ᠯᠢᠨᠰᠢ ᠰᠢᠶᠠᠨ ᠬᠦᠮᠤᠨ ᠠᠬᠤᠢ ᠶᠢᠨ ᠤᠷᠴᠢᠨ ᠲᠤᠭᠤᠷᠢᠨ ᠢ ᠵᠠᠰᠠᠨ ᠴᠡᠭᠴᠡᠯᠡᠬᠦ ᠠᠵᠢᠯ ᠢ ᠯᠠᠪᠳᠠᠭᠤᠨ ᠪᠤᠳᠠᠳᠠᠢ ᠲᠦᠯᠬᠢᠨ ᠠᠬᠢᠭᠤᠯᠪᠠ
ᠨᠡᠶᠢᠲᠡᠯᠡᠭᠰᠡᠨ ᠴᠠᠭ᠄
2018-09-26
     ᠯᠢᠨᠰᠢ ᠰᠢᠶᠠᠨ ᠬᠦᠮᠤᠨ ᠠᠬᠤᠢ ᠶᠢᠨ ᠤᠷᠴᠢᠨ ᠲᠤᠭᠤᠷᠢᠨ ᠢ ᠵᠠᠰᠠᠨ ᠴᠡᠭᠴᠡᠯᠡᠬᠦ ᠠᠵᠢᠯ ᠢ ᠯᠠᠪᠳᠠᠭᠤᠨ ᠪᠤᠳᠠᠳᠠᠢ ᠲᠦᠯᠬᠢᠨ ᠠᠬᠢᠭᠤᠯᠪᠠ      ᠯᠢᠨᠰᠢ ᠰᠢᠶᠠᠨ ᠪᠤᠳᠠᠳᠠᠢ ᠪᠠᠶᠢᠳᠠᠯ ᠲᠠᠢ ᠲᠤᠬᠢᠷᠠᠭᠤᠯᠤᠨ᠂ ᠤᠨᠢᠨ ᠲᠡᠭᠡᠷ᠎ᠡ ᠨᠢ ᠲᠦᠷᠦ ᠶᠢᠨ ᠪᠤᠳᠤᠯᠭ᠎ᠠ ᠨᠠᠶᠢᠳᠠᠪᠤᠷᠢᠵᠢᠭᠤᠯᠪᠠ᠃ 2018 ᠤᠨ ᠳᠤ ᠨᠢᠬᠡᠨᠳᠡ1.5 ᠳ᠋ᠦᠩᠰᠢᠭᠤᠷ ᠬᠦᠷᠦᠩᠭᠡ ᠤᠷᠤᠭᠤᠯᠵᠦ᠂1610 ᠡᠷᠤᠬᠡ ᠨᠤᠷᠠᠮᠠᠷ ᠬᠠᠭᠤᠴᠢᠨ ᠬᠡᠷ ᠶᠢ ᠰᠢᠨᠡᠳᠭᠡᠨ ᠵᠠᠰᠠᠵᠦ᠂ 5909 ᠡᠷᠤᠬᠡ ᠶᠢᠨ ᠬᠡᠷ ᠲᠤᠳᠤᠷᠠᠬᠢ ᠬᠠᠶᠠᠭ᠎ᠠ ᠲᠡᠭᠡᠪᠤᠷ ᠶᠢ ᠰᠡᠯᠪᠢᠨ ᠵᠠᠰᠠᠪᠤᠷᠢᠯᠠᠪᠠ᠃168 ᠬᠡᠰᠡᠭ ᠤᠮᠳᠠᠨ ᠤ ᠤᠰᠤ ᠶᠢ ᠴᠡᠪᠡᠷᠰᠢᠬᠦᠯᠬᠦ ᠢᠨᠵᠧᠨ᠋ᠷᠢᠩ ᠢ ᠪᠡᠶᠡᠯᠡᠬᠦᠯᠵᠦ᠂ 272Km ᠲᠤᠰᠬᠤᠨ ᠳᠤ ᠨᠠᠪᠳᠡᠷᠡᠬᠦ ᠴᠢᠯᠠᠭᠤᠨ ᠵᠠᠮ ᠢ ᠰᠢᠨ᠎ᠡ ᠪᠠᠷ ᠵᠠᠰᠠᠵᠦ᠂ 638 ᠤᠳᠠᠭᠠᠨ  ᠤ ᠠᠶᠢᠯ ᠲᠤᠰᠬᠤᠨ ᠤ ᠤᠷᠴᠢᠨ ᠠᠬᠤᠢ ᠶᠢ ᠵᠠᠰᠠᠨ ᠴᠡᠪᠡᠷᠰᠢᠬᠦᠯᠬᠦ ᠠᠵᠢᠯᠯᠠᠭ᠎ᠠ ᠦᠷᠨᠢᠬᠦᠯᠪᠡ᠃ ᠰᠢᠶᠠᠩ ᠪᠠᠯᠭᠠᠰᠤ ᠰᠠᠭᠤᠷᠢᠰᠢᠭ᠎ᠠ ᠵᠠᠰᠠᠭ ᠵᠡᠬᠢᠷᠭᠠᠨ ᠤ ᠲᠤᠰᠬᠤᠨ ᠵᠢᠴᠢ ᠪᠦᠰᠡᠴᠢᠯᠡᠭᠰᠡᠨ ᠭᠤᠤᠯ ᠲᠤᠰᠬᠤᠨ ᠳᠤ ᠵᠤᠷᠯᠤᠩ ᠢ ᠦᠭᠡᠷᠴᠢᠯᠡᠨ ᠰᠢᠨᠡᠴᠢᠯᠡᠬᠦ ᠢᠨᠵᠧᠨ᠋ᠷᠢᠩ ᠢ ᠲᠠᠶᠢᠴᠢᠯᠠᠵᠦ16 ᠰᠠᠭᠤᠷᠢ ᠤᠷᠤᠰᠬᠠᠨ ᠴᠡᠪᠡᠷᠯᠡᠬᠦ ᠵᠤᠷᠯᠤᠩ ᠢ ᠰᠢᠨ᠎ᠡ ᠪᠠᠷ ᠪᠤᠰᠬᠠᠵᠠᠢ᠃ ᠮᠦᠨ ︽ᠯᠢᠨᠰᠢ ᠰᠢᠶᠠᠨ ᠤ ᠬᠦᠳᠡᠭᠡ ᠲᠤᠰᠬᠤᠨ ᠤ ᠬᠦᠮᠤᠨ ᠠᠬᠤᠢ ᠶᠢᠨ ᠤᠷᠴᠢᠨ ᠲᠤᠭᠤᠷᠢᠨ ᠢ ᠰᠢᠨᠡᠴᠢᠯᠡᠨ ᠵᠠᠰᠠᠬᠤ ᠪᠠ ᠬᠠᠮᠢᠶᠠᠷᠤᠨ ᠬᠠᠮᠠᠭᠠᠯᠠᠬᠤ ᠠᠵᠢᠯ ᠤᠨ ᠬᠦᠢᠴᠡᠳᠬᠡᠬᠦ ᠰᠠᠨᠠᠯ︾ ᠢ ᠨᠤᠤᠷᠠᠭᠯᠠᠵᠦ᠂ ︽ᠯᠢᠨᠰᠢ ᠰᠢᠶᠠᠨ ᠤ ᠬᠦᠳᠡᠭᠡ ᠲᠤᠰᠬᠤᠨ ᠤ ᠬᠦᠮᠤᠨ ᠠᠬᠤᠢ ᠶᠢᠨ ᠤᠷᠴᠢᠨ ᠲᠤᠭᠤᠷᠢᠨ ᠶᠢ ᠰᠢᠨᠡᠴᠢᠯᠡᠨ ᠵᠠᠰᠠᠬᠤ ᠭᠤᠷᠪᠠᠨ ᠵᠢᠯ ᠤᠨ ᠬᠦᠳᠡᠯᠭᠡᠭᠡᠨ ᠤ ᠲᠦᠰᠦᠯ ︵2018 — 2020 ᠤᠨ︶︾ ᠢ ᠲᠤᠭᠤᠷᠪᠢᠪᠠ᠃     ᠰᠢᠶᠠᠨ ᠤ ᠡᠳ᠋ ᠤᠨ ᠵᠠᠰᠠᠭ ᠠᠴᠠ ᠵᠢᠯ ᠪᠦᠷᠢ ᠲᠤᠰᠬᠤᠨ ᠪᠦᠷᠢ ᠳᠤ ᠲᠦᠮᠡᠨ ᠲᠦᠬᠦᠷᠢᠭ ᠤᠨ ᠤᠷᠴᠢᠨ ᠠᠬᠤᠢ ᠶᠢ ᠠᠷᠠᠴᠢᠯᠠᠨ ᠬᠠᠮᠠᠭᠠᠯᠠᠬᠤ ᠵᠠᠷᠤᠯᠭ᠎ᠠ ᠶᠢ ᠲᠦᠰᠦᠪᠯᠡᠵᠦ᠂ ᠮᠦᠨ ᠲᠤᠰᠬᠤᠨ ᠪᠦᠷᠢ ᠳᠤ 3 —10 ᠨᠡᠷᠡᠰ ᠨᠡᠶᠢᠳᠡ ᠶᠢᠨ ᠬᠠᠯᠠᠮᠵᠢ ᠶᠢᠨ ᠤᠷᠤᠨ ᠪᠠᠶᠢᠷᠢ ᠶᠢ ᠲᠤᠬᠢᠷᠠᠭᠤᠯᠵᠦ ᠤᠷᠴᠢᠨ ᠲᠤᠭᠤᠷᠢᠨ ᠤ ᠴᠡᠪᠡᠷᠰᠢᠬᠦᠯᠤᠯᠳᠡ ᠪᠠ ᠲᠦᠬᠦᠬᠡᠷᠦᠮᠵᠢ ᠶᠢᠨ ᠰᠡᠯᠪᠢᠨ ᠬᠠᠮᠠᠭᠠᠯᠠᠬᠤ ᠠᠵᠢᠯ ᠢ ᠡᠭᠦᠷᠬᠡᠯᠡᠬᠦᠯᠪᠡ᠃ ᠡᠳ᠋ ᠤᠨ ᠵᠠᠰᠠᠭ ᠤᠨ ᠲᠦᠰᠦᠯ ᠢᠶᠠᠷ ᠬᠠᠪᠰᠤᠷᠤᠯᠭ᠎ᠠ ᠪᠤᠯᠭᠠᠵᠦ᠂ ᠨᠡᠶᠢᠳᠡ ᠶᠢᠨ ᠬᠠᠯᠠᠮᠵᠢ ᠶᠢᠨ ᠤᠷᠤᠨ ᠪᠠᠶᠢᠷᠢ ᠳᠤ ᠲᠦᠰᠢᠭᠯᠡᠨ᠂ ᠡᠷᠤᠬᠡ ᠠᠴᠠ ᠬᠦᠷᠦᠩᠭᠡ ᠨᠡᠮᠡᠬᠦᠷᠢᠯᠡᠬᠦ᠂ ᠲᠤᠰᠬᠤᠨ ᠠᠴᠠ ᠬᠦᠷᠦᠩᠭᠡ ᠬᠤᠷᠠᠮᠳᠤᠭᠤᠯᠬᠤ ᠶᠢ  ᠤᠶᠠᠯᠳᠤᠭᠤᠯᠤᠭᠰᠠᠨ ᠤᠯᠠᠨ ᠡᠰᠢᠴᠢᠯᠡᠭᠰᠡᠨ ᠬᠦᠷᠦᠩᠭᠡ ᠬᠤᠷᠠᠮᠳᠤᠭᠤᠯᠬᠤ ᠲᠤᠭᠳᠠᠯᠴᠠᠭ᠎ᠠ ᠶᠢ ᠪᠤᠢ ᠪᠤᠯᠭᠠᠵᠠᠢ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号