ᠡᠯ᠎ᠡ ᠬᠤᠰᠢᠭᠤ ᠰᠢᠶᠠᠨ ᠲᠣᠭᠤᠷᠢᠭ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠣᠭᠤᠳᠬᠤ | ᠭᠠᠵᠠᠷ᠂ ᠬᠤᠲᠠ ᠶᠢᠨ ᠰᠢᠭᠤᠳ ᠬᠠᠷᠢᠶ᠎ᠠ ᠡᠯ᠎ᠡ ᠵᠥᠪᠯᠡᠯ ᠠᠯᠪᠠᠨ ᠬᠡᠷ ᠲᠣᠪᠴᠢᠶ᠎ᠠ᠂ ᠠᠵᠤ ᠠᠬᠤᠶᠢᠯᠠᠯ ᠠᠵᠢᠯ | ᠦᠢᠯᠡᠰ ᠤᠨ ᠨᠢᠭᠡᠴᠢ ᠳᠤ᠄ ᠣᠳᠣᠬᠠᠨ ᠳᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ | ᠲᠦᠷᠭᠡᠨ ᠳᠡᠯᠭᠡᠷᠡᠵᠦ᠂ ᠤᠯᠤᠰ ᠤᠨ ᠳᠣᠲᠣᠭᠠᠳᠤ ᠶᠢᠨ ᠲᠤᠰ ᠭᠠᠵᠠᠷ ᠣᠷᠣᠨ ᠤ ᠬᠢᠵᠢᠭ ᠤᠨ ᠪᠠᠶᠢᠳᠠᠯ ᠬᠡᠰᠡᠭ | ᠪᠤᠰᠠᠭ ᠢᠶᠠᠷ ᠳᠡᠯᠭᠡᠷᠡᠬᠦ ᠪᠠ ᠬᠡᠰᠡᠭ ᠭᠠᠵᠠᠷ ᠲᠤ ᠲᠥᠪᠯᠡᠷᠡᠯ ᠤᠨ ᠴᠢᠨᠠᠷᠲᠠᠢ ᠰᠣᠯᠪᠢᠴᠠᠬᠤ ᠪᠠᠶᠢᠳᠠᠯ ᠢᠯᠡᠷᠡᠵᠦ᠂ | ᠰᠡᠷᠭᠡᠶᠢᠯᠡᠨ ᠡᠵᠡᠮᠳᠡᠬᠦ ᠪᠠᠶᠢᠳᠠᠯ ᠬᠦᠨᠳᠦ ᠬᠡᠴᠡᠭᠦᠦ ᠨᠠᠷᠢᠨ ᠪᠤᠳᠤᠯᠢᠶᠠᠨᠲᠠᠢ ᠪᠤᠢ᠃ ᠢᠯᠠᠩᠭᠤᠶ᠎ᠠ ᠴᠠᠭᠠᠨ ᠰᠠᠷ᠎ᠠ | ᠣᠶᠢᠷᠠᠲᠤᠬᠤ ᠶᠢ ᠳᠠᠭᠠᠯᠳᠤᠨ᠂ ᠬᠥᠮᠦᠰ ᠤᠨ ᠶᠠᠪᠤᠵᠦ ᠰᠠᠭᠤᠬᠤ ᠤᠯᠠᠰᠢᠷᠠᠵᠦ᠂ ᠴᠤᠭᠯᠠᠷᠠᠯ ᠤᠨ ᠴᠢᠨᠠᠷᠲᠠᠶ | ᠠᠵᠢᠯᠯᠠᠭ᠎ᠠ ᠠᠷᠪᠢᠳᠴᠤ᠂ ᠬᠢᠵᠢᠭ ᠳᠡᠯᠭᠡᠷᠡᠬᠦ ᠠᠶᠤᠯ ᠲᠦᠭᠰᠢᠭᠦᠷᠢ ᠶᠢ ᠤᠯᠠᠮ ᠨᠢᠭᠡ ᠠᠯᠬᠤᠮ ᠨᠡᠮᠡᠭᠳᠡᠭᠦᠯᠪᠡ᠃ | ᠡᠪᠦᠯ ᠬᠠᠪᠤᠷ ᠤᠨ ᠤᠯᠠᠷᠢᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠦᠨᠠᠨ ᠬᠦ | ᠴᠢᠩᠭᠠᠳᠬᠠᠬᠤ ᠶᠢᠨ ᠲᠤᠰᠠᠳᠠ᠂ ᠡᠳᠦᠭᠡ ᠬᠤᠯᠪᠣᠭᠳᠠᠯ ᠪᠦᠬᠦᠢ ᠵᠦᠢᠯᠡᠰ ᠢ ᠳᠣᠣᠷᠠᠬᠢ ᠮᠡᠲᠦ ᠮᠡᠳᠡᠭᠳᠡᠶ᠎ᠡ᠃ ᠨᠢᠭᠡ᠂ | ᠭᠤᠣᠯᠳᠠᠯᠭ᠎ᠠ ᠲᠠᠢ ᠬᠥᠮᠦᠰ ᠢ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠲᠣᠳᠣᠷᠬᠠᠶᠢᠯᠠᠬᠤ ᠬᠡᠷᠡᠭᠲᠡᠶ᠃ | ᠭᠠᠳᠠᠭᠠᠳᠦ ᠠᠴᠠ ᠤᠯᠤᠰ ᠲᠤ ᠪᠠᠨ ᠪᠤᠴᠠᠵᠤ ᠤᠯᠠᠭᠠᠨᠬᠠᠳᠠ ᠳᠤ ᠢᠷᠡᠭᠰᠡᠨ ᠬᠥᠮᠦᠰ ᠢ 14 ᠡᠳᠦᠷ ᠲᠥᠪᠯᠡᠷᠡᠭᠦᠯᠦᠨ | ᠲᠤᠰᠠᠭᠠᠷᠯᠠᠬᠤ + ᠬᠠᠷᠢᠶ᠎ᠠ ᠭᠠᠵᠠᠷ ᠲᠤ 14 ᠡᠳᠦᠷ ᠲᠥᠪᠯᠡᠷᠡᠭᠦᠯᠦᠨ ᠲᠤᠰᠠᠭᠠᠷᠯᠠᠬᠤ + 2 ᠤᠳᠠᠭ᠎ᠠ ᠪᠥᠭᠡᠮ | ᠬᠦᠴᠢᠯ ᠤᠨ ᠬᠢᠨᠠᠨ ᠪᠠᠶᠢᠴᠠᠭᠠᠯᠲᠠ ︵ᠪᠤᠶᠤ ᠬᠢᠯᠢ ᠪᠠᠷ ᠣᠷᠣᠵᠤ ᠢᠷᠡᠭᠰᠡᠨ ᠭᠠᠵᠠᠷ ᠲᠤ 7 ᠡᠳᠦᠷ ᠲᠥᠪᠯᠡᠷᠡᠭᠦᠯᠦᠨ | ᠲᠤᠰᠠᠭᠠᠷᠯᠠᠬᠤ + ᠬᠠᠷᠢᠶ᠎ᠠ ᠭᠠᠵᠠᠷ ᠲᠤ 21 ᠡᠳᠦᠷ ᠲᠥᠪᠯᠡᠷᠡᠭᠦᠯᠦᠨ ᠲᠤᠰᠠᠭᠠᠷᠯᠠᠬᠤ + 3 ᠤᠳᠠᠭ᠎ᠠ ᠪᠥᠭᠡᠮ | ᠬᠦᠴᠢᠯ ᠤᠨ ᠬᠢᠨᠠᠨ ᠪᠠᠶᠢᠴᠠᠭᠠᠯᠲᠠ ᠬᠢᠬᠦ︶ ᠬᠢᠬᠦ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ | ᠬᠡᠷᠡᠭᠳᠠᠢ᠃ ᠦᠨᠳᠦᠷ ᠲᠦᠭᠰᠢᠭᠦᠷᠢ ᠲᠠᠢ ᠭᠠᠵᠠᠷ ᠣᠷᠣᠨ ᠠᠴᠠ ᠤᠯᠠᠭᠠᠨᠬᠠᠳᠠ ᠳᠤ ᠪᠤᠴᠠᠵᠤ ᠢᠷᠡᠭᠰᠡᠨ ᠬᠥᠮᠦᠰ ᠲᠤ | ᠬᠠᠷᠢᠶ᠎ᠠ ᠭᠠᠵᠠᠷ ᠤᠨ ᠬᠢᠨ 14 ᠡᠳᠦᠷ ᠲᠥᠪᠯᠡᠷᠡᠭᠦᠯᠦᠨ ᠲᠤᠰᠠᠭᠠᠷᠯᠠᠬᠤ + 14 ᠡᠳᠦᠷ ᠬᠡᠷ ᠲᠤ ᠪᠠᠨ | ᠲᠤᠰᠠᠭᠠᠷᠯᠠᠬᠤ + 3 ᠤᠳᠠᠭ᠎ᠠ ᠪᠥᠭᠡᠮ ᠬᠦᠴᠢᠯ ᠢ ᠬᠢᠨᠠᠨ ᠪᠠᠶᠢᠴᠠᠭᠠᠵᠤ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠬᠤ ᠬᠡᠷᠡᠭᠳᠠᠢ᠃ ᠳᠡᠭᠡᠷ᠎ᠡ ᠳᠤᠷᠠᠳᠤᠭᠰᠠᠨ ᠬᠥᠮᠦᠰ ᠬᠤᠤᠰ ᠪᠠᠶᠢᠭᠤᠯᠤᠮᠵᠢ᠂ ᠣᠯᠠᠨ ᠶᠠᠩᠵᠤ ᠶᠢᠨ | ᠠᠷᠭ᠎ᠠ ᠮᠠᠶ᠋ᠢᠭ ᠢᠶᠠᠷ ᠥᠯᠢᠭᠡᠷ ᠠᠪᠬᠤ ᠵᠢᠴᠢ ᠪᠥᠭᠡᠮ ᠬᠦᠴᠢᠯ ᠤᠨ ᠬᠢᠨᠠᠨ ᠪᠠᠶᠢᠴᠠᠭᠠᠯᠳᠠ ᠬᠢᠬᠦ ᠬᠡᠷᠡᠭᠲᠡᠶ᠃ ᠳᠤᠮᠳᠠ | ᠵᠡᠷᠭᠡ ᠶᠢᠨ ᠠᠶᠤᠯ ᠲᠦᠭᠰᠢᠭᠦᠷᠢ ᠲᠠᠢ ᠭᠠᠵᠠᠷ ᠣᠷᠣᠨ ᠠᠴᠠ ᠤᠯᠠᠭᠠᠨᠬᠠᠳᠠ ᠳᠤ ᠪᠤᠴᠠᠵᠤ ᠢᠷᠡᠭᠰᠡᠨ ᠬᠥᠮᠦᠰ ᠲᠤ | ᠬᠠᠷᠢᠶ᠎ᠠ ᠭᠠᠵᠠᠷ ᠤᠨ 14 ᠡᠳᠦᠷ ᠤᠨ ᠬᠡᠷ ᠲᠤ ᠪᠠᠨ ᠲᠤᠰᠠᠭᠠᠷᠯᠠᠬᠤ + 2 ᠤᠳᠠᠭᠠᠨ ᠤ ᠪᠥᠭᠡᠮ ᠬᠦᠴᠢᠯ ᠤᠨ ᠬᠢᠨᠠᠨ | ᠪᠠᠶᠢᠴᠠᠭᠠᠯᠳᠠ + 14 ᠡᠳᠦᠷ ᠤᠨ ᠡᠷᠡᠭᠦᠯ ᠮᠡᠨᠳᠦ ᠶᠢ ᠬᠢᠨᠠᠨ ᠬᠡᠮᠵᠢᠵᠦ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠬᠤ ᠬᠡᠷᠡᠭᠳᠠᠢ ︵ᠡᠯ᠎ᠠ ᠬᠤᠰᠢᠭᠤ ᠰᠢᠶᠠᠨ ᠲᠤᠭᠤᠷᠢᠬ ᠤᠨ ᠠᠷᠠᠳ ᠤᠨ ᠵᠠᠰᠠᠬ ᠤᠨ ᠤᠷᠳᠤᠨ᠂ | ᠬᠤᠳᠠ ᠶᠢᠨ ᠲᠤᠳᠤᠭᠠᠳᠦ ᠶᠢ ᠬᠠᠮᠠᠭᠠᠯᠠᠬᠤ ᠲᠤᠪᠴᠢᠶ᠎ᠠ᠂ ᠡᠷᠡᠬᠦᠯ ᠬᠠᠮᠠᠭᠠᠯᠠᠯ ᠡᠷᠡᠬᠦᠯ ᠮᠡᠨᠳᠦ ᠶᠢᠨ ᠵᠦᠪᠯᠡᠯ᠂ | ᠡᠪᠡᠳᠴᠢᠨ ᠡᠮᠭᠡᠭ ᠢ ᠰᠡᠷᠭᠡᠶᠢᠯᠡᠬᠦ ᠲᠦᠪ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠲᠤᠪᠴᠢᠶ᠎ᠠ᠂ ᠠᠷᠠᠳ ᠤᠨ ᠠᠭᠠᠷ | ᠠᠶᠠᠯᠠᠯ ᠤᠨ ᠨᠢᠰᠭᠡᠯ ᠤᠨ ᠪᠠᠭᠤᠳᠠᠯ᠂ ᠲᠡᠮᠤᠷ ᠵᠠᠮ ᠵᠠᠰᠠᠮᠠᠯ ᠵᠠᠮ ᠤᠨ ᠬᠡᠰᠡᠭ ᠵᠡᠷᠭᠡ ᠨᠢ ᠡᠬᠦᠷᠭᠡ ᠬᠠᠷᠢᠭᠤᠴᠠᠯᠭ᠎ᠠ ᠪᠠᠷ | ᠠᠵᠢᠯ ᠢᠶᠠᠨ ᠬᠤᠪᠢᠶᠠᠷᠢᠯᠠᠵᠦ ᠬᠠᠷᠢᠭᠤᠴᠠᠬᠤ ᠬᠡᠷᠡᠭᠳᠠᠢ︶᠃ ᠬᠤᠶᠠᠷ᠂ ᠭᠠᠳᠠᠭᠠᠳᠤ ᠠᠴᠠ ᠣᠷᠣᠭᠤᠯᠬᠤ ᠪᠠᠷᠠᠭ᠎ᠠ ᠶᠢᠨ | ᠠᠵᠢᠯ ᠡᠷᠬᠢᠯᠡᠭᠰᠡᠳ ᠢ ᠴᠢᠩᠭ᠎ᠠ ᠬᠠᠮᠢᠶᠠᠷᠬᠤ ᠬᠡᠷᠡᠭᠲᠡᠶ᠃ ᠭᠠᠳᠠᠭᠠᠳᠤ ᠠᠴᠠ ᠣᠷᠣᠭᠤᠯᠬᠤ ᠪᠠᠷᠠᠭ᠎ᠠ ᠶᠢᠨ ᠠᠵᠢᠯ | ᠡᠷᠬᠢᠯᠡᠭᠰᠡᠳ ᠠᠵᠢᠯᠯᠠᠬᠤ ᠬᠤᠭᠤᠴᠠᠭᠠᠨ ᠳᠤ ᠡᠷᠬᠡᠪᠰᠢ ᠠᠮᠠᠪᠴᠢ᠂ ᠬᠠᠮᠠᠭᠠᠯᠠᠯᠲᠠ ᠶᠢᠨ ᠪᠡᠭᠡᠯᠡᠶ ᠵᠡᠷᠭᠡ | ᠬᠠᠮᠠᠭᠠᠯᠠᠯᠲᠠ ᠶᠢᠨ ᠬᠡᠷᠡᠭᠰᠡᠯ ᠢ ᠪᠦᠬᠦ ᠶᠠᠪᠤᠴᠠ ᠪᠠᠷ ᠵᠡᠭᠦᠵᠦ᠂ ᠠᠵᠢᠯᠯᠠᠬᠤ ᠠᠴᠠ ᠡᠮᠦᠨ᠎ᠡ ᠪᠠ ᠠᠵᠢᠯ ᠢᠶᠠᠨ | ᠲᠠᠭᠤᠰᠬᠠᠭᠰᠠᠨ ᠤ ᠳᠠᠷᠠᠭ᠎ᠠ ᠠᠷᠢᠭᠤᠳᠬᠠᠬᠤ ᠪᠤᠶᠤ ᠭᠠᠷ ᠢᠶᠠᠨ ᠤᠬᠢᠶᠠᠬᠤ ᠬᠡᠷᠡᠭᠲᠡᠶ᠂ ᠲᠡᠭᠡᠭᠡᠪᠦᠷᠢᠯᠡᠬᠦ ᠶᠠᠪᠤᠴᠠ ᠳᠤ | ᠳᠤᠷ᠎ᠠ ᠪᠠᠷ ᠢᠶᠠᠨ ᠬᠠᠶᠢᠷᠴᠠᠭ ᠢ ᠨᠡᠭᠡᠭᠡᠵᠦ ᠪᠣᠯᠬᠤ ᠦᠭᠡᠶ᠂ ᠪᠠᠷᠠᠭ᠎ᠠ ᠶᠢᠨ ᠪᠣᠭᠤᠳᠠᠯ ᠢ ᠳᠤᠷ᠎ᠠ ᠪᠠᠷ ᠢᠶᠠᠨ ᠨᠡᠭᠡᠭᠡᠵᠦ | ᠦᠢᠯᠡᠳᠬᠦᠨ ᠲᠠᠢ ᠰᠢᠭᠤᠳ ᠣᠶᠢᠷᠠᠲᠤᠵᠦ ᠪᠣᠯᠬᠤ ᠦᠭᠡᠶ᠃ ᠲᠡᠭᠡᠭᠡᠪᠦᠷᠢ ᠶᠢᠨ ᠠᠵᠤ ᠠᠬᠤᠶᠢᠯᠠᠯ ᠪᠣᠯᠤᠨ | ᠳᠠᠭᠠᠭᠠᠴᠢᠯᠠᠨ ᠲᠡᠭᠡᠭᠡᠪᠦᠷᠢᠯᠡᠭᠴᠢ ᠭᠠᠳᠠᠭᠠᠳᠤ ᠠᠴᠠ ᠣᠷᠣᠭᠤᠯᠬᠤ ᠪᠠᠷᠠᠭ᠎ᠠ ᠲᠡᠭᠡᠭᠡᠪᠦᠷᠢᠯᠡᠭᠰᠡᠨ ᠲᠡᠷᠭᠡ ᠬᠥᠰᠬᠡ ᠶᠢ | ᠲᠦᠢᠯᠪᠤᠷᠢᠲᠠᠶ ᠠᠷᠢᠭᠤᠳᠬᠠᠬᠤ ᠶᠢᠨ ᠬᠠᠮᠲᠤ᠂ ᠳᠠᠭᠠᠭᠠᠨ ᠲᠡᠭᠡᠭᠡᠪᠦᠷᠢᠯᠡᠬᠦ ᠪᠠᠷᠠᠭ᠎ᠠ ᠶᠢᠨ ᠭᠦᠢᠯᠭᠡᠭᠡᠨ ᠤ ᠴᠢᠭᠯᠡᠯ ᠤᠨ | ᠪᠥᠬᠦ ᠶᠠᠪᠤᠴᠠ ᠶᠢᠨ ᠨᠠᠷᠢᠨ ᠲᠡᠮᠳᠡᠭᠯᠡᠯ ᠢ ᠰᠠᠶᠢᠲᠤᠷ ᠬᠢᠵᠦ᠂ ᠳᠠᠭᠠᠭᠠᠨ ᠲᠡᠭᠡᠭᠡᠪᠦᠷᠢᠯᠡᠬᠦ ᠪᠠᠷᠠᠭ᠎ᠠ ᠶᠢᠨ ᠢᠷᠡᠯᠲᠡ᠂ | ᠪᠠᠷᠠᠭ᠎ᠠ ᠠᠴᠢᠶᠠᠯᠠᠵᠤ ᠪᠠᠭᠤᠯᠭᠠᠭᠰᠠᠨ ᠴᠠᠭ᠂ ᠳᠠᠭᠠᠭᠠᠨ ᠲᠡᠭᠡᠭᠡᠪᠦᠷᠢᠯᠡᠬᠦ ᠲᠡᠷᠭᠡ ᠬᠥᠰᠬᠡ ᠶᠢᠨ ᠫᠠᠶᠢᠰᠠ ᠦᠨᠡᠮᠯᠡᠯ ᠤᠨ | ᠬᠡᠯᠪᠡᠷᠢ ᠮᠠᠶ᠋ᠢᠭ ᠵᠢᠴᠢ ᠵᠢᠯᠣᠭᠤᠴᠢ᠂ ᠪᠠᠷᠠᠭ᠎ᠠ ᠶᠠᠪᠤᠭᠤᠯᠤᠭᠴᠢ᠂ ᠪᠠᠷᠠᠭ᠎ᠠ ᠭᠥᠯᠢᠶᠡᠨ ᠠᠪᠤᠭᠴᠢ ᠵᠡᠷᠭᠡ ᠮᠡᠳᠡᠭᠡ | ᠵᠠᠩᠭᠢ ᠶᠢ ᠰᠠᠶᠢᠲᠤᠷ ᠲᠡᠮᠳᠡᠭᠯᠡᠬᠦ ᠬᠡᠷᠡᠭᠲᠡᠶ᠂ ᠪᠠᠷᠠᠭ᠎ᠠ ᠣᠷᠣᠭᠤᠯᠬᠤ ᠢᠷᠡᠯᠲᠡ ᠪᠠᠨ ᠬᠠᠩᠭᠠᠵᠤ ᠳᠡᠶᠢᠯᠬᠦ ᠥᠬᠡᠶ | ᠪᠠᠷᠠᠭ᠎ᠠ ᠶᠢ ᠳᠠᠭᠠᠭᠠᠨ ᠲᠡᠭᠡᠭᠡᠪᠦᠷᠢᠯᠡᠵᠦ ᠪᠣᠯᠬᠤ ᠥᠬᠡᠶ᠃ ᠬᠠᠷᠢᠶ᠎ᠠ ᠭᠠᠵᠠᠷ ᠨᠢ ᠱᠠᠭᠠᠷᠳᠠᠯᠭ᠎ᠠ ᠶᠣᠰᠣᠭᠠᠷ | ᠭᠠᠳᠠᠭᠠᠳᠤ ᠠᠴᠠ ᠣᠷᠣᠭᠤᠯᠬᠤ ᠪᠠᠷᠠᠭ᠎ᠠ ᠶᠢᠨ ᠠᠵᠢᠯ ᠡᠷᠬᠢᠯᠡᠭᠰᠡᠳ ᠲᠤ ᠭᠠᠷᠠᠭ ᠪᠦᠷᠢ ᠨᠢᠭᠡ ᠤᠳᠠᠭᠠᠨ ᠤ ᠪᠥᠭᠡᠮ | ᠬᠦᠴᠢᠯ ᠤᠨ ᠬᠢᠨᠠᠨ ᠪᠠᠶᠢᠴᠠᠭᠠᠯᠳᠠ ᠬᠢᠬᠦ ᠬᠡᠷᠡᠭᠲᠡᠶ ︵ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ | ᠵᠠᠰᠠᠭ ᠤᠨ ᠣᠷᠳᠣᠨ᠂ ᠬᠤᠲᠠ ᠶᠢᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ | ᠮᠡᠨᠳᠦ ᠶᠢᠨ ᠵᠥᠪᠯᠡᠯ᠂ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ᠂ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ᠂ ᠰᠢᠤᠳᠠᠨ ᠤ ᠶᠠᠪᠤᠳᠠᠯ ᠤᠨ ᠬᠠᠮᠢᠶᠠᠷᠤᠯᠲᠠ ᠶᠢᠨ ᠲᠣᠪᠴᠢᠶ᠎ᠠ ᠵᠡᠷᠭᠡ ᠨᠢ ᠡᠬᠦᠷᠭᠡ | ᠬᠠᠷᠢᠭᠤᠴᠠᠯᠭ᠎ᠠ ᠪᠠᠷ ᠠᠵᠢᠯ ᠢᠶᠠᠨ ᠬᠤᠪᠢᠶᠠᠷᠢᠯᠠᠵᠦ ᠬᠠᠷᠢᠭᠤᠴᠠᠬᠤ ᠬᠡᠷᠡᠭᠳᠠᠢ︶᠃ ᠭᠤᠷᠪᠠ᠂ ᠤᠯᠠᠭᠠᠨᠬᠠᠳᠠ ᠳᠤ | ᠤᠷᠤᠵᠤ ᠢᠷᠡᠬᠦ ᠡᠳ᠋ ᠪᠠᠷᠠᠭᠠᠨ ᠤ ᠬᠠᠮᠢᠶᠠᠷᠤᠯᠳᠠ ᠶᠢ ᠴᠢᠩᠭᠠᠳᠬᠠᠬᠤ ᠬᠡᠷᠡᠭᠲᠡᠢ᠃ ᠬᠢᠯᠢ ᠶᠢᠨ ᠭᠠᠳᠠᠨ᠎ᠠ ᠵᠢᠴᠢ | ᠤᠯᠤᠰ ᠤᠨ ᠲᠤᠳᠤᠭᠠᠲᠤ ᠶᠢᠨ ᠳᠤᠮᠳᠠ ᠥᠨᠳᠥᠷ ᠲᠠᠰ ᠤᠨ ᠲᠦᠭᠰᠢᠭᠦᠷᠢ ᠲᠠᠢ ᠭᠠᠵᠠᠷ ᠣᠷᠣᠨ ᠠᠴᠠ ᠤᠷᠤᠵᠤ | ᠢᠷᠡᠭᠰᠡᠨ ᠪᠦᠬᠦ᠋ᠢᠯᠡ ᠡᠳ᠋ ᠪᠠᠷᠠᠭ᠎ᠠ ᠶᠢ ᠤᠯᠠᠭᠠᠨᠬᠠᠳᠠ ᠳᠤ ᠣᠷᠣᠵᠤ ᠢᠷᠡᠭᠰᠡᠨ ᠠᠩᠬᠠᠳᠤᠭᠠᠷ ᠥᠷᠲᠡᠭᠡ ᠴᠡᠭ ᠲᠤ | ᠭᠠᠳᠠᠷ ᠪᠣᠭᠤᠳᠠᠯ ᠤᠨ ᠪᠥᠭᠡᠮ ᠬᠦᠴᠢᠯ ᠤᠨ ᠪᠠᠶᠢᠴᠠᠭᠠᠨ ᠬᠡᠮᠵᠢᠯᠲᠡ ᠬᠢᠵᠦ᠂ ᠲᠥᠪᠯᠡᠷᠡᠭᠦᠯᠦᠨ ᠠᠷᠢᠭᠤᠳᠬᠠᠬᠤ ᠪᠠ | ᠮᠡᠳᠡᠭᠡ ᠵᠠᠩᠭᠢ ᠶᠢ ᠨᠢ ᠲᠠᠩᠰᠠᠯᠠᠵᠤ᠂ ᠢᠷᠡᠯᠲᠡ ᠶᠢ ᠨᠢ ᠪᠠᠶᠢᠴᠠᠭᠠᠵᠤ ᠲᠡᠶᠢᠯᠬᠦ ᠪᠠ ᠤᠴᠢᠭᠰᠠᠨ ᠴᠢᠭᠯᠡᠯ ᠢ ᠨᠢ | ᠮᠦᠷᠲᠡᠵᠦ ᠲᠡᠶᠢᠯᠬᠦ ᠶᠢ ᠪᠠᠳᠤᠯᠠᠬᠤ ᠬᠡᠷᠡᠭᠲᠡᠢ᠃ ᠢᠳᠡᠭᠡᠨ ᠤ ᠦᠢᠯᠡᠳᠪᠦᠷᠢᠯᠡᠭᠴᠢ ᠡᠵᠡᠩᠨᠡᠭᠴᠢᠳ ᠭᠠᠳᠠᠭᠠᠳᠤ ᠠᠴᠠ | ᠣᠷᠣᠭᠤᠯᠤᠭᠰᠠᠨ ᠬᠦᠢᠲᠡᠨ ᠬᠦᠯᠳᠡᠬᠦᠦ ᠪᠠᠷ ᠬᠦᠷᠭᠡᠬᠦ ᠢᠳᠡᠭᠡᠨ ᠤ ᠮᠡᠳᠡᠭᠡ ᠵᠠᠩᠭᠢ ᠶᠢ ︽ᠥᠪᠥᠷ ᠮᠣᠩᠭᠤᠯ ᠤᠨ | ᠬᠦᠢᠲᠡᠨ ᠬᠦᠯᠳᠡᠬᠦᠦ ᠪᠠᠷ ᠬᠦᠷᠭᠡᠬᠦ ᠢᠳᠡᠭᠡᠨ︾ ᠢ ᠮᠥᠷᠳᠡᠬᠦ ᠰᠢᠰᠲ᠋ᠧᠮ ᠳᠤ ᠦᠨᠡᠨ ᠮᠥᠨ ᠢᠶᠠᠷ ᠨᠢ ᠣᠷᠣᠭᠤᠯᠵᠤ᠂ | ︽ᠭᠤᠷᠪᠠᠨ ᠲᠤᠰᠬᠠᠶ︾ — ᠲᠤᠰᠬᠠᠶ ᠬᠥᠮᠥᠷᠭᠡ ᠳᠤ ᠬᠠᠳᠠᠭᠠᠯᠠᠬᠤ᠂ ᠲᠤᠰᠬᠠᠶ ᠬᠥᠮᠦᠨ ᠬᠠᠮᠢᠶᠠᠷᠬᠤ᠂ ᠲᠤᠰᠬᠠᠶ | ᠯᠠᠩᠭᠦᠶ ᠪᠠᠷ ᠪᠣᠷᠣᠯᠠᠭᠤᠯᠬᠤ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠶᠢᠨ ᠬᠠᠮᠲᠤ᠂ ︽ᠳᠥᠷᠪᠡᠨ ᠭᠡᠷᠡᠴᠢ︾ — | ᠬᠤᠳᠠᠯᠳᠤᠨ ᠠᠪᠤᠭᠰᠠᠨ ᠭᠡᠷᠡᠴᠢ ᠪᠠᠷᠢᠮᠲᠠ᠂ ᠪᠣᠭᠤᠮᠲᠠ ᠶᠢᠨ ᠰᠢᠯᠭᠠᠨ ᠪᠠᠶᠢᠴᠠᠭᠠᠯᠳᠠ ᠬᠢᠵᠢᠭ ᠤᠨ | ᠪᠠᠶᠢᠴᠠᠭᠠᠯᠳᠠ ᠶᠢᠨ ᠭᠡᠷᠡᠴᠢ᠂ ᠪᠥᠭᠡᠮ ᠬᠦᠴᠢᠯ ᠤᠨ ᠪᠠᠶᠢᠴᠠᠭᠠᠯᠳᠠ ᠶᠢᠨ ᠮᠡᠳᠡᠭᠦᠯᠦᠯᠲᠡ᠂ ᠠᠷᠢᠭᠤᠳᠬᠠᠭᠰᠠᠨ ᠭᠡᠷᠡᠴᠢ | ᠵᠡᠷᠭᠡ ᠬᠢᠷᠢ ᠲᠡᠩᠴᠡᠭᠰᠡᠨ ᠭᠡᠷᠡᠴᠢ ᠪᠢᠴᠢᠭ ᠮᠠᠲ᠋ᠧᠷᠢᠶᠠᠯ ᠢ ᠬᠠᠩᠭᠠᠬᠤ ᠬᠡᠷᠡᠭᠲᠡᠶ᠃ ︽ᠳᠥᠷᠪᠡᠨ ᠭᠡᠷᠡᠴᠢ︾ ᠨᠢ | ᠪᠦᠷᠢᠨ ᠪᠤᠰᠤ ᠭᠠᠳᠠᠭᠠᠳᠤ ᠠᠴᠠ ᠣᠷᠣᠭᠤᠯᠤᠭᠰᠠᠨ ᠬᠦᠢᠳᠡᠨ ᠬᠦᠯᠳᠡᠬᠦᠦ ᠪᠠᠷ ᠬᠦᠷᠭᠡᠬᠦ ᠢᠳᠡᠭᠡᠨ ᠢ ᠴᠥᠮ | ᠬᠥᠮᠥᠷᠭᠡ ᠳᠤ ᠬᠠᠳᠠᠭᠠᠯᠠᠵᠤ ᠪᠤᠯᠬᠤ ᠦᠭᠡᠢ᠂ ᠦᠢᠯᠡᠳᠪᠦᠷᠢᠯᠡᠨ ᠡᠳ᠋ᠰᠢᠭᠦᠯᠬᠦ ᠪᠠ ᠵᠠᠬ᠎ᠠ ᠳᠡᠯᠭᠡᠭᠦᠷ ᠲᠤ ᠭᠠᠷᠭᠠᠨ | ᠪᠣᠷᠣᠯᠠᠭᠤᠯᠵᠤ ᠪᠣᠯᠬᠤ ᠥᠬᠡᠶ ︵ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ | ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠬᠤᠳᠠᠯᠳᠤᠭᠠᠨ ᠤ ᠶᠠᠪᠤᠳᠠᠯ ᠤᠨ | ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ | ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠰᠢᠤᠳᠠᠨ ᠤ ᠬᠠᠮᠢᠶᠠᠷᠤᠯᠲᠠ ᠶᠢᠨ ᠲᠣᠪᠴᠢᠶ᠎ᠠ ᠵᠡᠷᠭᠡ ᠨᠢ ᠡᠬᠦᠷᠭᠡ | ᠬᠠᠷᠢᠭᠤᠴᠠᠯᠭ᠎ᠠ ᠪᠠᠷ ᠠᠵᠢᠯ ᠢᠶᠠᠨ ᠬᠤᠪᠢᠶᠠᠷᠢᠯᠠᠵᠤ ᠬᠠᠷᠢᠭᠤᠴᠠᠬᠤ ᠬᠡᠷᠡᠭᠲᠡᠢ︶᠃ ᠳᠥᠷᠪᠡ᠂ ᠡᠮᠨᠡᠯᠭᠡ ᠶᠢᠨ | ᠬᠤᠷᠢᠶᠠᠨ ᠤ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ ᠡᠵᠡᠮᠳᠡᠬᠦ ᠰᠡᠷᠭᠡᠶᠢᠯᠡᠯᠲᠡ ᠶᠢᠨ ᠱᠤᠭᠤᠮ ᠢ ᠪᠠᠲᠤ | ᠴᠣᠭᠴᠠᠯᠠᠬᠤ ᠬᠡᠷᠡᠭᠲᠡᠢ᠃ ᠡᠯ᠎ᠡ ᠱᠠᠲᠤᠨ ᠤ ᠡᠯ᠎ᠡ ᠲᠥᠷᠥᠯ ᠤᠨ ᠡᠮᠴᠢᠯᠡᠭᠡᠨ ᠤ ᠪᠠᠶᠢᠭᠤᠯᠤᠮᠵᠢ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠵᠤ᠂ ᠬᠠᠮᠢᠶᠠᠷᠤᠯᠲᠠ ᠪᠠᠨ | ᠦᠨᠡᠨ ᠬᠦ ᠴᠢᠩᠭᠠᠳᠬᠠᠬᠤ ᠬᠡᠷᠡᠭᠲᠡᠶ᠃ ᠤᠷᠢᠳᠴᠢᠯᠠᠨ ᠪᠠᠶᠢᠴᠠᠭᠠᠵᠤ ᠬᠤᠪᠢᠶᠠᠨ ᠣᠨᠣᠰᠢᠯᠠᠬᠤ᠂ ᠬᠠᠯᠠᠭᠤᠷᠠᠯ ᠤᠨ | ᠡᠭᠦᠳᠡᠨ ᠡᠮᠨᠡᠯᠭᠡ᠂ ᠠᠩᠬ᠎ᠠ ᠬᠦᠯᠢᠶᠡᠨ ᠠᠪᠴᠤ ᠡᠮᠴᠢᠯᠡᠭᠰᠡᠨ ᠡᠮᠴᠢ ᠬᠠᠷᠢᠭᠤᠴᠠᠬᠤ᠂ ︽ᠨᠢᠭᠡ ᠡᠪᠡᠳᠴᠢᠳᠡᠨ ᠢ | ᠨᠢᠭᠡ ᠬᠦᠮᠦᠨ ᠠᠰᠠᠷᠠᠨ ᠬᠠᠷᠠᠭᠠᠯᠵᠠᠬᠤ︾᠂ ᠡᠪᠡᠳᠴᠢᠲᠡᠨ ᠤ ᠲᠣᠭᠤᠷᠢᠭ ᠢ ᠪᠢᠲᠡᠭᠦᠮᠵᠢᠯᠡᠨ ᠬᠠᠮᠢᠶᠠᠷᠬᠤ ᠪᠠ ᠡᠷᠭᠢᠵᠦ | ᠦᠵᠡᠬᠦ ᠶᠢ ᠴᠠᠭᠠᠵᠠᠯᠠᠬᠤ ᠵᠡᠷᠭᠡ ᠡᠯ᠎ᠡ ᠵᠦᠢᠯ ᠤᠨ ᠳᠦᠷᠢᠮ ᠢ ᠴᠢᠩᠭ᠎ᠠ ᠬᠡᠷᠡᠭᠵᠢᠭᠦᠯᠬᠦ ᠬᠡᠷᠡᠭᠲᠡᠶ᠃ ᠡᠮᠴᠢᠯᠡᠭᠡᠨ ᠤ | ᠪᠠᠶᠢᠭᠤᠯᠤᠮᠵᠢ ᠶᠢᠨ ᠠᠵᠢᠯᠲᠠᠨ ᠤ ᠶᠠᠪᠤᠵᠤ ᠰᠠᠭᠤᠬᠤ ᠵᠢᠴᠢ ᠡᠷᠡᠭᠦᠯ ᠮᠡᠨᠳᠦ ᠶᠢᠨ ᠬᠠᠮᠢᠶᠠᠷᠤᠯᠲᠠ ᠶᠢ ᠴᠢᠩᠭᠠᠳᠬᠠᠵᠤ᠂ | ᠣᠷᠣᠵᠤ ᠭᠠᠷᠬᠤ ᠲᠤᠰᠬᠠᠶ ᠨᠡᠪᠲᠡᠷᠡᠬᠦ ᠵᠠᠮ᠂ ᠪᠡᠶ᠎ᠡ ᠶᠢᠨ ᠲᠤᠯᠠᠭᠠᠨ ᠢ ᠬᠡᠮᠵᠢᠭᠰᠡᠨ ᠮᠡᠳᠡᠭᠦᠯᠦᠯᠲᠡ ᠪᠠ ᠭᠠᠳᠠᠭᠰᠢ | ᠭᠠᠷᠬᠤ ᠶᠢ ᠬᠢᠨᠠᠨ ᠵᠥᠪᠰᠢᠶᠡᠷᠡᠬᠦᠯᠵᠦ ᠮᠡᠳᠡᠭᠦᠯᠦᠨ ᠳᠠᠩᠰᠠᠯᠠᠭᠤᠯᠬᠤ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ | ᠬᠠᠯᠠᠭᠤᠷᠠᠬᠤ ᠡᠭᠦᠳᠡᠨ ᠡᠮᠨᠡᠯᠭᠡ ᠵᠡᠷᠭᠡ ᠭᠤᠣᠯᠳᠠᠯᠭ᠎ᠠ ᠲᠠᠢ ᠬᠡᠰᠡᠭ ᠤᠨ ᠡᠮᠴᠢ ᠰᠤᠪᠢᠯᠠᠭᠴᠢ ᠳᠤ ᠪᠢᠲᠡᠭᠦᠮᠵᠢᠯᠡᠬᠦ | ᠮᠠᠶ᠋ᠢᠭ ᠤᠨ ᠬᠠᠮᠢᠶᠠᠷᠤᠯᠲᠠ ᠶᠢ ᠬᠡᠷᠡᠭᠵᠢᠭᠦᠯᠦᠨ᠎ᠡ᠃ ᠠᠷᠠᠳ ᠠᠴᠠ ᠡᠵᠡᠩᠨᠡᠭᠰᠡᠨ ᠡᠮᠨᠡᠯᠭᠡ ᠶᠢᠨ ᠬᠤᠷᠢᠶ᠎ᠠ᠂ | ᠬᠤᠪᠢ ᠶᠢᠨ ᠡᠮᠴᠢᠯᠡᠭᠡᠨ ᠤ ᠭᠠᠵᠠᠷ ᠪᠣᠯᠤᠨ ᠦᠨᠳᠦᠰᠦᠨ ᠱᠠᠲᠤᠨ ᠤ ᠡᠮᠴᠢᠯᠡᠭᠡ ᠡᠷᠡᠭᠦᠯ ᠬᠠᠮᠠᠭᠠᠯᠠᠯ ᠤᠨ | ᠪᠠᠶᠢᠭᠤᠯᠤᠮᠵᠢ ᠨᠤᠭᠤᠳ ᠡᠷᠬᠡᠪᠰᠢ ᠬᠠᠯᠠᠭᠤᠷᠠᠵᠤ ᠪᠠᠶᠢᠭ᠎ᠠ ᠡᠪᠡᠳᠴᠢᠲᠡᠨ ᠢ ᠰᠢᠭᠰᠢᠨ ᠪᠠᠶᠢᠴᠠᠭᠠᠬᠤ ᠪᠠᠨ | ᠴᠢᠩᠭᠠᠳᠬᠠᠵᠤ᠂ ᠬᠠᠯᠠᠭᠤᠷᠠᠭᠰᠠᠨ ᠰᠢᠯᠳᠠᠭᠠᠨ ᠨᠢ ᠲᠤᠳᠤᠷᠬᠠᠢ ᠪᠤᠰᠤ ᠡᠪᠡᠳᠴᠢᠲᠡᠨ ᠢ ᠢᠯᠡᠷᠡᠬᠦᠯᠪᠡᠯ ᠲᠠᠷᠤᠢ | ᠲᠦᠷᠭᠡᠨ ᠬᠠᠯᠠᠭᠤᠷᠠᠬᠤ ᠡᠭᠦᠳᠡᠨ ᠡᠮᠨᠡᠯᠭᠡ ᠲᠠᠢ ᠡᠮᠨᠡᠯᠭᠡ ᠶᠢᠨ ᠬᠤᠷᠢᠶᠠᠨ ᠳᠤ ᠰᠢᠯᠵᠢᠭᠦᠯᠦᠨ ᠡᠮᠴᠢᠯᠡᠬᠦᠯᠬᠦ ᠶᠢᠨ | ᠬᠠᠮᠳᠤ᠂ ᠡᠪᠡᠳᠴᠢᠲᠡᠨ ᠤ ᠮᠡᠳᠡᠭᠡ ᠵᠠᠩᠭᠢ ᠶᠢ ᠳᠠᠩᠰᠠᠯᠠᠬᠤ ᠠᠵᠢᠯ ᠢ ᠰᠠᠶᠢᠲᠤᠷ ᠬᠢᠬᠦ ᠬᠡᠷᠡᠭᠲᠡᠢ᠂ ᠳᠤᠷ᠎ᠠ ᠪᠠᠷ ᠢᠶᠠᠨ | ᠦᠯᠡᠳᠡᠭᠡᠨ ᠠᠪᠴᠤ ᠡᠮᠴᠢᠯᠡᠬᠦ ᠪᠤᠶᠤ ᠡᠮᠴᠢᠯᠡᠬᠦᠯᠦᠭᠰᠡᠳ ᠢ ᠬᠦᠯᠢᠶᠡᠨ ᠠᠪᠬᠤ ᠦᠭᠡᠢ ᠪᠠᠶᠢᠵᠤ ᠪᠤᠯᠬᠤ ᠦᠭᠡᠢ ︵ | ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠡᠷᠡᠭᠦᠯ ᠬᠠᠮᠠᠭᠠᠯᠠᠯ | ᠡᠷᠡᠭᠦᠯ ᠮᠡᠨᠳᠦ ᠶᠢᠨ ᠵᠥᠪᠯᠡᠯ᠂ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ᠂ ᠬᠤᠲᠠ ᠶᠢᠨ ᠰᠢᠭᠤᠳ | ᠬᠠᠷᠢᠶ᠎ᠠ ᠡᠯ᠎ᠡ ᠡᠮᠴᠢᠯᠡᠭᠡᠨ ᠤ ᠪᠠᠶᠢᠭᠤᠯᠤᠮᠵᠢ ᠵᠡᠷᠭᠡ ᠨᠢ ᠡᠬᠦᠷᠭᠡ ᠬᠠᠷᠢᠭᠤᠴᠠᠯᠭ᠎ᠠ ᠪᠠᠷ ᠠᠵᠢᠯ ᠢᠶᠠᠨ ᠬᠤᠪᠢᠶᠠᠷᠢᠯᠠᠵᠤ | ᠬᠠᠷᠢᠭᠤᠴᠠᠬᠤ ᠬᠡᠷᠡᠭᠲᠡᠢ︶᠃ ᠲᠠᠪᠤ᠂ ᠭᠤᠣᠯᠳᠠᠯᠭ᠎ᠠ ᠲᠠᠢ ᠲᠠᠯᠠᠪᠤᠷ ᠤᠨ ᠬᠠᠮᠢᠶᠠᠷᠤᠨ ᠡᠵᠡᠮᠳᠡᠬᠦ ᠶᠢ ᠴᠢᠩᠭᠠᠳᠬᠠᠬᠤ | ᠬᠡᠷᠡᠭᠲᠠᠢ᠃ ᠬᠤᠳᠠᠯᠳᠤᠭᠠᠨ ᠤ ᠲᠠᠯᠠᠪᠤᠷ᠂ ᠬᠡᠳᠦ ᠳᠡᠯᠭᠡᠭᠦᠷ᠂ ᠴᠤᠭᠯᠠᠭ᠎ᠠ ᠮᠠᠶᠢᠮᠠᠶ ᠶᠢᠨ ᠵᠠᠬ᠎ᠠ ᠳᠡᠯᠭᠡᠭᠦᠷ᠂ | ᠵᠣᠴᠢᠳ ᠤᠨ ᠪᠠᠭᠤᠳᠠᠯ᠂ ᠬᠤᠭᠤᠯᠠᠨ ᠬᠡᠷ᠂ ᠡᠮ ᠤᠨ ᠳᠡᠯᠭᠡᠭᠦᠷ ᠵᠡᠷᠭᠡ ᠣᠯᠠᠨ ᠨᠡᠶᠢᠲᠡ ᠶᠢᠨ ᠲᠠᠯᠠᠪᠤᠷ ᠲᠤ | ᠪᠡᠶ᠎ᠡ ᠶᠢᠨ ᠳᠤᠯᠠᠭᠠᠨ ᠢ ᠬᠡᠮᠵᠢᠬᠦ᠂ ᠡᠷᠡᠭᠦᠯ ᠮᠡᠨᠳᠦ ᠶᠢᠨ ᠺᠣᠳ᠋ ᠢ ᠪᠠᠶᠢᠴᠠᠭᠠᠬᠤ᠂ ᠠᠮᠠᠪᠴᠢ ᠵᠡᠭᠦᠬᠦ ᠵᠡᠷᠭᠡ ᠰᠡᠷᠭᠡᠶᠢᠯᠡᠨ | ᠡᠵᠡᠮᠳᠡᠬᠦ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠵᠤ᠂ ᠠᠭᠱᠠᠨ ᠵᠠᠭᠤᠷ᠎ᠠ ᠶᠠᠪᠤᠵᠤ ᠰᠠᠭᠤᠬᠤ ᠬᠥᠮᠥᠰ ᠤᠨ | ᠲᠤᠭ᠎ᠠ ᠶᠢ ᠬᠢᠵᠠᠭᠠᠷᠯᠠᠬᠤ ᠬᠡᠷᠡᠭᠲᠡᠶ᠃ ᠡᠮ ᠤᠨ ᠳᠡᠯᠭᠡᠭᠦᠷ ᠠᠴᠠ ᠬᠠᠯᠠᠭᠤᠨ ᠢ ᠪᠠᠭᠤᠷᠠᠭᠤᠯᠬᠤ᠂ ᠬᠠᠨᠢᠶᠠᠳᠤ ᠶᠢ | ᠵᠣᠭᠰᠣᠭᠠᠬᠤ ᠵᠡᠷᠭᠡ ᠡᠮ ᠤᠨ ᠵᠦᠢᠯ ᠢ ᠬᠤᠳᠠᠯᠳᠤᠨ ᠠᠪᠤᠭᠰᠠᠨ ᠬᠡᠷᠡᠭᠯᠡᠭᠴᠢᠳ ᠢ ᠦᠨᠡᠨ ᠨᠡᠷ᠎ᠡ ᠪᠠᠷ ᠨᠢ ᠳᠠᠩᠰᠠᠯᠠᠵᠤ | ᠂ ᠬᠤᠯᠪᠤᠭᠳᠠᠯ ᠪᠦᠬᠦᠢ ᠮᠡᠳᠡᠭᠡ ᠵᠠᠩᠭᠢ ᠶᠢ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠤ ᠰᠡᠷᠭᠡᠶᠢᠯᠡᠨ ᠡᠵᠡᠮᠳᠡᠬᠦ | ᠠᠵᠢᠯ ᠳᠤ ᠣᠷᠣᠭᠤᠯᠬᠤ ᠬᠡᠷᠡᠭᠲᠡᠶ᠃ ᠨᠠᠰᠤᠲᠠᠨ ᠢ ᠠᠰᠠᠷᠠᠬᠤ ᠬᠦᠷᠢᠶᠡᠯᠡᠩ᠂ ᠵᠢᠷᠭᠠᠯᠠᠩᠳᠤ ᠬᠦᠷᠢᠶᠡᠯᠡᠩ᠂ | ᠬᠤᠷᠢᠭᠤᠯ ᠤᠨ ᠭᠠᠵᠠᠷ ᠵᠡᠷᠭᠡ ᠣᠨᠴᠠᠭᠠᠢ ᠲᠠᠯᠠᠪᠤᠷ ᠲᠤ ᠪᠢᠲᠡᠭᠦᠮᠵᠢᠲᠦ ᠬᠠᠮᠢᠶᠠᠷᠤᠯᠲᠠ ᠶᠢ ᠦᠷᠭᠦᠯᠵᠢᠯᠡᠨ | ᠬᠡᠷᠡᠭᠵᠢᠭᠦᠯᠬᠦ ᠬᠡᠷᠡᠭᠲᠡᠢ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠭᠰᠡᠨ ᠤᠷᠢᠲᠠᠯ | ᠳᠣᠤᠷ᠎ᠠ ᠨᠣᠮ ᠤᠨ ᠰᠠᠩ᠂ ᠮᠦᠽᠧᠶ᠂ ᠤᠷᠠᠨ ᠵᠢᠷᠤᠭ ᠤᠨ ᠣᠷᠳᠣᠨ ᠵᠡᠷᠭᠡ ᠬᠡᠷ ᠳᠣᠲᠣᠷᠠᠬᠢ ᠲᠠᠯᠠᠪᠤᠷ ᠣᠷᠳᠣᠨ᠂ | ᠺᠢᠨᠣ᠋ ᠵᠦᠴᠦᠭᠡ ᠶᠢᠨ ᠲᠢᠶᠠᠳ᠋ᠷ ᠵᠡᠷᠭᠡ ᠲᠣᠭᠯᠠᠯᠲᠠ ᠶᠢᠨ ᠲᠠᠯᠠᠪᠤᠷ ᠵᠢᠴᠢ ᠰᠦᠯᠵᠢᠶᠡᠨ ᠳᠤ ᠭᠠᠷᠬᠤ ᠦᠢᠯᠡᠴᠢᠯᠡᠭᠡᠨ ᠤ | ᠲᠠᠯᠠᠪᠤᠷ᠂ ᠳᠠᠭᠤᠤ ᠪᠥᠵᠢᠭ ᠨᠠᠭᠠᠳᠤᠮ ᠲᠤᠭᠯᠠᠭᠠᠮ ᠵᠤᠭ᠎ᠠ ᠴᠡᠩᠭᠡᠯ ᠤᠨ ᠲᠠᠯᠠᠪᠤᠷ᠂ ᠰᠤᠷᠭᠠᠭᠤᠯᠢ ᠶᠢᠨ ᠭᠠᠳᠠᠨᠠᠬᠢ | ᠪᠤᠯᠪᠠᠰᠤᠷᠠᠯ ᠤᠨ ᠪᠠᠶᠢᠭᠤᠯᠤᠮᠵᠢ ᠶᠢᠨ ᠭᠥᠯᠢᠶᠡᠨ ᠠᠪᠬᠤ ᠬᠥᠮᠦᠨ ᠤ ᠲᠤᠭ᠎ᠠ ᠶᠢ ᠬᠢᠨᠠᠨ ᠲᠣᠭᠲᠠᠭᠠᠭᠰᠠᠨ ᠬᠥᠮᠦᠨ ᠤ | ᠲᠤᠭ᠎ᠠ ᠶᠢᠨ 75% ᠠᠴᠠ ᠬᠡᠲᠦᠷᠡᠭᠦᠯᠵᠦ ᠪᠣᠯᠬᠤ ᠥᠬᠡᠶ ︵ᠡᠯ᠎ᠠ ᠬᠤᠰᠢᠭᠤ ᠰᠢᠶᠠᠨ ᠲᠤᠭᠤᠷᠢᠭ ᠤᠨ ᠵᠠᠰᠠᠭ ᠤᠨ | ᠤᠷᠳᠤᠨ᠂ ᠬᠤᠲᠠ ᠶᠢᠨ ᠠᠵᠤ ᠦᠢᠯᠡᠳᠪᠦᠷᠢ ᠪᠠ ᠮᠡᠳᠡᠭᠡ ᠵᠠᠩᠬᠢᠴᠢᠯᠠᠯᠲᠠ ᠶᠢᠨ ᠶᠠᠮᠤᠨ᠂ ᠬᠤᠳᠠᠯᠳᠤᠭᠠᠨ ᠤ | ᠶᠠᠪᠤᠳᠠᠯ ᠤᠨ ᠲᠤᠪᠴᠢᠶ᠎ᠠ᠂ ᠲᠤᠳᠤᠭᠠᠳᠤ ᠶᠢ ᠬᠠᠮᠠᠭᠠᠯᠠᠬᠤ ᠲᠤᠪᠴᠢᠶ᠎ᠠ᠂ ᠬᠠᠤᠯᠢ ᠴᠠᠭᠠᠵᠠ ᠶᠢᠨ ᠲᠤᠪᠴᠢᠶ᠎ᠠ᠂ | ᠰᠤᠶᠤᠯ ᠵᠢᠭᠤᠯᠴᠢᠯᠠᠯ ᠤᠨ ᠲᠤᠪᠴᠢᠶ᠎ᠠ᠂ ᠠᠷᠠᠳ ᠤᠨ ᠶᠠᠪᠤᠳᠠᠯ ᠤᠨ ᠲᠤᠪᠴᠢᠶ᠎ᠠ᠂ ᠡᠷᠡᠭᠦᠯ ᠬᠠᠮᠠᠭᠠᠯᠠᠯ ᠡᠷᠡᠭᠦᠯ | ᠮᠡᠨᠳᠦ ᠶᠢᠨ ᠵᠥᠪᠯᠡᠯ᠂ ᠡᠪᠡᠳᠴᠢᠨ ᠡᠮᠬᠡᠭ ᠢ ᠰᠡᠷᠭᠡᠶᠢᠯᠡᠨ ᠬᠢᠵᠠᠭᠠᠷᠯᠠᠬᠤ ᠲᠦᠪ᠂ ᠵᠠᠬ᠎ᠠ ᠳᠡᠯᠭᠡᠭᠦᠷ ᠤᠨ ᠬᠢᠨᠠᠨ | ᠬᠠᠮᠢᠶᠠᠷᠤᠯᠲᠠ ᠶᠢᠨ ᠲᠤᠪᠴᠢᠶ᠎ᠠ ᠵᠡᠷᠭᠡ ᠨᠢ ᠡᠭᠦᠷᠭᠡ ᠬᠠᠷᠢᠭᠤᠴᠠᠯᠭ᠎ᠠ ᠶᠢᠨ ᠠᠳᠠᠯᠢ ᠪᠤᠰᠤ ᠪᠠᠷ ᠠᠵᠢᠯ ᠢᠶᠠᠨ ᠬᠤᠪᠢᠶᠠᠨ | ᠬᠠᠷᠢᠭᠤᠴᠠᠬᠤ ᠬᠡᠷᠡᠭᠲᠠᠢ︶᠃ ᠵᠢᠷᠭᠤᠭ᠎ᠠ᠂ ᠵᠠᠮ ᠬᠠᠷᠢᠯᠴᠠᠭᠠᠨ ᠤ ᠲᠠᠯᠠᠪᠤᠷ ᠥᠷᠲᠡᠭᠡ ᠪᠠ ᠣᠯᠠᠨ ᠨᠡᠶᠢᠲᠡ ᠶᠢᠨ ᠵᠠᠮ | ᠬᠠᠷᠢᠯᠴᠠᠭᠠᠨ ᠤ ᠪᠠᠭᠠᠵᠢ ᠬᠡᠷᠡᠭᠰᠡᠯ ᠢ ᠬᠠᠮᠢᠶᠠᠷᠤᠨ ᠡᠵᠡᠮᠳᠡᠬᠦ ᠶᠢ ᠴᠢᠩᠭᠠᠷᠠᠭᠤᠯᠬᠤ ᠬᠡᠷᠡᠭᠲᠡᠶ᠃ ᠲᠡᠮᠦᠷ ᠵᠠᠮ᠂ ᠵᠠᠰᠠᠮᠠᠯ | ᠵᠠᠮ᠂ ᠠᠷᠠᠳ ᠤᠨ ᠠᠭᠠᠷ ᠠᠶᠠᠯᠠᠯ ᠵᠡᠷᠭᠡ ᠨᠢᠭᠡᠴᠢ ᠨᠦᠭᠦᠳ ᠤᠯᠤᠰ ᠤᠨ ᠳᠣᠲᠣᠭᠠᠳᠤ ᠶᠢᠨ ᠳᠤᠮᠳᠠ ᠥᠨᠳᠥᠷ | ᠲᠠᠰ ᠤᠨ ᠲᠦᠭᠰᠢᠭᠦᠷᠢᠲᠡᠶ ᠭᠠᠵᠠᠷ ᠣᠷᠣᠨ ᠤ ᠬᠥᠳᠡᠯᠦᠩᠭᠦᠶ ᠲᠣᠬᠢᠷᠠᠭᠤᠯᠤᠯᠲᠠ ᠶᠢᠨ ᠪᠠᠶᠢᠳᠠᠯ ᠲᠠᠢ ᠤᠶᠠᠯᠳᠤᠭᠤᠯᠤᠨ | ᠂ ᠤᠯᠠᠭᠠᠨᠬᠠᠳᠠ ᠳᠤ ᠢᠷᠡᠬᠦ ᠲᠡᠭᠡᠭᠡᠪᠦᠷᠢ ᠶᠢᠨ ᠡᠭᠡᠯᠵᠢ ᠤᠳᠠᠭ᠎ᠠ ᠶᠢ ᠴᠠᠭ ᠲᠤᠬᠠᠶ ᠳᠤ ᠨᠢ ᠠᠩᠬᠠᠷᠴᠤ᠂ | ᠠᠶᠠᠨᠴᠢᠳ ᠤᠨ ᠴᠤᠪᠤᠷᠠᠯ ᠤᠨ ᠡᠭᠡᠯᠵᠢ ᠤᠳᠠᠭ᠎ᠠ ᠶᠢ ᠲᠣᠬᠢᠷᠠᠭᠤᠯᠤᠨ ᠡᠵᠡᠮᠳᠡᠬᠦ ᠪᠠᠨ ᠴᠢᠩᠭᠠᠳᠬᠠᠨ᠂ | ᠠᠶᠠᠨᠴᠢᠳ ᠤᠨ ᠮᠡᠳᠡᠭᠡ ᠵᠠᠩᠭᠢ ᠶᠢ ᠬᠢᠨᠠᠮᠠᠭᠠᠶ ᠪᠠᠶᠢᠴᠠᠭᠠᠨ᠂ ᠠᠮᠠᠪᠴᠢ ᠵᠡᠭᠦᠬᠦ᠂ ᠡᠷᠡᠭᠦᠯ ᠮᠡᠨᠳᠦ ᠶᠢᠨ ᠺᠣᠳ᠋ ᠢ | ᠪᠠᠶᠢᠴᠠᠭᠠᠬᠤ᠂ ᠪᠡᠶ᠎ᠡ ᠶᠢᠨ ᠳᠤᠯᠠᠭᠠᠨ ᠢ ᠪᠠᠶᠢᠴᠠᠭᠠᠨ ᠬᠡᠮᠵᠢᠬᠦ᠂ ᠠᠷᠢᠭᠤᠳᠬᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ | ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠵᠤ᠂ ᠭᠤᠣᠯᠳᠠᠯᠭ᠎ᠠ ᠲᠠᠢ ᠬᠥᠮᠦᠰ ᠪᠠ ᠰᠡᠵᠢᠭᠯᠡᠯᠲᠡᠶ ᠡᠪᠡᠳᠴᠢᠨ ᠤ | ᠵᠢᠱᠢᠶ᠎ᠡ ᠶᠢ ᠢᠯᠡᠷᠡᠭᠦᠯᠪᠡᠯ ᠵᠢᠷᠤᠮᠵᠢᠭᠤᠯᠤᠨ ᠰᠢᠢᠳᠪᠦᠷᠢᠯᠡᠵᠦ᠂ ᠴᠠᠭ ᠲᠤᠬᠠᠶ ᠳᠤ ᠨᠢ ᠮᠡᠳᠡᠭᠦᠯᠬᠦ ᠬᠡᠷᠡᠭᠲᠡᠶ᠃ | ᠨᠡᠶᠢᠲᠡ ᠶᠢᠨ ᠮᠠᠰᠢᠨ ᠲᠡᠷᠭᠡ᠂ ᠲᠦᠷᠢᠶᠡᠰᠦᠨ ᠮᠠᠰᠢᠨ ᠲᠡᠷᠭᠡ᠂ ᠰᠦᠯᠵᠢᠶ᠎ᠡ ᠪᠠᠷ ᠪᠣᠯᠵᠣᠬᠤ ᠮᠠᠰᠢᠨ ᠲᠡᠷᠭᠡ ᠵᠡᠷᠭᠡ | ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠴᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ | ᠵᠦᠢᠯ ᠤᠨ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠲᠡᠶ᠃ ᠠᠶᠠᠨᠴᠢᠳ ᠠᠷᠠᠳ ᠢᠷᠭᠡᠳ ᠤᠨ | ᠬᠠᠷᠢᠭᠤᠴᠠᠯᠭ᠎ᠠ ᠪᠣᠯᠤᠨ ᠡᠭᠦᠷᠭᠡ ᠪᠠᠨ ᠭᠦᠢᠴᠡᠳᠬᠡᠵᠦ᠂ ᠠᠵᠢᠯᠲᠠᠳ ᠬᠠᠮᠵᠢᠯᠴᠠᠨ ᠬᠢᠵᠢᠭ ᠢ ᠰᠡᠷᠭᠡᠶᠢᠯᠡᠬᠦ ᠠᠵᠢᠯ ᠢ | ᠰᠠᠶᠢᠲᠤᠷ ᠬᠢᠬᠦ ᠬᠡᠷᠡᠭᠲᠡᠶ ︵ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ | ᠬᠤᠲᠠ ᠶᠢᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠲᠡᠷᠭᠡᠨ ᠤ ᠶᠠᠪᠤᠳᠠᠯ ᠤᠨ ᠭᠠᠵᠠᠷ᠂ ᠠᠷᠠᠳ ᠤᠨ | ᠠᠭᠠᠷ ᠠᠶᠠᠯᠠᠯ ᠤᠨ ᠨᠢᠰᠬᠡᠯ ᠤᠨ ᠪᠠᠭᠤᠳᠠᠯ ᠵᠡᠷᠭᠡ ᠨᠢ ᠡᠭᠦᠷᠭᠡ ᠬᠠᠷᠢᠭᠤᠴᠠᠯᠭ᠎ᠠ ᠶᠢᠨ ᠠᠳᠠᠯᠢ ᠪᠤᠰᠤ ᠪᠠᠷ ᠠᠵᠢᠯ ᠢᠶᠠᠨ | ᠬᠤᠪᠢᠶᠠᠨ ᠬᠠᠷᠢᠭᠤᠴᠠᠬᠤ ᠬᠡᠷᠡᠭᠲᠠᠢ︶᠃ ᠳᠣᠯᠤᠭ᠎ᠠ᠂ ᠰᠤᠷᠭᠠᠭᠤᠯᠢ ᠵᠢᠴᠢ ᠰᠤᠷᠭᠠᠭᠤᠯᠢ ᠶᠢᠨ ᠭᠠᠳᠠᠨᠠᠬᠢ | ᠪᠣᠯᠪᠠᠰᠤᠷᠠᠯ ᠤᠨ ᠭᠠᠵᠠᠷ᠂ ᠬᠡᠤᠬᠡᠳ ᠰᠠᠭᠠᠲᠠᠭᠤᠯᠬᠤ ᠪᠠᠶᠢᠭᠤᠯᠤᠮᠵᠢ ᠶᠢᠨ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ | ᠴᠢᠩᠭᠠᠳᠬᠠᠬᠤ ᠬᠡᠷᠡᠭᠲᠡᠶ᠃ ᠡᠯ᠎ᠡ ᠱᠠᠲᠤ ᠡᠯ᠎ᠡ ᠲᠥᠷᠥᠯ ᠤᠨ ᠰᠤᠷᠭᠠᠭᠤᠯᠢ ᠨᠤᠭᠤᠳ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠮᠡᠳᠡᠯᠭᠡ ᠶᠢᠨ ᠬᠥᠮᠦᠵᠢᠯ ᠢ ᠦᠨᠡᠨ ᠬᠦ ᠴᠢᠩᠭᠠᠳᠬᠠᠵᠤ᠂ ᠬᠢᠵᠢᠭ ᠤᠨ ᠪᠠᠶᠢᠳᠠᠯ ᠤᠨ | ᠬᠤᠪᠢᠷᠠᠯᠲᠠ ᠶᠢ ᠮᠥᠷᠳᠡᠵᠦ᠂ ᠴᠠᠭ ᠲᠤᠬᠠᠶ ᠳᠤ ᠨᠢ ᠰᠡᠷᠡᠮᠵᠢᠯᠡᠭᠦᠯᠦᠨ ᠰᠠᠨᠠᠭᠤᠯᠵᠤ᠂ ᠪᠠᠭᠰᠢ ᠰᠤᠷᠤᠭᠴᠢᠳ ᠢ | ᠬᠤᠪᠢ ᠬᠥᠮᠦᠨ ᠵᠢᠴᠢ ᠬᠡᠷ ᠪᠦᠯᠢ ᠶᠢᠨ ᠬᠠᠮᠠᠭᠠᠯᠠᠯᠲᠠ ᠶᠢ ᠰᠠᠶᠢᠲᠤᠷ ᠬᠢᠬᠦ ᠶᠢ ᠴᠢᠩᠭ᠎ᠠ ᠱᠠᠭᠠᠷᠳᠠᠬᠤ ᠬᠡᠷᠡᠭᠲᠡᠶ᠃ | ᠪᠠᠭᠰᠢ ᠰᠤᠷᠤᠭᠴᠢᠳ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠤᠨ ᠱᠠᠭᠠᠷᠳᠠᠯᠭ᠎ᠠ ᠶᠣᠰᠣᠭᠠᠷ ᠤᠯᠠᠭᠠᠨᠬᠠᠳᠠ ᠠᠴᠠ | ᠭᠠᠷᠪᠠᠯ ᠮᠡᠳᠡᠭᠦᠯᠦᠨ ᠳᠠᠩᠰᠠᠯᠠᠭᠤᠯᠬᠤ ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠬᠢᠯᠢ ᠶᠢᠨ ᠭᠠᠳᠠᠨ᠎ᠠ ᠪᠤᠶᠤ | ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠳᠤ ᠣᠴᠢᠵᠤ ᠪᠣᠯᠬᠤ ᠦᠭᠡᠶ᠃ ᠵᠠᠷᠴᠢᠮ ᠳᠡᠭᠡᠷ᠎ᠡ ᠪᠠᠨ ᠪᠠᠭᠰᠢ | ᠰᠤᠷᠤᠭᠴᠢᠳ ᠠᠠᠮᠠᠷᠠᠯᠲᠠ ᠶᠢᠨ ᠬᠤᠭᠤᠴᠠᠭᠠᠨ ᠳᠤ ᠰᠤᠷᠭᠠᠭᠤᠯᠢ ᠳᠤ ᠪᠠᠨ ᠦᠯᠡᠳᠡᠵᠦ ᠪᠣᠯᠬᠤ ᠥᠬᠡᠶ᠂ ᠦᠨᠠᠨ ᠬᠦ | ᠰᠤᠷᠭᠠᠭᠤᠯᠢ ᠳᠤ ᠪᠠᠨ ᠦᠯᠡᠳᠡᠬᠦ ᠴᠢᠬᠤᠯᠠᠲᠠᠶ ᠪᠣᠯ ᠬᠠᠷᠢᠶ᠎ᠠ ᠭᠠᠵᠠᠷ ᠤᠨ ᠵᠢᠯᠣᠭᠤᠳᠬᠤ ᠭᠠᠵᠠᠷ ᠲᠤ ᠮᠡᠳᠡᠭᠦᠯᠦᠨ | ᠳᠠᠩᠰᠠᠯᠠᠭᠤᠯᠬᠤ ᠶᠢᠨ ᠬᠠᠮᠲᠤ ᠰᠤᠷᠭᠠᠭᠤᠯᠢ ᠶᠢᠨ ᠬᠦᠷᠢᠶᠡᠨ ᠤ ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ ᠠᠷᠭ᠎ᠠ | ᠬᠡᠮᠵᠢᠶ᠎ᠡ ᠶᠢ ᠨᠠᠶᠢᠳᠠᠪᠤᠷᠢᠵᠢᠭᠤᠯᠬᠤ ᠬᠡᠷᠡᠭᠲᠡᠶ᠃ ᠠᠮᠠᠷᠠᠯᠲᠠ ᠶᠢᠨ ᠬᠤᠭᠤᠴᠠᠭᠠᠨ ᠳᠤ ᠪᠠᠭᠰᠢ ᠰᠤᠷᠤᠭᠴᠢᠳ ᠤᠨ | ᠰᠤᠷᠭᠠᠭᠤᠯᠢ ᠳᠤ ᠪᠠᠨ ᠪᠤᠴᠠᠬᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠥᠬᠡᠶ᠂ ᠰᠤᠷᠭᠠᠭᠤᠯᠢ ᠶᠢᠨ ᠬᠦᠷᠢᠶ᠎ᠡ ᠶᠢ | ᠦᠷᠭᠦᠯᠵᠢᠯᠡᠨ ᠪᠢᠲᠡᠭᠦᠮᠵᠢᠯᠡᠨ ᠬᠠᠮᠢᠶᠠᠷᠤᠨ᠎ᠠ᠃ ᠡᠯ᠎ᠡ ᠭᠠᠵᠠᠷ ᠵᠢᠴᠢ ᠬᠤᠳᠠ ᠶᠢᠨ ᠰᠢᠭᠤᠳ ᠬᠠᠷᠢᠶ᠎ᠠ ᠬᠤᠯᠪᠣᠭᠳᠠᠯ | ᠪᠦᠬᠦᠢ ᠰᠠᠯᠠᠭ᠎ᠠ ᠮᠥᠴᠢᠷ ᠤᠨ ᠬᠢᠨ ᠡᠯ᠎ᠡ ᠲᠦᠷᠦᠯ ᠤᠨ ᠰᠤᠷᠭᠠᠭᠤᠯᠢ᠂ ᠰᠤᠷᠭᠠᠭᠤᠯᠢ ᠶᠢᠨ ᠭᠠᠳᠠᠨᠠᠬᠢ | ᠪᠣᠯᠪᠠᠰᠤᠷᠠᠯ ᠤᠨ ᠪᠠᠶᠢᠭᠤᠯᠤᠮᠵᠢ᠂ ᠬᠡᠦᠬᠡᠳ ᠰᠠᠭᠠᠲᠠᠭᠤᠯᠬᠤ ᠪᠠᠶᠢᠭᠤᠯᠤᠮᠵᠢ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠬᠢᠨᠠᠯᠲᠠ ᠬᠠᠮᠢᠶᠠᠷᠤᠯᠲᠠ᠂ ᠪᠠᠶᠢᠴᠠᠭᠠᠯᠲᠠ᠂ ᠱᠠᠯᠠᠪᠳᠠᠭᠤᠯᠤᠨ ᠵᠢᠯᠣᠭᠤᠳᠬᠤ ᠠᠵᠢᠯ ᠢ ᠰᠠᠶᠢᠲᠤᠷ ᠬᠢᠬᠦ | ᠬᠡᠷᠡᠭᠲᠡᠢ ︵ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠨᠠᠮ ᠤᠨ | ᠬᠤᠷᠢᠶᠠᠨ ᠤ ᠤᠬᠠᠭᠤᠯᠬᠤ ᠬᠡᠯᠲᠡᠰ᠂ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ᠂ ᠡᠷᠡᠭᠦᠯ ᠬᠠᠮᠠᠭᠠᠯᠠᠯ | ᠡᠷᠡᠭᠦᠯ ᠮᠡᠨᠳᠦ ᠶᠢᠨ ᠵᠥᠪᠯᠡᠯ᠂ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠵᠡᠷᠭᠡ ᠰᠠᠯᠠᠭ᠎ᠠ ᠮᠥᠴᠢᠷ ᠡᠭᠦᠷᠭᠡ | ᠬᠠᠷᠢᠭᠤᠴᠠᠯᠭ᠎ᠠ ᠶᠢᠨ ᠬᠤᠪᠢᠶᠠᠷᠢᠯᠠᠯ ᠶᠣᠰᠣᠭᠠᠷ ᠬᠠᠷᠢᠭᠤᠴᠠᠬᠤ ᠬᠡᠷᠡᠭᠲᠡᠢ︶᠃ ᠨᠠᠢᠮᠠ᠂ ᠴᠤᠭᠯᠠᠷᠠᠯ ᠤᠨ ᠴᠢᠨᠠᠷᠲᠠᠶ | ᠠᠵᠢᠯᠯᠠᠭ᠎ᠠ ᠶᠢ ᠴᠢᠩᠭ᠎ᠠ ᠬᠢᠵᠠᠭᠠᠷᠯᠠᠬᠤ ᠬᠡᠷᠡᠭᠲᠡᠶ᠃ ︽ᠴᠢᠬᠤᠯᠠ ᠥᠬᠡᠶ ᠪᠣᠯ ᠡᠷᠭᠢᠯᠡᠬᠦ ᠥᠬᠡᠶ︾ ᠵᠠᠷᠴᠢᠮ | ᠶᠣᠰᠣᠭᠠᠷ᠂ ᠲᠣᠮᠣ ᠬᠡᠯᠪᠡᠷᠢ ᠶᠢᠨ ᠴᠤᠭᠯᠠᠷᠠᠯ ᠤᠨ ᠴᠢᠨᠠᠷᠲᠠᠶ ᠠᠵᠢᠯᠯᠠᠭ᠎ᠠ ᠶᠢ ᠴᠢᠩᠭ᠎ᠠ ᠴᠣᠮᠬᠠᠳᠬᠠᠨ ᠪᠠᠭᠠᠰᠬᠠᠬᠤ | ᠬᠡᠷᠡᠭᠲᠡᠢ᠃ ᠡᠯ᠎ᠡ ᠱᠠᠲᠤᠨ ᠤ ᠨᠠᠮ ᠵᠠᠰᠠᠭ ᠤᠨ ᠪᠠᠶᠢᠭᠤᠯᠭ᠎ᠠ᠂ ᠠᠵᠤ ᠠᠬᠤᠶᠢᠯᠠᠯ ᠠᠵᠢᠯ ᠦᠢᠯᠡᠰ ᠤᠨ | ᠨᠢᠭᠡᠴᠢ ᠨᠦᠭᠦᠳ ᠲᠤᠮᠤ ᠬᠡᠯᠪᠡᠷᠢ ᠶᠢᠨ ᠬᠤᠷᠠᠯ ᠵᠢᠴᠢ ᠠᠵᠢᠯᠯᠠᠭ᠎ᠠ ᠶᠢᠨ ᠲᠤᠭ᠎ᠠ ᠬᠡᠮᠵᠢᠶᠡᠨ ᠤ ᠬᠡᠪᠴᠢᠶ᠎ᠡ ᠶᠢ ᠴᠢᠩᠭ᠎ᠠ | ᠬᠢᠵᠠᠭᠠᠷᠯᠠᠵᠤ᠂ ᠬᠠᠷᠠᠭᠠᠨ ᠲᠠᠪᠳᠠᠮᠵᠢ ᠵᠡᠷᠭᠡ ᠰᠦᠯᠵᠢᠶᠡᠨ ᠳᠡᠭᠡᠷᠡᠬᠢ ᠬᠡᠯᠪᠡᠷᠢ ᠪᠠᠷ ᠬᠤᠷᠠᠯ ᠬᠤᠷᠠᠯᠳᠤᠭᠤᠯᠬᠤ ᠶᠢ | ᠰᠠᠨᠠᠭᠠᠴᠢᠯᠠᠬᠤ ᠬᠡᠷᠡᠭᠲᠡᠢ᠃ ᠵᠠᠷᠴᠢᠮ ᠳᠡᠭᠡᠷ᠎ᠡ ᠪᠠᠨ ᠪᠣᠯᠪᠠᠰᠤᠷᠠᠯ᠂ ᠬᠠᠮᠲᠤ ᠶᠢᠨ ᠵᠣᠯᠭᠠᠯᠲᠠ᠂ ᠬᠠᠮᠲᠤᠷᠠᠭᠰᠠᠨ ᠨᠠᠶᠢᠷ᠂ | ᠲᠣᠮᠣ ᠬᠡᠯᠪᠡᠷᠢ ᠶᠢᠨ ᠰᠦᠮ᠎ᠡ ᠶᠢᠨ ᠴᠤᠭᠯᠠᠭᠠᠨ᠂ ᠣᠨ ᠤ ᠬᠤᠷᠠᠯ᠂ ᠰᠦᠯᠵᠢᠶᠡᠨ ᠠᠴᠠ ᠪᠤᠰᠤᠳ ᠳᠡᠯᠭᠡᠨ | ᠪᠣᠷᠣᠯᠠᠭᠤᠯᠬᠤ ᠪᠠ ᠪᠣᠷᠣᠯᠠᠭᠤᠯᠭ᠎ᠠ ᠶᠢ ᠠᠬᠢᠭᠤᠯᠬᠤ ᠵᠡᠷᠭᠡ ᠠᠵᠢᠯᠯᠠᠭ᠎ᠠ ᠶᠢ ᠡᠷᠬᠢᠯᠡᠬᠦ ᠦᠭᠡᠶ᠃ ᠬᠤᠷᠢᠮ ᠨᠠᠶᠢᠷ | ᠡᠷᠭᠢᠯᠡᠬᠦ ᠳᠤ ︽ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠮᠠᠯᠠᠯᠲᠠ ᠶᠢᠨ ᠪᠢᠴᠢᠭ︾ ᠲᠣᠭᠲᠠᠵᠤ᠂ | ᠵᠣᠴᠢᠳ ᠤᠨ ᠲᠤᠭ᠎ᠠ ᠶᠢ ᠪᠠᠭᠠᠰᠬᠠᠨ᠂ ᠬᠤᠲᠠ ᠶᠢᠨ ᠭᠠᠳᠠᠨᠠᠬᠢ ᠬᠥᠮᠦᠰ ᠢ ᠤᠷᠢᠨ ᠣᠷᠣᠯᠴᠠᠭᠤᠯᠵᠤ ᠪᠣᠯᠬᠤ ᠥᠬᠡᠶ᠂ | ᠡᠷᠡᠭᠦᠯ ᠮᠡᠨᠳᠦ ᠶᠢᠨ ᠺᠣᠳ᠋ ᠢ ᠪᠠᠶᠢᠴᠠᠭᠠᠨ ᠰᠢᠯᠭᠠᠬᠤ᠂ ᠮᠡᠳᠡᠭᠡ ᠵᠠᠩᠭᠢ ᠶᠢ ᠳᠠᠩᠰᠠᠯᠠᠬᠤ᠂ ᠪᠡᠶ᠎ᠡ ᠶᠢᠨ ᠲᠤᠯᠠᠭᠠᠨ ᠢ | ᠪᠠᠶᠢᠴᠠᠭᠠᠨ ᠬᠡᠮᠵᠢᠬᠦ᠂ ᠣᠷᠴᠢᠨ ᠲᠣᠭᠤᠷᠢᠨ ᠢ ᠠᠷᠢᠭᠤᠳᠬᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠬᠤ ᠬᠡᠷᠡᠭᠲᠡᠶ᠃ ᠬᠤᠷᠢᠮ ᠨᠠᠶᠢᠷ ᠠᠴᠠ ᠭᠠᠳᠠᠨ᠎ᠠ᠂ ᠭᠡᠷ ᠪᠦᠯᠢ ᠶᠢᠨ ᠬᠤᠪᠢ ᠬᠥᠮᠦᠨ ᠤ ᠴᠤᠭᠯᠠᠭᠠᠨ | ᠨᠠᠶᠢᠷ ᠵᠡᠷᠭᠡ ᠶᠢ 10 ᠬᠥᠮᠦᠨ ᠠᠴᠠ ᠳᠣᠷᠣᠭᠰᠢ ᠬᠢᠵᠠᠭᠠᠷᠯᠠᠬᠤ ᠬᠡᠷᠡᠭᠲᠡᠶ᠃ ᠴᠤᠭᠯᠠᠷᠠᠯ ᠤᠨ ᠴᠢᠨᠠᠷᠲᠠᠶ | ᠠᠵᠢᠯᠯᠠᠭ᠎ᠠ ᠶᠢ ᠳᠤᠷ᠎ᠠ ᠪᠠᠷ ᠢᠶᠠᠨ ᠡᠷᠭᠢᠯᠡᠭᠰᠡᠨ ᠪᠠᠶᠢᠪᠠᠯ᠂ ᠡᠷᠭᠢᠯᠡᠭᠰᠡᠨ ᠬᠥᠮᠦᠨ ᠪᠣᠯᠤᠨ ᠬᠤᠯᠪᠣᠭᠳᠠᠯ ᠪᠥᠬᠦᠶ | ᠨᠢᠭᠡᠴᠢ᠂ ᠲᠠᠯᠠᠪᠤᠷ ᠭᠠᠵᠠᠷ ᠤᠨ ᠬᠠᠷᠢᠭᠤᠴᠠᠯᠭ᠎ᠠ ᠶᠢ ᠨᠡᠬᠡᠮᠵᠢᠯᠡᠨ᠎ᠡ ︵ᠡᠯ᠎ᠡ ᠬᠤᠰᠢᠭᠤ ᠰᠢᠶᠠᠨ ᠲᠣᠭᠤᠷᠢᠭ ᠤᠨ | ᠠᠷᠠᠳ ᠤᠨ ᠵᠠᠰᠠᠭ ᠤᠨ ᠣᠷᠳᠣᠨ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ᠂ ᠵᠠᠬ᠎ᠠ ᠳᠡᠯᠭᠡᠭᠦᠷ ᠤᠨ | ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠣᠰᠣᠭᠠᠷ | ᠬᠠᠷᠢᠭᠤᠴᠠᠬᠤ ᠬᠡᠷᠡᠭᠲᠡᠢ︶᠃ ᠶᠢᠰᠦ᠂ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠤ ᠰᠡᠷᠭᠡᠶᠢᠯᠡᠨ ᠡᠵᠡᠮᠳᠡᠬᠦ ᠶᠢ | ᠰᠠᠶᠢᠲᠤᠷ ᠠᠳᠬᠤᠬᠤ ᠬᠡᠷᠡᠭᠲᠡᠶ᠃ ᠡᠯ᠎ᠡ ᠭᠠᠵᠠᠷ ᠣᠷᠣᠨ ᠨᠤᠭᠤᠳ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ | ᠤ ᠬᠠᠮᠤᠭ ᠦᠨᠳᠦᠰᠦᠨ ᠱᠠᠳᠤᠨ ᠤ ᠰᠡᠷᠭᠡᠶᠢᠯᠡᠨ ᠡᠵᠡᠮᠳᠡᠬᠦ ᠠᠵᠢᠯ ᠢ ᠴᠢᠩᠭ᠎ᠠ ᠰᠠᠶᠢᠲᠤᠷ ᠠᠳᠬᠤᠵᠤ᠂ | ᠠᠮᠠᠷᠠᠯᠲᠠ ᠶᠢᠨ ᠬᠤᠭᠤᠴᠠᠭᠠᠨ ᠳᠤ ᠨᠤᠲᠤᠭ ᠲᠤ ᠪᠠᠨ ᠪᠤᠴᠠᠭᠰᠠᠳ ᠤᠨ ᠲᠤᠭ᠎ᠠ ᠶᠢ ᠪᠥᠬᠦ ᠲᠠᠯ᠎ᠠ ᠪᠠᠷ ᠡᠵᠡᠮᠰᠢᠨ ︽ | ᠴᠢᠬᠤᠯᠠ ᠥᠬᠡᠶ ᠪᠣᠯ ᠨᠤᠲᠤᠭ ᠲᠤ ᠪᠠᠨ ᠪᠤᠴᠠᠬᠤ ᠥᠬᠡᠶ︾ ᠪᠠᠶᠢᠬᠤ ᠶᠢ ᠰᠠᠨᠠᠭᠠᠴᠢᠯᠠᠵᠤ᠂ ᠬᠢᠵᠢᠭ ᠤᠨ ᠪᠠᠶᠢᠳᠠᠯ ᠤᠨ | ᠲᠦᠭᠰᠢᠭᠦᠷᠢ ᠶᠢ ᠪᠠᠭᠠᠰᠬᠠᠬᠤ ᠬᠡᠷᠡᠭᠲᠡᠶ᠃ ᠨᠤᠲᠤᠭ ᠲᠤ ᠪᠠᠨ ᠵᠠᠪᠠᠯ ᠪᠤᠴᠠᠬᠤ ᠬᠥᠮᠦᠰ ᠵᠠᠮ ᠳᠤ ᠪᠠᠨ ᠠᠮᠠᠪᠴᠢ | ᠵᠡᠭᠦᠵᠦ᠂ ᠭᠠᠷ ᠢᠶᠠᠨ ᠦᠷᠭᠦᠯᠵᠢ ᠤᠬᠢᠶᠠᠵᠤ᠂ ᠠᠮᠤᠷ ᠲᠦᠪᠰᠢᠨ ᠤ ᠵᠠᠶ ᠶᠢ ᠪᠠᠲᠤᠯᠠᠵᠤ᠂ ᠥᠪᠡᠷ ᠢᠶᠠᠨ ᠲᠡᠷᠭᠡ | ᠵᠢᠯᠣᠭᠤᠳᠴᠤ ᠤᠯᠠᠭᠠᠨᠬᠠᠳᠠ ᠳᠤ ᠪᠤᠴᠠᠬᠤ ᠶᠢ ᠰᠠᠨᠠᠭᠠᠴᠢᠯᠠᠬᠤ ᠬᠡᠷᠡᠭᠲᠡᠶ᠃ ᠨᠤᠲᠤᠭ ᠲᠤ ᠪᠠᠨ ᠪᠤᠴᠠᠭᠰᠠᠨ ᠤ | ᠳᠠᠷᠠᠭ᠎ᠠ ᠳᠤᠲᠠᠭᠤ ᠠᠶᠢᠯ ᠲᠣᠭᠤᠷᠢᠨ᠂ ᠬᠠᠮᠳᠦ ᠪᠠᠷ ᠢᠶᠠᠨ ᠬᠤᠭᠤᠯᠠᠯᠠᠬᠤ ᠶᠢ ᠪᠠᠭᠠᠰᠬᠠᠵᠦ᠂ ᠴᠤᠭᠯᠠᠷᠠᠬᠤ ᠥᠬᠡᠶ | ᠪᠠᠶᠢᠵᠤ᠂ ᠬᠠᠯᠠᠭᠤᠷᠠᠬᠤ᠂ ᠬᠠᠨᠢᠶᠠᠬᠤ᠂ ᠴᠡᠭᠡᠵᠢ ᠪᠡᠭᠳᠡᠷᠡᠬᠦ ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ ᠴᠠᠭ | ᠲᠤᠬᠠᠶ ᠳᠤ ᠨᠢ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠳᠤ ᠪᠠᠨ ᠮᠡᠳᠡᠭᠦᠯᠵᠦ ᠳᠠᠩᠰᠠᠯᠠᠭᠤᠯᠬᠤ ᠶᠢᠨ ᠬᠠᠮᠲᠤ᠂ | ᠬᠤᠪᠢ ᠬᠥᠮᠦᠨ ᠤ ᠰᠡᠷᠭᠡᠶᠢᠯᠡᠯᠲᠡ ᠬᠠᠮᠠᠭᠠᠯᠠᠯᠲᠠ ᠪᠠᠨ ᠰᠠᠶᠢᠳᠤᠷ ᠬᠢᠵᠦ᠂ ᠣᠶᠢᠷ᠎ᠠ ᠬᠠᠪᠢ ᠶᠢᠨ ᠬᠠᠯᠠᠭᠤᠷᠠᠬᠤ | ᠡᠭᠦᠳᠡᠨ ᠡᠮᠨᠡᠯᠭᠡ ᠳᠤ ᠬᠦᠷᠴᠦ ᠡᠮᠨᠡᠭᠦᠯᠬᠦ ᠬᠡᠷᠡᠭᠲᠡᠶ᠃ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠨᠢ | ᠬᠢᠵᠢᠭ ᠤᠨ ᠪᠠᠶᠢᠳᠠᠯ ᠤᠨ ᠳᠤᠮᠳᠠ ᠥᠨᠳᠥᠷ ᠲᠦᠭᠰᠢᠭᠦᠷᠢᠲᠡᠶ ᠭᠠᠵᠠᠷ ᠣᠷᠣᠨ ᠠᠴᠠ ᠢᠷᠡᠭᠰᠡᠨ ᠬᠥᠮᠦᠰ᠂ ᠬᠢᠯᠢ ᠶᠢᠨ | ᠭᠠᠳᠠᠨ᠎ᠠ ᠠᠴᠠ ᠣᠷᠣᠵᠤ ᠢᠷᠡᠭᠰᠡᠨ ᠬᠥᠮᠦᠰ᠂ ᠭᠠᠳᠠᠭᠠᠳᠤ ᠠᠴᠠ ᠣᠷᠣᠭᠤᠯᠬᠤ ᠬᠦᠢᠳᠡᠨ ᠬᠦᠯᠳᠡᠭᠦᠦ ᠪᠠᠷᠠᠭᠠᠨ ᠤ | ᠠᠵᠢᠯ ᠡᠷᠭᠢᠯᠡᠭᠰᠡᠳ᠂ ᠲᠤᠰᠠᠭᠠᠷᠯᠠᠬᠤ ᠲᠠᠯᠠᠪᠤᠷ ᠭᠠᠵᠠᠷ ᠤᠨ ᠦᠢᠯᠡᠴᠢᠯᠡᠭᠡᠨ ᠤ ᠬᠥᠮᠦᠰ ᠵᠡᠷᠭᠡ ᠲᠦᠭᠰᠢᠭᠦᠷᠢ ᠶᠡᠬᠡᠲᠡᠶ | ᠬᠥᠮᠦᠰ ᠢ ᠳᠡᠭᠡᠳᠦ ᠬᠡᠮᠵᠢᠶ᠎ᠡ ᠪᠠᠷ ᠠᠩᠬᠠᠷᠴᠤ᠂ ᠣᠷᠣᠵᠤ ᠭᠠᠷᠬᠤ ᠶᠢ ᠬᠠᠮᠢᠶᠠᠷᠬᠤ᠂ ᠮᠡᠳᠡᠭᠡ ᠵᠠᠩᠭᠢ ᠶᠢ ᠲᠡᠮᠳᠡᠭᠯᠡᠬᠦ | ᠪᠠ ᠡᠳᠦᠷ ᠲᠤᠲᠤᠮ ᠤᠨ ᠡᠷᠡᠭᠦᠯ ᠮᠡᠨᠳᠦ ᠶᠢ ᠬᠢᠨᠠᠨ ᠰᠢᠨᠵᠢᠬᠦ ᠠᠵᠢᠯ ᠢ ᠰᠠᠶᠢᠲᠤᠷ ᠬᠢᠬᠦ ᠬᠡᠷᠡᠭᠲᠡᠶ᠃ | ᠨᠤᠲᠤᠭ ᠲᠤ ᠪᠠᠨ ᠪᠤᠴᠠᠭᠰᠠᠨ᠂ ᠤᠯᠠᠭᠠᠨᠬᠠᠳᠠ ᠳᠤ ᠢᠷᠡᠭᠰᠡᠨ ᠪᠤᠢ ᠪᠦᠬᠦᠢ ᠬᠥᠮᠦᠰ ᠡᠷᠬᠡᠪᠰᠢ ᠳᠠᠷᠤᠢ ᠲᠦᠷᠭᠡᠨ | ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠳᠤ ᠪᠠᠨ ᠰᠠᠨᠠᠭᠠᠴᠢᠯᠠᠭ᠎ᠠ ᠠᠴᠠ ᠪᠠᠨ ᠮᠡᠳᠡᠭᠦᠯᠬᠦ ᠶᠢᠨ ᠬᠠᠮᠲᠤ ︽ | ᠬᠠᠷᠢᠶ᠎ᠠ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ︾ ᠱᠠᠭᠠᠷᠳᠠᠯᠭ᠎ᠠ ᠶᠣᠰᠣᠭᠠᠷ | ᠤᠬᠠᠮᠰᠠᠷ ᠠᠴᠠ ᠪᠠᠨ ᠬᠠᠮᠢᠶᠠᠷᠤᠯᠲᠠ ᠶᠢ ᠬᠦᠯᠢᠶᠡᠬᠦ ᠬᠡᠷᠡᠭᠲᠡᠢ᠃ ᠤᠯᠤᠰ ᠢᠶᠠᠨ ᠬᠠᠶᠢᠷᠠᠯᠠᠬᠤ ᠡᠷᠡᠭᠦᠯ ᠬᠠᠮᠠᠭᠠᠯᠠᠯ ᠤᠨ | ᠬᠥᠳᠡᠯᠭᠡᠭᠡᠨ ᠢ ᠶᠡᠭᠡ ᠪᠠᠷ ᠥᠷᠨᠢᠭᠦᠯᠵᠦ᠂ ᠣᠯᠠᠨ ᠲᠦᠮᠡᠨ ᠢ ᠵᠣᠬᠢᠶᠠᠨ ᠪᠠᠶᠢᠭᠤᠯᠤᠨ ᠬᠥᠲᠥᠯᠥᠨ ᠵᠢᠯᠣᠭᠤᠳᠴᠤ | ᠪᠠᠶᠢᠭᠠᠳ ᠣᠷᠴᠢᠨ ᠲᠣᠭᠤᠷᠢᠨ ᠢ ᠶᠡᠭᠡ ᠪᠠᠷ ᠱᠦᠭᠦᠷᠳᠡᠨ ᠴᠡᠪᠡᠷᠯᠡᠵᠦ᠂ ᠶᠡᠭᠡ ᠪᠠᠷ ᠠᠷᠢᠭᠤᠳᠬᠠᠬᠤ ᠬᠡᠷᠡᠭᠲᠡᠶ᠃ | ᠠᠷᠪᠠ᠂ ᠶᠠᠪᠤᠵᠤ ᠰᠠᠭᠤᠬᠤ ᠪᠠ ᠬᠡᠷᠡᠭᠯᠡᠭᠡ ᠪᠠᠨ ᠵᠦᠢ ᠵᠣᠬᠢᠰᠲᠠᠢ ᠲᠤᠬᠢᠷᠠᠭᠤᠯᠬᠤ ᠬᠡᠷᠡᠭᠳᠠᠢ᠃ ︽ᠬᠤᠳᠠ ᠠᠴᠠ | ᠭᠠᠷᠬᠤ ᠴᠢᠬᠤᠯᠠ ᠦᠭᠡᠶ ᠪᠤᠯ ᠭᠠᠷᠬᠤ ᠦᠭᠡᠢ︾ ᠵᠠᠷᠴᠢᠮ ᠶᠣᠰᠣᠭᠠᠷ᠂ ᠡᠯ᠎ᠡ ᠱᠠᠲᠤᠨ ᠤ ᠨᠠᠮ ᠵᠠᠰᠠᠭ ᠤᠨ | ᠪᠠᠶᠢᠭᠤᠯᠭ᠎ᠠ ᠪᠣᠯᠤᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠲᠡᠷᠢᠭᠦᠯᠡᠨ | ᠤᠯᠠᠭᠠᠨᠬᠠᠳᠠ ᠳᠤ ᠪᠠᠨ ᠪᠠᠶᠠᠷ ᠤᠨ ᠡᠳᠦᠷ ᠢᠶᠠᠨ ᠦᠩᠭᠡᠷᠡᠭᠡᠵᠦ᠂ ᠦᠨᠠᠨ ᠬᠦ ᠲᠤᠰ ᠬᠤᠲᠠ ᠠᠴᠠ ᠪᠠᠨ ᠭᠠᠷᠬᠤ | ᠴᠢᠬᠤᠯᠠ ᠲᠠᠢ ᠪᠤᠯ ᠲᠤᠰ ᠪᠠᠶᠢᠭᠤᠯᠭ᠎ᠠ ᠨᠢᠭᠡᠴᠢ ᠳᠤ ᠪᠠᠨ ᠮᠡᠳᠡᠭᠦᠯᠦᠨ ᠳᠠᠩᠰᠠᠯᠠᠭᠤᠯᠬᠤ ᠬᠡᠷᠡᠭᠲᠡᠶ᠃ ᠬᠤᠲᠠ ᠶᠢᠨ | ᠠᠷᠠᠳ ᠤᠨ ᠴᠢᠬᠤᠯᠠ ᠪᠤᠰᠤ ᠶᠠᠪᠤᠵᠤ ᠰᠠᠭᠤᠬᠤ ᠪᠠᠨ ᠪᠠᠭᠠᠰᠬᠠᠬᠤ ᠶᠢ ᠰᠠᠨᠠᠭᠠᠴᠢᠯᠠᠵᠤ᠂ ᠬᠢᠯᠢ ᠶᠢᠨ ᠭᠠᠳᠠᠨ᠎ᠠ ᠵᠢᠴᠢ | ᠤᠯᠤᠰ ᠤᠨ ᠬᠥᠳᠡᠯᠦᠩᠭᠦᠶ ᠲᠣᠬᠢᠷᠠᠭᠤᠯᠤᠯᠲᠠ ᠳᠤᠮᠳᠠ᠂ ᠲᠦᠭᠰᠢᠭᠦᠷᠢ ᠶᠡᠭᠡ ᠲᠠᠢ ᠭᠠᠵᠠᠷ ᠣᠷᠣᠨ ᠳᠤ ᠣᠴᠢᠬᠤ | ᠴᠢᠬᠤᠯᠠᠲᠠᠶ ᠪᠠᠶᠢᠪᠠᠯ᠂ ᠤᠯᠠᠭᠠᠨᠬᠠᠳᠠ ᠠᠴᠠ ᠭᠠᠷᠬᠤ ᠠᠴᠠ ᠡᠮᠦᠨ᠎ᠡ ᠪᠠᠶᠢᠭ᠎ᠠ ᠭᠠᠴᠠᠭ᠎ᠠ ᠲᠣᠰᠬᠤᠨ ︵ᠨᠡᠶᠢᠭᠡᠮ | ᠲᠣᠭᠤᠷᠢᠭ︶ ᠳᠤ ᠪᠦᠷᠢᠳᠬᠡᠨ ᠳᠠᠩᠰᠠᠯᠠᠭᠤᠯᠵᠤ᠂ ᠬᠤᠪᠢ ᠬᠥᠮᠦᠨ ᠤ ᠰᠡᠷᠭᠡᠶᠢᠯᠡᠯᠲᠡ ᠬᠠᠮᠠᠭᠠᠯᠠᠯᠲᠠ ᠪᠠᠨ ᠪᠥᠬᠦ | ᠶᠠᠪᠤᠴᠠ ᠳᠤ ᠰᠠᠶᠢᠲᠤᠷ ᠬᠢᠵᠦ᠂ ᠤᠯᠠᠭᠠᠨᠬᠠᠳᠠ ᠳᠤ ᠪᠤᠴᠠᠭᠰᠠᠨ ᠤ ᠳᠠᠷᠠᠭ᠎ᠠ ᠲᠡᠷᠡ ᠳᠠᠷᠤᠶ ᠳᠤ ᠨᠢ | ᠰᠠᠨᠠᠭᠠᠴᠢᠯᠠᠭ᠎ᠠ ᠠᠴᠠ ᠪᠠᠨ ᠮᠡᠳᠡᠭᠦᠯᠬᠦ ᠶᠢᠨ ᠬᠠᠮᠲᠤ᠂ ᠬᠠᠷᠢᠶ᠎ᠠ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠱᠠᠭᠠᠷᠳᠠᠯᠭ᠎ᠠ ᠶᠣᠰᠣᠭᠠᠷ ᠤᠬᠠᠮᠰᠠᠷ ᠠᠴᠠ ᠪᠠᠨ ᠬᠠᠮᠢᠶᠠᠷᠤᠯᠲᠠ ᠶᠢ ᠬᠦᠯᠢᠶᠡᠬᠦ ᠬᠡᠷᠡᠭᠲᠡᠶ᠃ ᠣᠯᠠᠨ | ᠲᠦᠮᠡᠨ ᠤ ᠰᠦᠯᠵᠢᠶᠡᠨ ᠳᠡᠭᠡᠷᠡᠬᠢ᠂ ᠰᠦᠯᠵᠢᠶᠡᠨ ᠭᠠᠳᠠᠨᠠᠬᠢ ᠶᠢ ᠬᠠᠷᠢᠯᠴᠠᠨ ᠤᠶᠠᠯᠳᠤᠭᠤᠯᠬᠤ ᠠᠷᠭ᠎ᠠ ᠮᠠᠶ᠋ᠢᠭ ᠢ | ᠬᠡᠷᠡᠭᠯᠡᠨ ᠪᠠᠷᠠᠭ᠎ᠠ ᠲᠠᠸᠠᠷ ᠬᠤᠳᠠᠯᠳᠤᠨ ᠠᠪᠬᠤ᠂ ᠰᠦᠯᠵᠢᠶᠡᠨ ᠭᠠᠳᠠᠨᠠᠬᠢ ᠪᠠᠷᠠᠭ᠎ᠠ ᠬᠤᠳᠠᠯᠳᠤᠨ ᠠᠪᠬᠤ ᠳᠤ | ᠬᠤᠳᠠᠯᠳᠤᠨ ᠠᠪᠤᠭᠴᠢᠳ ᠤᠨ ᠥᠪᠡᠰᠦᠪᠡᠨ ᠲᠤᠭᠠᠴᠠᠭ᠎ᠠ ᠬᠢᠬᠦ ᠶᠢ ᠲᠠᠨᠢᠯᠴᠠᠭᠤᠯᠬᠤ ᠶᠢ ᠵᠣᠷᠢᠭᠵᠢᠭᠤᠯᠬᠤ ᠬᠡᠷᠡᠭᠳᠠᠢ ︵ | ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠰᠢᠭᠤᠳ ᠬᠠᠷᠢᠶ᠎ᠠ ᠡᠯ᠎ᠡ | ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠣᠰᠣᠭᠠᠷ | ᠬᠠᠷᠢᠭᠤᠴᠠᠬᠤ ᠬᠡᠷᠡᠭᠳᠠᠢ︶᠃ ᠠᠷᠪᠠᠨ ᠨᠢᠭᠡ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠤᠬᠠᠭᠤᠯᠭ᠎ᠠ ᠶᠢᠨ | ᠡᠷᠴᠢᠮ ᠢᠶᠠᠨ ᠴᠢᠩᠭᠠᠷᠠᠭᠤᠯᠬᠤ ᠬᠡᠷᠡᠭᠲᠡᠶ᠃ ᠬᠤᠲᠠ ᠬᠤᠰᠢᠭᠤ ᠬᠤᠶᠠᠷ ᠱᠠᠲᠤᠨ ᠤ ᠤᠬᠠᠭᠤᠯᠭ᠎ᠠ ᠶᠢᠨ ᠰᠠᠯᠠᠭ᠎ᠠ | ᠮᠥᠴᠢᠷ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠤᠬᠠᠭᠤᠯᠭ᠎ᠠ ᠶᠢᠨ ᠲᠤᠰᠬᠠᠶ ᠠᠩᠭᠢ ᠪᠠᠶᠢᠭᠤᠯᠵᠤ᠂ | ᠤᠬᠠᠭᠤᠯᠭ᠎ᠠ ᠶᠢᠨ ᠪᠢᠴᠢᠭ ᠮᠠᠲ᠋ᠧᠷᠢᠶᠠᠯ ᠢ ᠴᠠᠭ ᠲᠤᠬᠠᠶ ᠳᠤ ᠨᠢ ᠨᠢᠮᠪᠠᠶ ᠲᠥᠰᠦᠪᠯᠡᠬᠦ ᠬᠡᠷᠡᠭᠲᠡᠶ᠃ ᠷᠠᠳᠢᠣ᠋ ᠲᠧᠯᠸᠢᠰ᠂ | ᠰᠣᠨᠢᠨ ᠵᠡᠷᠭᠡ ᠤᠯᠠᠮᠵᠢᠯᠠᠯᠲᠤ ᠵᠠᠭᠤᠴᠢᠯᠠᠭᠤᠷ ᠪᠣᠯᠤᠨ ᠸᠢᠴᠠᠲ᠂ ᠪᠢᠴᠢᠯ ᠪᠦᠷᠭᠡ᠂ ᠴᠤᠤᠷᠢᠶ᠎ᠠ ᠵᠡᠷᠭᠡ ᠰᠢᠨ᠎ᠡ | ᠵᠠᠭᠤᠴᠢᠯᠠᠭᠤᠷ ᠢ ᠭᠦᠢᠴᠡᠳ ᠠᠰᠢᠭᠯᠠᠵᠤ᠂ ᠤᠯᠠᠨ ᠲᠦᠮᠡᠨ ᠤ ᠬᠦᠯᠢᠶᠠᠨ ᠠᠪᠬᠤ ᠳᠤ ᠳᠦᠬᠦᠮ ᠠᠷᠭ᠎ᠠ ᠬᠡᠯᠪᠡᠷᠢ ᠪᠠᠷ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠤᠬᠠᠭᠤᠯᠭ᠎ᠠ ᠬᠥᠮᠦᠵᠢᠯ ᠢ ᠦᠷᠭᠦᠯᠵᠢᠯᠡᠨ ᠴᠢᠩᠭᠠᠳᠬᠠᠵᠤ᠂ ᠤᠯᠠᠨ | ᠨᠡᠶᠢᠲᠡ ᠶᠢᠨ ᠰᠢᠨᠵᠢᠯᠡᠬᠦ ᠤᠬᠠᠭᠠᠨᠴᠢ ᠪᠠᠷ ᠠᠮᠠᠪᠴᠢ ᠵᠡᠭᠦᠬᠦ᠂ ᠦᠷᠭᠦᠯᠵᠢ ᠭᠠᠷ ᠢᠶᠠᠨ ᠤᠬᠢᠶᠠᠬᠤ᠂ ᠦᠷᠭᠦᠯᠵᠢ | ᠰᠠᠯᠬᠢ ᠨᠡᠪᠲᠡᠷᠡᠬᠦᠯᠬᠦ᠂ ᠴᠦᠬᠡᠨ ᠴᠤᠭᠯᠠᠷᠠᠬᠤ ᠶᠢ ᠬᠦᠳᠦᠯᠦᠨ ᠵᠢᠯᠣᠭᠤᠳᠴᠤ᠂ ᠨᠡᠶᠢᠭᠡᠮ ᠤᠨ ᠬᠠᠷᠢᠯᠴᠠᠭᠠᠨ ᠤ | ᠵᠠᠢ ᠶᠢ ᠪᠠᠲᠤᠯᠠᠬᠤ ᠬᠡᠷᠡᠭᠲᠡᠢ᠃ ᠡᠯ᠎ᠡ ᠪᠠᠶᠢᠭᠤᠯᠭ᠎ᠠ ᠨᠢᠭᠡᠴᠢ ᠶᠢᠨ ᠬᠢᠨ ᠣᠳᠣᠬᠠᠨ ᠤ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠵᠦ ᠪᠠᠶᠢᠭ᠎ᠠ ᠪᠠᠶᠢᠳᠠᠯ᠂ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠵᠡᠷᠭᠡ ᠠᠭᠤᠯᠭ᠎ᠠ ᠳᠤ | ᠪᠠᠶᠢᠩᠭᠤ ᠶᠢᠨ ᠴᠢᠨᠠᠷ ᠲᠠᠢ ᠤᠬᠠᠭᠤᠯᠭ᠎ᠠ ᠬᠥᠮᠦᠵᠢᠯ ᠬᠢᠬᠦ ᠬᠡᠷᠡᠭᠲᠡᠢ ︵ᠡᠯ᠎ᠡ ᠬᠤᠰᠢᠭᠤ ᠰᠢᠶᠠᠨ ᠲᠣᠭᠤᠷᠢᠭ ᠤᠨ | ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ᠂ ᠬᠤᠲᠠ ᠶᠢᠨ | ᠰᠢᠭᠤᠳ ᠬᠠᠷᠢᠶ᠎ᠠ ᠡᠯ᠎ᠡ ᠵᠥᠪᠯᠡᠯ ᠠᠯᠪᠠᠨ ᠭᠡᠷ ᠲᠣᠪᠴᠢᠶ᠎ᠠ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ | ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠬᠤ ᠬᠡᠷᠡᠭᠳᠡᠢ︶᠃ ᠠᠷᠪᠠᠨ ᠬᠤᠶᠠᠷ᠂ | ᠵᠢᠯᠣᠭᠤᠳᠬᠤ ᠭᠠᠵᠠᠷ ᠤᠨ ᠥᠨᠳᠥᠷ ᠪᠦᠲᠦᠮᠵᠢ ᠲᠠᠢ ᠠᠵᠢᠯᠯᠠᠬᠤ ᠶᠢ ᠪᠠᠲᠤᠯᠠᠬᠤ ᠬᠡᠷᠡᠭᠳᠡᠢ᠃ ᠥᠨᠳᠥᠷ | ᠪᠦᠲᠦᠮᠵᠢ ᠲᠠᠢ ᠵᠢᠯᠣᠭᠤᠳᠬᠤ ᠠᠵᠢᠯᠯᠠᠭᠠᠨ ᠤ ᠰᠢᠰᠲ᠋ᠧᠮ ᠢ ᠦᠷᠭᠦᠯᠵᠢᠯᠡᠨ ᠴᠢᠩᠭᠠᠳᠬᠠᠵᠤ᠂ ᠵᠢᠯᠣᠭᠤᠳᠤᠨ | ᠲᠣᠬᠢᠷᠠᠭᠤᠯᠬᠤ᠂ ᠮᠡᠳᠡᠭᠡ ᠵᠠᠩᠭᠢ ᠨᠡᠪᠲᠡᠷᠡᠯᠴᠡᠬᠦ᠂ ᠳᠡᠭᠡᠭᠰᠢ ᠳᠠᠮᠵᠢᠭᠤᠯᠵᠤ ᠳᠣᠷᠣᠭᠰᠢ ᠪᠠᠭᠤᠯᠭᠠᠬᠤ᠂ ᠵᠢᠵᠢᠭᠦᠷᠯᠡᠨ | ᠰᠠᠬᠢᠬᠤ ᠵᠡᠷᠭᠡ ᠠᠵᠢᠯ ᠢ ᠰᠠᠶᠢᠲᠤᠷ ᠬᠢᠵᠦ᠂ ᠬᠢᠵᠢᠭ ᠤᠨ ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠪᠠᠷ ᠵᠠᠳᠠᠯᠵᠤ | ᠰᠤᠳᠤᠯᠤᠨ ᠮᠠᠭᠠᠳᠯᠠᠵᠤ᠂ ᠰᠡᠷᠭᠡᠶᠢᠯᠡᠨ ᠡᠵᠡᠮᠳᠡᠬᠦ ᠠᠷᠭ᠎ᠠ ᠪᠣᠳᠣᠯᠭ᠎ᠠ ᠳᠤ ᠴᠠᠭ ᠲᠤᠬᠠᠶ ᠳᠤ ᠨᠢ ᠲᠣᠬᠢᠷᠠᠭᠤᠯᠤᠯᠲᠠ | ᠬᠢᠵᠦ᠂ ᠵᠠᠩᠬᠢᠯᠠᠭ᠎ᠠ ᠶᠢᠨ ᠦᠢᠯᠡᠳᠦᠯ ᠢ ᠭᠦᠢᠴᠡᠳ ᠪᠠᠳᠠᠷᠠᠭᠤᠯᠬᠤ ᠬᠡᠷᠡᠭᠳᠡᠢ᠃ ᠪᠥᠭᠡᠮ ᠬᠦᠴᠢᠯ ᠤᠨ ᠪᠠᠶᠢᠴᠠᠭᠠᠨ | ᠬᠡᠮᠵᠢᠯᠲᠡ ᠶᠢᠨ ︽ᠪᠠᠶᠢᠴᠠᠭᠠᠬᠤ ᠶᠣᠰᠣᠲᠠᠶ ᠶᠢ ᠨᠢ ᠪᠦᠬᠦᠨ ᠢ ᠪᠠᠶᠢᠴᠠᠭᠠᠬᠤ︾ ᠭᠠᠷᠠᠭ ᠤᠨ ᠮᠡᠳᠡᠭᠦᠯᠦᠯᠲᠡ᠂ ᠳᠤᠮᠳᠠ | ᠥᠨᠳᠥᠷ ᠲᠠᠰ ᠤᠨ ᠲᠦᠭᠰᠢᠭᠦᠷᠢ ᠲᠠᠢ ᠭᠠᠵᠠᠷ ᠣᠷᠣᠨ ᠠᠴᠠ ᠪᠤᠴᠠᠵᠤ ᠢᠷᠡᠭᠰᠡᠨ ᠬᠥᠮᠦᠰ ᠤᠨ ᠡᠳᠦᠷ ᠤᠨ | ᠮᠡᠳᠡᠭᠦᠯᠦᠯᠲᠡ ᠵᠡᠷᠭᠡ ᠲᠦᠷᠢᠮ ᠢ ᠴᠢᠩᠭ᠎ᠠ ᠨᠠᠶᠢᠳᠠᠪᠤᠷᠢᠵᠢᠭᠤᠯᠬᠤ ᠬᠡᠷᠡᠭᠳᠡᠢ᠃ ᠬᠢᠵᠢᠭ ᠤᠨ ᠪᠠᠶᠢᠳᠠᠯ ᠢ ᠬᠢᠨᠠᠨ | ᠬᠡᠮᠵᠢᠵᠦ ᠤᠷᠢᠳᠴᠢᠯᠠᠨ ᠰᠡᠷᠡᠮᠵᠢᠯᠡᠬᠦ᠂ ᠪᠠᠴᠢᠮ ᠪᠠᠶᠢᠳᠠᠯ ᠢ ᠠᠷᠭᠠᠴᠠᠭᠠᠬᠤ ᠡᠳ᠋ ᠪᠣᠳᠠᠰ ᠪᠣᠯᠤᠨ ᠪᠠᠴᠢᠮ ᠪᠠᠶᠢᠳᠠᠯ ᠢ | ᠠᠷᠭᠠᠴᠠᠭᠠᠨ ᠰᠢᠢᠳᠪᠦᠷᠢᠯᠡᠬᠦ ᠪᠡᠯᠡᠳᠬᠡᠯ ᠠᠵᠢᠯ ᠢ ᠰᠠᠶᠢᠲᠤᠷ ᠬᠢᠵᠦ᠂ ᠭᠡᠨᠡᠳᠲᠡ ᠡᠭᠦᠰᠦᠭᠰᠡᠨ ᠬᠢᠵᠢᠭ ᠤᠨ ᠪᠠᠶᠢᠳᠠᠯ | ᠲᠣᠬᠢᠶᠠᠯᠳᠤᠪᠠᠯ ᠲᠡᠷᠡ ᠳᠠᠷᠤᠶ ᠳᠤ ᠨᠢ ᠪᠡᠯᠡᠳᠬᠡᠯ ᠲᠥᠰᠦᠯ ᠢ ᠡᠬᠢᠯᠡᠭᠦᠯᠵᠦ᠂ ᠡᠯ᠎ᠡ ᠵᠦᠢᠯ ᠤᠨ ᠠᠷᠭᠠᠴᠠᠭᠠᠨ | ᠰᠢᠢᠳᠪᠦᠷᠢᠯᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ᠂ ᠬᠢᠵᠢᠭ ᠤᠨ ᠪᠠᠶᠢᠳᠠᠯ ᠤᠨ ᠳᠠᠷᠬᠠᠨ ᠳᠡᠯᠭᠡᠷᠡᠬᠦ ᠠᠶᠤᠯ | ᠲᠦᠭᠰᠢᠭᠦᠷᠢ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠤᠷᠠᠭᠤᠯᠵᠤ᠂ ᠪᠥᠬᠦ ᠬᠤᠲᠠ ᠶᠢᠨ ᠠᠷᠠᠳ ᠲᠦᠮᠡᠨ ᠤ ᠠᠮᠢ | ᠨᠠᠰᠤᠨ ᠤ ᠠᠮᠤᠷ ᠲᠦᠪᠰᠢᠨ ᠢ ᠦᠨᠡᠨ ᠬᠦ ᠬᠠᠮᠠᠭᠠᠯᠠᠬᠤ ᠬᠡᠷᠡᠭᠲᠡᠶ ︵ᠡᠯ᠎ᠡ ᠬᠤᠰᠢᠭᠤ ᠰᠢᠶᠠᠨ ᠲᠣᠭᠤᠷᠢᠭ ᠤᠨ | ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠰᠢᠭᠤᠳ ᠬᠠᠷᠢᠶ᠎ᠠ ᠡᠯ᠎ᠡ ᠵᠥᠪᠯᠡᠯ ᠠᠯᠪᠠᠨ ᠬᠡᠷ ᠲᠣᠪᠴᠢᠶ᠎ᠠ | ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠬᠤ ᠬᠡᠷᠡᠭᠳᠡᠢ︶᠃ ᠤᠯᠠᠭᠠᠨᠬᠠᠳᠠ | ᠬᠤᠳᠠ ᠶᠢᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ | ᠠᠵᠢᠯ ᠤᠨ ᠵᠢᠯᠤᠭᠤᠳᠬᠤ ᠭᠠᠵᠠᠷ 2021 ᠤᠨ ᠤ 1 ᠰᠠᠷ᠎ᠠ ᠶᠢᠨ 7 ᠤ ᠡᠳᠦᠷ | ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ | ᠣᠷᠴᠢᠭᠤᠯᠭ᠎ᠠ ᠶᠢᠨ ᠰᠠᠯᠠᠭ |