ᠱᠡᠭᠡᠷᠲᠦ ᠰᠢᠶᠠᠩ ᠰᠢᠨᠵᠢᠯᠡᠨ ᠪᠠᠢᠴᠠᠭᠠᠬᠤ ᠪᠦᠯᠬᠦᠮ ᠵᠣᠬᠢᠶᠠᠨ ᠪᠠᠶᠢᠭᠤᠯᠵᠦ ᠬᠡᠰᠢᠭᠲᠡᠨ  ᠬᠤᠰᠢᠭᠤᠨ  ᠤ  ᠢᠦ᠋ᠶ ᠵᠧᠦ ᠳ᠋ᠢ  ᠪᠠᠯᠭᠠᠰᠤᠨ  ᠳᠤ  ᠬᠦᠷᠴᠦ ᠬᠢᠲᠠᠳ ᠡᠮ ᠤᠨ ᠮᠠᠲ᠋ᠧᠷᠢᠶᠠᠯ  ᠲᠠᠷᠢᠬᠤ  ᠶᠢ  ᠰᠢᠨᠵᠢᠯᠡᠨ  ᠰᠤᠷᠤᠯᠴᠠᠪᠠ
ᠨᠡᠶᠢᠲᠡᠯᠡᠭᠰᠡᠨ ᠴᠠᠭ᠄
2021/8/30
        8 ᠰᠠᠷ᠎ᠠ ᠶᠢᠨ 28 ᠤ ᠡᠳᠦᠷ᠂ ᠲᠠᠷᠢᠶᠠᠯᠠᠩ ᠮᠠᠯ ᠠᠵᠤ ᠠᠬᠤᠶ ᠶᠢᠨ ᠠᠵᠤ ᠦᠶᠯᠡᠰ ᠤᠨ ᠬᠥᠭᠵᠢᠯᠲᠡ ᠶᠢᠨ ᠪᠦᠲᠦᠴᠡ ᠶᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠲᠠᠷᠢᠶᠠᠯᠠᠩ ᠨᠢ ᠬᠦᠴᠦᠷᠬᠡᠭ᠂ ᠲᠣᠰᠬᠤᠨ ᠨᠢ ᠰᠠᠶᠢᠬᠠᠨ ᠂ ᠲᠠᠷᠢᠶᠠᠴᠢᠨ ᠨᠢ ᠴᠢᠨᠡᠭᠡᠯᠢᠭ ᠰᠢᠨ᠎ᠡ ᠬᠥᠳᠡᠭᠡ ᠲᠣᠰᠬᠤᠨ ᠢ ᠪᠥᠲᠥᠭᠡᠨ ᠪᠠᠶᠢᠭᠤᠯᠬᠤ ᠶᠢᠨ ᠲᠥᠯᠥᠭᠡ᠂ ᠱᠡᠭᠡᠷᠲᠦ ᠰᠢᠶᠠᠩ ᠤᠨ ᠨᠠᠮ ᠵᠠᠰᠠᠭ ᠤᠨ ᠤᠳᠤᠷᠢᠳᠬᠤ ᠪᠠᠭ ᠤᠨ ᠪᠦᠷᠢᠯᠳᠦᠬᠦᠨ ᠡᠯ᠎ᠡ ᠵᠠᠰᠠᠭ ᠵᠠᠬᠢᠷᠭᠠᠨ ᠤ ᠲᠣᠰᠬᠤᠨ ᠤ ᠨᠠᠮ  ᠤᠨ ᠡᠭᠦᠷ ᠤᠨ ᠱᠦᠵᠢ᠂ ᠳᠡᠳ᠋ ᠱᠦᠵᠢ ᠵᠡᠷᠭᠡ 30 ᠭᠠᠷᠤᠶ ᠬᠥᠮᠦᠨ ᠢ ᠳᠠᠭᠠᠭᠤᠯᠤᠨ ᠬᠡᠰᠢᠭᠲᠡᠨ ᠬᠤᠰᠢᠭᠤᠨ ᠤ ᠢᠦ᠋ᠶ ᠵᠧᠦ ᠳ᠋ᠢ ᠪᠠᠯᠭᠠᠰᠤᠨ ᠳᠤ ᠬᠦᠷᠴᠦ ᠬᠢᠲᠠᠳ ᠡᠮ ᠤᠨ ᠮᠠᠲ᠋ᠧᠷᠢᠶᠠᠯ ᠲᠠᠷᠢᠬᠤ ᠶᠢ ᠰᠢᠨᠵᠢᠯᠡᠨ ᠪᠠᠶᠢᠴᠠᠭᠠᠵᠤ ᠰᠤᠷᠤᠯᠴᠠᠪᠠ᠃
    ᠰᠢᠨᠵᠢᠯᠡᠨ ᠪᠠᠶᠢᠴᠠᠭᠠᠬᠤ ᠪᠦᠯᠬᠦᠮ ᠤᠨ ᠬᠢᠨ ᠤᠷᠢᠳ ᠬᠤᠵᠢᠳ ᠥᠪᠥᠷ ᠮᠣᠩᠭᠤᠯ ᠤᠨ ᠰᠢᠨ ᠴᠢ ᠲᠠᠷᠢᠶᠠᠯᠠᠩ  ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠥᠭᠵᠢᠯᠲᠡ ᠶᠢᠨ ᠬᠢᠵᠠᠭᠠᠷᠲᠤ ᠺᠣᠮᠫᠠᠨᠢ ᠶᠢᠨ ᠬᠢᠲᠠᠳ ᠮᠣᠩᠭᠤᠯ ᠡᠮ ᠤᠨ ᠮᠠᠲ᠋ᠧᠷᠢᠶᠠᠯ ᠤᠨ ᠠᠵᠤ ᠦᠶᠯᠡᠰ ᠤᠨ ᠦᠶᠯᠡᠳᠪᠦᠷᠢᠯᠡᠯ ᠤᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠶᠯ᠂ ᠣᠯᠠᠨ ᠨᠠᠰᠤᠲᠤ ᠬᠤᠨᠴᠢᠷ᠂ ᠬᠤᠨᠴᠢᠨ᠂ ᠱᠦᠭᠦᠷᠭᠡᠨ᠎ᠡ᠂ ᠪᠣᠷᠴᠠ ᠡᠪᠡᠰᠦ ᠳᠠᠷᠢᠬᠤ ᠰᠠᠭᠤᠷᠢᠨ᠂ ᠬᠡᠭᠡᠷ᠎ᠡ  ᠶᠢᠨ ᠭᠠᠩ ᠬᠠᠭᠤᠷᠠᠶ ᠪᠠᠯ ᠭᠠᠵᠠᠷ ᠢ ᠰᠡᠷᠭᠡᠶᠢᠯᠡᠬᠦ ᠲᠠᠷᠢᠮᠠᠯ ᠤᠨ ᠰᠠᠭᠤᠷᠢᠨ ᠵᠢᠴᠢ ᠥᠪᠥᠷ ᠮᠣᠩᠭᠤᠯ ᠤᠨ ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤᠨ ᠤ ᠬᠢᠲᠠᠳ ᠡᠮ ᠤᠨ ᠮᠠᠲ᠋ᠧᠷᠢᠶᠠᠯ ᠤᠨ ᠲᠤᠷᠰᠢᠯᠲᠠ ᠶᠢᠨ ᠲᠠᠷᠢᠶ᠎ᠠ  ᠶᠢ ᠲᠤᠬᠠᠶ ᠶᠢᠨ ᠭᠠᠵᠠᠷ ᠲᠤᠨᠢ ᠲᠣᠭᠤᠷᠢᠨ ᠦᠵᠡᠵᠦ ᠰᠢᠨᠵᠢᠯᠡᠨ ᠪᠠᠶᠢᠴᠠᠭᠠᠪᠠ᠃
    ᠬᠠᠮᠢᠶ᠎ᠠ ᠪᠥᠬᠦᠶ ᠬᠤᠷᠰᠢᠶᠠᠵᠢᠯ ᠪᠣᠯᠤᠨ ᠠᠵᠤ ᠠᠬᠤᠶᠢᠯᠠᠯ ᠤᠨ ᠬᠠᠷᠢᠭᠤᠴᠠᠯᠭᠠᠲᠠᠨ ᠲᠣᠰ ᠲᠣᠰ ᠭᠠᠵᠠᠷ ᠰᠢᠷᠣᠶ ᠶᠢᠨ ᠡᠷᠭᠢᠯᠲᠡ᠂ ᠲᠠᠷᠢᠮᠠᠯ ᠤᠨ ᠦᠶᠡᠯᠡᠯ ᠤᠨ ᠬᠤᠭᠤᠴᠠᠭ᠎ᠠ᠂ ᠠᠵᠤ ᠦᠶᠯᠡᠰ ᠤᠨ ᠬᠡᠯᠬᠢᠶ᠎ᠡ ᠶᠢᠨ ᠬᠥᠭᠵᠢᠯᠲᠡ᠂ ᠦᠷ᠎ᠡ ᠴᠢᠬᠢ ᠪᠣᠶᠢᠵᠢᠭᠤᠯᠬᠤ᠂ ᠲᠠᠷᠢᠶᠠᠨ ᠭᠠᠵᠠᠷ ᠤᠨ ᠬᠠᠮᠢᠶᠠᠷᠤᠯᠲᠠ᠂ ᠵᠠᠬ᠎ᠠ ᠳᠡᠯᠭᠡᠭᠦᠷ ᠤᠨ ᠢᠷᠡᠭᠡᠳᠦᠶ ᠶᠢᠨ ᠲᠦᠯᠦᠪ᠂ ᠠᠵᠤ ᠠᠬᠤᠶ ᠶᠢᠨ ᠦᠷ᠎ᠡ ᠠᠰᠢᠭ ᠵᠢᠴᠢ ᠲᠥᠷᠥ ᠶᠢᠨ ᠪᠣᠳᠣᠯᠭ᠎ᠠ ᠶᠢᠨ ᠬᠡᠷᠡᠭᠴᠡᠭᠡ ᠱᠠᠭᠠᠷᠳᠠᠯᠭ᠎ᠠ ᠵᠡᠷᠭᠡ ᠲᠠᠯ᠎ᠠ ᠪᠠᠷ ᠲᠠᠶᠢᠯᠤᠮᠵᠢ ᠬᠢᠵᠦ᠂ ᠲᠠᠷᠢᠮᠠᠯ ᠤᠨ ᠲᠥᠷᠥᠯ ᠵᠦᠶᠯ ᠢ ᠰᠣᠩᠭᠤᠬᠤ᠂ ᠵᠠᠩᠭᠢᠯᠠᠭ᠎ᠠ  ᠶᠢᠨ ᠲᠠᠷᠢᠮᠠᠯ ᠤᠨ ᠮᠡᠷᠭᠡᠵᠢᠯ ᠪᠣᠯᠤᠨ ᠰᠢᠨ᠎ᠡ ᠲᠠᠷᠢᠮᠠᠯ ᠤᠨ ᠡᠷᠦᠬᠡ ᠳᠤ ᠦᠷᠭᠦᠯᠵᠢ ᠲᠣᠬᠢᠶᠠᠯᠳᠤᠳᠠᠭ ᠠᠰᠠᠭᠤᠳᠠᠯ ᠵᠡᠷᠭᠡ ᠲᠠᠯ᠎ᠠ ᠪᠠᠷ ᠭᠤᠤᠯᠳᠠᠯᠭ᠎ᠠ ᠲᠠᠢ ᠲᠠᠨᠢᠯᠴᠠᠭᠤᠯᠪᠠ᠃
    ᠰᠢᠨᠵᠢᠯᠡᠨ ᠪᠠᠶᠢᠴᠠᠭᠠᠬᠤ ᠪᠦᠯᠬᠦᠮ ᠤᠨ ᠬᠢᠨ ᠬᠢᠲᠠᠳ ᠡᠮ ᠤᠨ ᠮᠠᠲ᠋ᠧᠷᠢᠶᠠᠯ ᠳᠠᠷᠢᠬᠤ᠂ ᠲᠠᠷᠢᠶᠠᠨ ᠭᠠᠵᠠᠷ ᠤᠨ ᠬᠠᠮᠢᠶᠠᠷᠤᠯᠲᠠ ᠶᠢᠨ ᠮᠡᠷᠭᠡᠵᠢᠯ ᠵᠡᠷᠭᠡ ᠲᠠᠯ᠎ᠠ ᠪᠠᠷ ᠠᠵᠤ ᠠᠬᠤᠶᠢᠯᠠᠯ ᠤᠨ ᠬᠠᠷᠢᠭᠤᠴᠠᠯᠭᠠᠲᠠᠨ ᠲᠠᠢ ᠨᠠᠷᠢᠨ ᠰᠣᠯᠢᠯᠴᠠᠪᠠ᠃ ᠥᠪᠥᠷ ᠮᠣᠩᠭᠤᠯ ᠤᠨ ᠰᠢᠨ ᠴᠢ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠬᠥᠭᠵᠢᠯᠲᠡ  ᠶᠢᠨ ᠬᠢᠵᠠᠭᠠᠷᠲᠤ ᠺᠣᠮᠫᠠᠨᠢ ᠶᠢᠨ ᠬᠢᠲᠠᠳ ᠡᠮ ᠤᠨ ᠮᠠᠲ᠋ᠧᠷᠢᠶᠠᠯ ᠤᠨ ᠠᠵᠤ ᠦᠶᠯᠡᠰ ᠤᠨ ᠬᠥᠭᠵᠢᠯᠲᠡ ᠶᠢᠨ ᠨᠡᠷᠡᠲᠦ ᠲᠡᠮᠳᠡᠭ ᠤᠨ ᠪᠠᠶᠢᠭᠤᠯᠤᠯᠲᠠ᠂ ᠦᠶᠯᠡᠳᠪᠦᠷᠢᠯᠡᠯ ᠤᠨ ᠬᠠᠮᠢᠶᠠᠷᠤᠯᠲᠠ ᠵᠡᠷᠭᠡ ᠲᠠᠯ᠎ᠠ ᠶᠢᠨ ᠲᠡᠷᠢᠭᠦᠨ ᠤ ᠲᠤᠷᠰᠢᠯᠭ᠎ᠠ ᠵᠢᠴᠢ  ︽ᠠᠰᠠᠷᠠᠭᠴᠢ ᠮᠠᠶ᠋ᠢᠭ  ︾ ᠤᠨ ᠨᠡᠶᠢᠭᠡᠮᠴᠢᠯᠡᠭᠰᠡᠨ ᠦᠶᠯᠡᠴᠢᠯᠡᠭᠡ ᠵᠡᠷᠭᠡ ᠰᠢᠨ᠎ᠡ ᠶᠢ ᠡᠭᠦᠳᠬᠦ ᠠᠷᠭ᠎ᠠ ᠬᠢᠳᠡᠯ  ᠢ ᠮᠠᠰᠢ ᠰᠠᠶᠢᠲᠤᠷ ᠰᠤᠷᠤᠯᠴᠠᠨ ᠲᠣᠯᠢ ᠪᠣᠯᠭᠠᠵᠤ᠂ ᠲᠠᠷᠠᠭᠠᠴᠢ ᠶᠢᠨ ᠠᠯᠬᠤᠮ ᠤᠨ ᠲᠠᠷᠢᠶᠠᠯᠠᠩ ᠤᠨ ᠦᠶᠯᠡᠳᠪᠦᠷᠢᠯᠡᠯ  ᠤᠨ ᠪᠦᠲᠦᠴᠡ ᠶᠢ ᠰᠢᠯᠢᠳᠡᠭᠵᠢᠭᠦᠯᠬᠦ ᠪᠠ ᠰᠤᠯᠠ ᠰᠡᠯᠡᠭᠦᠦ ᠭᠠᠵᠠᠷ ᠰᠢᠷᠣᠶ ᠶᠢ ᠠᠮᠢᠳᠤᠯᠢᠭ ᠠᠰᠢᠭᠯᠠᠬᠤ ᠳᠤ ᠰᠠᠶᠢᠨ ᠰᠠᠶᠢᠬᠠᠨ ᠰᠠᠭᠤᠷᠢ ᠲᠠᠯᠪᠢᠵᠤ ᠥᠭᠴᠡᠶ ᠭᠡᠵᠦ ᠢᠯᠡᠳᠭᠡᠵᠡᠭᠡᠪᠡ᠃
    ᠲᠣᠭᠤᠷᠢᠨ ᠦᠵᠡᠵᠦ ᠳᠠᠭᠤᠰᠤᠭᠰᠠᠨ ᠤ ᠳᠠᠷᠠᠭ᠎ᠠ᠂ ᠱᠡᠭᠡᠷᠲᠦ ᠰᠢᠶᠠᠩ ︽ᠬᠢᠲᠠᠳ ᠡᠮ ᠤᠨ ᠮᠠᠲ᠋ᠧᠷᠢᠶᠠᠯ ᠲᠠᠷᠢᠬᠤ ᠶᠢ ᠬᠦᠭᠵᠢᠭᠦᠯᠬᠦ︾ ᠲᠤᠰᠬᠠᠶ ᠰᠡᠳᠦᠪᠲᠦ ᠰᠤᠳᠤᠯᠤᠨ ᠶᠠᠷᠢᠯᠴᠠᠬᠤ ᠬᠤᠷᠠᠯ ᠬᠤᠷᠠᠯᠳᠤᠭᠤᠯᠵᠤ᠂ ᠰᠢᠶᠠᠩ  ᠤᠨ ᠨᠠᠮ ᠵᠠᠰᠠᠭ ᠤᠨ ᠤᠳᠤᠷᠢᠳᠬᠤ ᠪᠠᠭ ᠤᠨ ᠪᠦᠷᠢᠯᠳᠦᠬᠦᠨ ᠵᠢᠴᠢ ᠭᠠᠳᠠᠭᠰᠢ ᠭᠠᠷᠴᠤ ᠰᠢᠨᠵᠢᠯᠡᠨ  ᠪᠠᠶᠢᠴᠠᠭᠠᠭᠰᠠᠨ ᠪᠦᠯᠬᠦᠮ ᠤᠨ ᠲᠥᠯᠥᠭᠡᠯᠡᠭᠴᠢᠳ ᠰᠤᠳᠤᠯᠤᠨ ᠶᠠᠷᠢᠯᠴᠠᠬᠤ ᠳᠤ ᠣᠷᠣᠯᠴᠠᠪᠠ᠃ᠡᠯ᠎ᠡ ᠵᠠᠰᠠᠭ ᠵᠠᠬᠢᠷᠭᠠᠨ ᠤ ᠲᠣᠰᠬᠤᠨ ᠤ ᠨᠠᠮ ᠤᠨ ᠡᠭᠦᠷ ᠤᠨ ᠱᠦᠵᠢ᠂ ᠳᠡᠳ᠋ ᠱᠦᠵᠢ ᠲᠣᠰ ᠲᠣᠰᠬᠤᠨ ᠤ ᠪᠠᠨ ᠪᠣᠳᠠᠲᠤ ᠪᠠᠶᠢᠳᠠᠯ ᠳᠤ ᠰᠠᠭᠤᠷᠢᠯᠠᠨ᠂ ᠲᠣᠰ ᠤᠳᠠᠭᠠᠨ ᠤ ᠭᠠᠳᠠᠭᠰᠢ ᠭᠠᠷᠴᠤ ᠰᠤᠷᠤᠯᠴᠠᠭᠰᠠᠨ ᠣᠯᠤᠯᠲᠠ ᠲᠥᠷᠥᠭᠳᠡᠯ᠂ ᠠᠵᠤ ᠦᠶᠯᠡᠰ ᠵᠢᠴᠢ ᠬᠥᠭᠵᠢᠯᠲᠡ ᠶᠢᠨ ᠲᠤᠬᠠᠶ ᠶᠠᠷᠢᠯᠴᠠᠪᠠ᠃ ᠰᠣᠯᠢᠯᠴᠠᠭ᠎ᠠ ᠬᠢᠵᠦ ᠰᠤᠳᠤᠯᠤᠨ ᠶᠠᠷᠢᠯᠴᠠᠬᠤ ᠪᠠᠷ ᠳᠠᠮᠵᠢᠭᠤᠯᠤᠨ᠂ ᠬᠢᠲᠠᠳ ᠡᠮ ᠤᠨ ᠮᠠᠲ᠋ᠧᠷᠢᠶᠠᠯ ᠤᠨ ᠠᠵᠤ ᠦᠶᠯᠡᠰ ᠤᠨ ᠬᠥᠭᠵᠢᠯᠲᠡ ᠶᠢᠨ ᠬᠠᠮᠢᠶ᠎ᠠ ᠪᠥᠬᠦᠶ ᠤᠴᠢᠷ ᠶᠠᠪᠤᠳᠠᠯ ᠢ ᠡᠷᠲᠡᠬᠡᠨ ᠲᠥᠯᠥᠪᠯᠡᠵᠦ᠂ ᠠᠵᠤ ᠦᠶᠯᠡᠰ ᠤᠨ ᠬᠥᠭᠵᠢᠯᠲᠡ ᠶᠢᠨ ᠡᠯ᠎ᠡ ᠵᠦᠶᠯ ᠤᠨ ᠠᠵᠢᠯ ᠢ ᠪᠣᠳᠠᠲᠠᠶ ᠨᠠᠷᠢᠯᠢᠭ ᠨᠠᠶᠢᠳᠠᠪᠣᠷᠢᠵᠢᠭᠤᠯᠬᠤ ᠬᠡᠷᠡᠭᠲᠡᠢ ᠭᠡᠵᠦ ᠱᠠᠭᠠᠷᠳᠠᠪᠠ᠃ ᠬᠤᠷᠠᠯ ᠳᠤ ᠣᠷᠣᠯᠴᠠᠭᠰᠠᠨ ᠬᠡᠰᠢᠭᠦᠳ᠂ ᠬᠢᠲᠠᠳ ᠡᠮ ᠤᠨ ᠮᠠᠲ᠋ᠧᠷᠢᠶᠠᠯ ᠤᠨ ᠲᠠᠷᠢᠮᠠᠯ ᠢ ᠬᠥᠭᠵᠢᠭᠦᠯᠬᠦ ᠪᠣᠯ ᠠᠵᠤ ᠦᠢᠯᠡᠰ ᠤᠨ ᠪᠦᠲᠦᠴᠡ ᠳᠤ ᠲᠣᠬᠢᠷᠠᠭᠤᠯᠤᠯᠲᠠ ᠬᠢᠵᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠪᠦᠲᠦᠮᠵᠢᠲᠡᠶ ᠠᠷᠭ᠎ᠠ ᠵᠠᠮ ᠤᠨ ᠨᠢᠭᠡ ᠮᠥᠨ ᠭᠡᠵᠦ ᠰᠠᠨᠠᠯ ᠨᠢᠭᠡᠲᠡᠶ ᠦᠵᠡᠭᠰᠡᠨ ᠪᠥᠭᠡᠳ ᠬᠥᠲᠥᠯᠥᠨ ᠵᠢᠯᠣᠭᠤᠳᠬᠤ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ᠂ ᠬᠢᠲᠠᠳ ᠡᠮ ᠤᠨ ᠮᠠᠲ᠋ᠧᠷᠢᠶᠠᠯ ᠤᠨ ᠲᠠᠷᠢᠮᠠᠯ  ᠢ ᠯᠠᠪᠳᠠᠭᠤᠨ ᠢᠶᠠᠷ ᠬᠦᠭᠵᠢᠭᠦᠯᠦᠨ ᠬᠥᠳᠡᠭᠡ ᠠᠵᠤ ᠠᠬᠤᠢ ᠶᠢᠨ ᠶᠠᠰᠤ ᠴᠢᠨᠠᠷ ᠢ ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠦᠨ᠂ ᠲᠠᠷᠢᠶᠠᠴᠢᠳ ᠢ ᠪᠠᠶᠠᠵᠢᠭᠤᠯᠤᠨ ᠣᠷᠣᠯᠭ᠎ᠠ ᠶᠢ ᠨᠢ ᠨᠡᠮᠡᠭᠳᠡᠭᠦᠯᠬᠦ ᠪᠠᠷ ᠬᠠᠷᠠᠯᠲᠠ ᠪᠣᠯᠭᠠᠵᠤ᠂ ᠠᠵᠤ ᠦᠢᠯᠡᠰ ᠤᠨ ᠬᠡᠯᠪᠡᠷᠢ ᠶᠢ ᠬᠤᠪᠢᠷᠠᠭᠤᠯᠤᠨ ᠲᠡᠰ ᠳᠡᠪᠰᠢᠭᠦᠯᠬᠦ ᠶᠢ ᠯᠠᠪᠳᠠᠭᠤᠨ ᠪᠠᠲᠤᠲᠠᠢ ᠪᠦᠲᠦᠮᠵᠢᠲᠡᠢ ᠠᠬᠢᠭᠤᠯᠵᠤ᠂ ᠦᠵᠡᠰᠬᠦᠯᠡᠩᠲᠦ ᠰᠠᠶᠢᠬᠠᠨ ᠱᠡᠭᠡᠷᠲᠦ ᠰᠢᠶᠠᠩ ᠢ ᠬᠥᠭᠵᠢᠭᠦᠯᠦᠨ ᠮᠠᠨᠳᠤᠭᠤᠯᠬᠤ ᠳᠤ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠨ᠎ᠡ ᠭᠡᠵᠦ ᠢᠯᠡᠷᠬᠡᠶᠢᠯᠡᠵᠡᠶ᠃
 
ᠢᠷᠡᠯᠲᠡ᠄ ᠯᠢᠨᠰᠢ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号