ᠲᠤᠭ᠎ᠠ ᠶᠢᠨ ᠵᠦᠪᠯᠡᠯ ᠤᠨ ᠠᠯᠪᠠᠨ ᠭᠡᠷ ᠨᠢ ᠲᠤᠰᠬᠤᠨ ᠤ ᠦᠨᠳᠦᠰᠦᠨ ᠰᠠᠭᠤᠷᠢ ᠲᠦᠭᠦᠭᠡᠷᠦᠮᠵᠢ ᠶᠢ ᠦᠬᠡᠷᠡᠴᠢᠯᠡᠨ ᠰᠠᠶᠢᠵᠢᠷᠠᠭᠤᠯᠬᠤ᠂ ᠶᠠᠳᠠᠭᠤ ᠬᠦᠴᠢᠷᠳᠡᠢ ᠡᠷᠦᠬᠡ ᠶᠢ ᠶᠠᠳᠠᠭᠤ ᠠᠴᠠ ᠠᠩᠬᠢᠵᠢᠷᠠᠭᠤᠯᠬᠤ ᠵᠡᠷᠭᠡ ᠠᠵᠢᠯ ᠢ ᠰᠠᠶᠢᠳᠤᠷ ᠬᠢᠬᠦ ᠶᠢᠨ ᠬᠠᠮᠳᠤ ᠪᠠᠰᠠ ᠰᠦᠰᠦᠳᠡᠢ ᠲᠤᠰᠬᠤᠨ ᠤ ᠪᠤᠳᠠᠳᠤ ᠪᠠᠶᠢᠳᠠᠯ ᠳᠤ ᠰᠠᠭᠤᠷᠢᠯᠠᠨ᠂ ᠬᠤᠶᠢᠰᠢᠳᠠ ᠲᠦᠬᠦᠭᠡᠷᠦᠮᠵᠢᠳᠤ ᠲᠠᠷᠢᠶᠠᠯᠠᠩ ᠢ ᠪᠦᠬᠦ ᠬᠦᠴᠦᠨ ᠢᠶᠠᠷ ᠬᠦᠭᠵᠢᠬᠦᠯᠦᠨ᠂ ᠭᠦᠸᠧ ᠵᠠᠩ ᠽᠢ ᠱᠠᠨ ᠠᠭᠤᠯᠠᠨ ᠤ ᠠᠮᠢ ᠠᠬᠤᠢ ᠶᠢᠨ ᠵᠢᠭᠤᠯᠴᠢᠯᠠᠯ ᠤᠨ ᠵᠤᠭᠠᠴᠠᠨ ᠰᠡᠯᠡᠬᠦᠴᠡᠬᠦ ᠨᠡᠷᠡᠳᠤ ᠲᠡᠮᠳᠡᠭ ᠢ ᠴᠤᠭᠴᠠᠯᠠᠨ ᠪᠠᠶᠢᠭᠤᠯᠵᠤ᠂ ︽ᠨᠢᠬᠡ ᠲᠤᠰᠬᠤᠨ ᠨᠢᠬᠡ ᠲᠦᠷᠦᠯ ᠲᠡᠮᠳᠡᠭ︾ ᠢ ᠡᠬᠦᠳᠬᠦ ᠵᠢᠴᠢ ᠤᠨᠴᠠᠯᠢᠭᠳᠤ ᠲᠡᠵᠢᠬᠡᠨ ᠦᠷᠡᠵᠢᠬᠦᠯᠬᠦ ᠪᠠ ᠡᠯᠧᠺᠳ᠋ᠷᠤᠨ ᠬᠤᠳᠠᠯᠳᠤᠭᠠᠨ ᠤ ᠪᠤᠷᠤᠯᠠᠭᠤᠯᠭ᠎ᠠ ᠶᠢ ᠨᠢᠬᠡ ᠴᠤᠭᠴᠠᠵᠢᠭᠤᠯᠤᠭᠰᠠᠨ ᠰᠢᠨ᠎ᠡ ᠬᠡᠯᠪᠡᠷᠢ ᠶᠢᠨ ᠬᠦᠭᠵᠢᠯᠳᠡ ᠶᠢᠨ ᠵᠠᠭᠪᠤᠷ ᠢ ᠪᠠᠶᠢᠭᠤᠯᠬᠤ ᠪᠠᠷ ᠲᠦᠯᠦᠪᠯᠡᠵᠤ ᠪᠤᠢ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ ​
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号