ᠪᠤᠰᠤᠭ᠎ᠠ ᠮᠤᠩᠭᠤᠯ
ᠨᠡᠶᠢᠲᠡᠯᠡᠭᠰᠡᠨ ᠴᠠᠭ᠄
2021/1/19
ᠪᠠ᠊ · ᠤᠳᠽᠠᠷ ᠨᠡᠷ᠎ᠠ ᠪᠠᠷ ᠢᠶᠠᠨ ᠪᠢᠳᠡ ᠪᠤᠰᠤᠭ᠎ᠠ ᠡᠷ᠎ᠠ ᠪᠠᠷ ᠢᠶᠠᠨ ᠪᠢᠳᠡ ᠪᠤᠰᠤᠭ᠎ᠠ ᠨᠠᠷᠠ ᠨᠢ ᠲᠡᠭᠷᠢ ᠳᠤ ᠪᠤᠰᠤᠭ᠎ᠠ ᠨᠠᠮᠳᠠᠷ ᠨᠢ ᠲᠡᠥᠭᠡᠨ ᠳᠤ ᠪᠤᠰᠤᠭ᠎ᠠ ᠮᠤᠷᠢᠨ ᠳᠠᠭᠠᠨ ᠮᠤᠷᠳᠠᠬᠤ ᠳᠤ ᠢᠰᠬᠦᠯᠬᠦ ᠲᠦᠷᠦᠭᠡ ᠨᠢ ᠪᠤᠰᠤᠭ᠎ᠠ ᠮᠤᠩᠭᠤᠯ ᠢᠶᠠᠷ ᠢᠶᠠᠨ ᠶᠠᠷᠢᠯᠴᠠᠬᠤ ᠳᠤ ᠡᠭᠡᠰᠢᠭ ᠦᠰᠦᠭ ᠨᠢ ᠪᠤᠰᠤᠭ᠎ᠠ ᠮᠤᠩᠭᠤᠯ ᠤᠨ ᠰᠦᠯᠳᠡ ᠪᠠᠨ ᠬᠠᠷᠠᠬᠤ ᠳᠤ ᠬᠡᠶᠢᠮᠤᠷᠢ ᠨᠢ ᠪᠤᠰᠤᠭ᠎ᠠ ᠬᠦᠮᠦᠨ ᠲᠠᠢ ᠤᠴᠠᠷᠠᠵᠤ ᠮᠡᠨᠳᠦᠯᠴᠡᠬᠦ ᠳᠤ ᠬᠦᠨᠳᠦ ᠶᠤᠰᠤ ᠨᠢ ᠪᠤᠰᠤᠭ᠎ᠠ︕ ᠴᠠᠭᠠᠰᠤᠨ ᠲᠡᠭᠡᠷ᠎ᠠ ᠪᠢᠴᠢᠳᠡᠭ ᠦᠰᠦᠭ ᠨᠢ ᠪᠤᠰᠤᠭ᠎ᠠ ᠴᠠᠭ ᠴᠠᠭ ᠤᠨ ᠰᠤᠯᠢᠬᠳᠠᠯ ᠳᠤ ᠰᠦᠰᠦᠭ ᠨᠢ ᠪᠤᠰᠤᠭ᠎ᠠ ᠬᠤᠷᠳᠤᠨ ᠬᠦᠯᠦᠭ ᠤᠨ ᠬᠢᠨᠢ ᠲᠠᠪᠬᠢᠬᠤ ᠲᠤᠭᠤᠰᠤ ᠨᠢ ᠪᠤᠰᠤᠭ᠎ᠠ ᠬᠤᠷᠤᠮᠰᠠᠭ᠎ᠠ ᠰᠠᠭᠠᠳᠠᠭ ᠤᠨ ᠬᠢᠨᠢ ᠰᠤᠮᠤ ᠨᠢ ᠪᠤᠰᠤᠭ᠎ᠠ ᠲᠤᠯᠵᠤ ᠮᠤᠷᠳᠠᠬᠤ ᠳᠤ ᠤᠷᠭ᠎ᠠ ᠨᠢ ᠪᠤᠰᠤᠭ᠎ᠠ ᠲᠤᠯᠭ᠎ᠠ ᠶᠢᠨ ᠭᠠᠯ ᠤᠨ ᠬᠢᠨᠢ ᠰᠤᠷ ᠨᠢ ᠪᠤᠰᠤᠭ᠎ᠠ ᠲᠤᠭᠤᠷᠭᠠᠳᠤ ᠭᠡᠷ ᠤᠨ ᠬᠢᠨᠢ ᠤᠨᠢ ᠨᠢ ᠪᠤᠰᠤᠭ᠎ᠠ ᠲᠤᠭᠤᠨᠤ ᠪᠠᠷ ᠰᠤᠪᠤᠷᠠᠬᠤ ᠤᠳᠤᠭ᠎ᠠ ᠨᠢ ᠪᠤᠰᠤᠭ᠎ᠠ ᠲᠠᠯᠠᠩᠳᠦ ᠮᠠᠯ ᠤᠨ ᠬᠢᠨᠢ ᠬᠦᠬᠦ ᠨᠢ ᠪᠤᠰᠤᠭ᠎ᠠ ᠤᠷᠢᠳᠤ ᠶᠢᠨ ᠲᠠᠭᠤᠤ ᠶᠢᠨ ᠬᠢᠨᠢ ᠴᠤᠤᠷᠢᠶ᠎ᠠ ᠨᠢ ᠪᠤᠰᠤᠭ᠎ᠠ︕ ᠮᠤᠩᠭᠤᠯ ᠭᠡᠷ ᠤᠨ ᠡᠮᠦᠨᠡᠬᠢ ᠰᠦᠯᠳᠡ ᠨᠢ ᠪᠤᠰᠤᠭ᠎ᠠ ᠦᠯᠢᠭᠡᠷ ᠲᠤᠤᠯᠢ ᠶᠢᠨ ᠲᠤᠮᠤᠭ ᠨᠢ ᠪᠤᠰᠤᠭ᠎ᠠ ᠬᠦᠭᠡᠷᠦᠬᠦᠯᠦᠭᠡᠳ ᠰᠠᠮᠤᠷᠠᠬᠤ ᠰᠦ ᠨᠢ ᠪᠤᠰᠤᠭ᠎ᠠ ᠲᠡᠯᠡᠭᠡᠢ ᠳᠤ ᠨᠡᠷ᠎ᠠ ᠲᠠᠢ ᠪᠦᠭᠡ ᠨᠢ ᠪᠤᠰᠤᠭ᠎ᠠ ᠬᠦᠳᠡᠭᠡ ᠲᠠᠯ᠎ᠠ ᠳᠤ ᠬᠦᠭᠡ ᠡᠪᠡᠰᠦ ᠨᠢ ᠪᠤᠰᠤᠭ᠎ᠠ ᠬᠦᠭᠡ ᠤᠬᠳᠠᠷᠭᠤᠢ ᠳᠤ ᠨᠠᠮᠢᠷᠠᠬᠤ ᠬᠦᠭᠡ ᠲᠤᠭ ᠨᠢ ᠪᠤᠰᠤᠭ᠎ᠠ ᠮᠢᠨᠦ ᠮᠤᠩᠭᠤᠯ ᠤᠨ ᠶᠠᠭᠤ ᠪᠦᠬᠦᠨ ᠨᠢ ᠪᠤᠰᠤᠭ᠎ᠠ ᠮᠢᠩᠭ᠎ᠠ ᠲᠦᠮᠡᠨ ᠵᠠᠭᠤᠨ ᠢᠶᠠᠷ ᠮᠦᠡᠭᠭᠡᠷᠡᠵᠦ ᠶᠠᠪᠤᠬᠤ ᠪᠤᠰᠤᠭ᠎ᠠ ᠦᠨᠳᠦᠰᠦᠳᠡᠨ ᠶᠤᠮ ᠡ︕         ᠲᠦᠡᠭᠯᠢᠶᠤᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ          ᠶᠢᠨ ᠮᠤᠩᠭᠤᠯ ᠬᠡᠯᠡᠨ ᠤ ᠵᠢᠭᠠᠨ ᠰᠤᠳᠤᠯᠬᠤ ᠲᠤᠭᠤᠢᠢᠯᠠᠩ         姓名:敖斯尔
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号