ᠰᠦᠨᠢᠵᠢᠨ ᠪᠢ ᠬᠡᠬᠡᠷ᠎ᠡ ᠶᠢᠨ ᠰᠠᠷᠠ ᠲᠠᠢ ᠵᠤᠭᠤᠭᠳᠠᠵᠤ ᠰᠠᠭᠤᠯ᠎ᠠ
ᠨᠡᠶᠢᠲᠡᠯᠡᠭᠰᠡᠨ ᠴᠠᠭ᠄
2020-08-04
ᠪᠦᠷᠳᠡ ᠴᠢᠨ᠋ᠸ᠎ᠠ ᠭᠤᠸ᠎ᠠ ᠮᠠᠷᠠᠯ ᠲᠠᠩᠬᠢᠰ ᠶᠠᠭᠠᠬᠢᠵᠤ ᠭᠡᠲᠤᠯᠡᠭᠰᠡᠨ ᠲᠤᠬᠠᠢᠪᠡᠷᠬᠡ ᠶᠢᠨ ᠮᠠᠩᠬ᠎ᠠ᠂ ᠭᠤᠤᠯ ᠭᠤᠷᠤᠬ᠎ᠠ ᠬᠡᠷᠬᠢᠨ ᠡᠭᠦᠰᠦᠭᠰᠡᠨ ᠲᠤᠬᠠᠢᠪᠦᠷᠭᠦᠳ ᠱᠤᠩᠬᠤᠷ ᠰᠤᠳᠤᠨ ᠳᠠᠯᠠᠪᠴᠢ ᠪᠠᠨ ᠶᠠᠭᠠᠬᠢᠵᠤ ᠰᠤᠯᠢᠭᠰᠠᠨ ᠲᠤᠬᠠᠢᠪᠤᠷᠬᠠᠨ ᠬᠠᠯᠳᠠᠨ ᠤ ᠴᠠᠭᠠᠨ ᠴᠢᠯᠠᠭᠤ ᠬᠠᠮᠢᠭ᠎ᠠ ᠠᠴᠠ ᠪᠠᠭᠤᠭᠰᠠᠨ ᠲᠤᠬᠠᠢᠰᠦᠨᠢᠵᠢᠨ ᠪᠢ ᠬᠡᠬᠡᠷ᠎ᠡ ᠶᠢᠨ ᠰᠠᠷᠠ ᠲᠠᠢ ᠵᠤᠭᠤᠭᠳᠠᠵᠤ ᠰᠠᠭᠤᠯ᠎ᠠᠳᠤᠯᠠᠶᠢᠬᠤ ᠨᠠᠷᠠᠨ ᠲᠤᠶᠠᠭ᠎ᠠ ᠪᠠᠨ ᠡᠪᠭᠢᠭᠡᠳ ᠬᠠᠮᠢᠭ᠎ᠠ ᠨᠢᠭᠤᠭᠰᠠᠨ ᠲᠤᠬᠠᠢᠳᠦᠷᠡᠯᠵᠡᠭᠰᠡᠨ ᠬᠠᠶᠢᠷ᠎ᠠ ᠶᠢᠨ ᠢᠨᠠᠭ ᠤᠨ ᠭᠠᠯ ᠶᠠᠭᠠᠬᠢᠵᠤ ᠰᠢᠲᠠᠭᠰᠠᠨ ᠲᠤᠬᠠᠢᠳᠦᠷᠢᠮᠡᠬᠡᠢ ᠰᠢᠭᠤᠷᠭ᠎ᠠ ᠰᠢᠷᠦᠭᠦᠨ ᠪᠤᠷᠤᠭᠠᠨ ᠶᠠᠭᠤᠨ ᠠᠴᠠ ᠡᠭᠦᠰᠦᠭᠰᠡᠨ ᠲᠤᠬᠠᠢᠳᠡᠤᠬᠡᠨ ᠡᠪᠤᠭᠡᠳ ᠤᠨ ᠦᠨᠡᠨ ᠤ ᠤᠳᠤᠳ ᠬᠠᠮᠢᠭ᠎ᠠ ᠪᠠᠶᠢᠷᠢᠯᠠᠭᠰᠠᠨ ᠲᠤᠬᠠᠢᠰᠦᠨᠢᠵᠢᠨ ᠪᠢ ᠬᠡᠭᠡᠷ᠎ᠡ ᠶᠢᠨ ᠰᠠᠷᠠ ᠲᠠᠢ ᠵᠤᠭᠤᠭᠳᠠᠵᠤ ᠰᠠᠭᠤᠯ᠎ᠠᠴᠡᠴᠡᠭ ᠴᠡᠴᠡᠭ ᠤᠨ ᠦᠡᠭᠭᠡ ᠶᠠᠭᠠᠬᠢᠭᠠᠳ ᠤᠨᠳᠤᠤ ᠪᠠᠶᠢᠳᠠᠭ ᠤᠨ ᠲᠤᠬᠠᠢᠴᠢᠩᠭᠢᠰ ᠴᠢᠩᠭᠢᠰ ᠵᠢᠷᠬᠢᠭᠰᠡᠨ ᠰᠢᠪᠠᠭᠤᠳ ᠬᠠᠮᠢᠭᠠᠰᠢ ᠨᠢᠰᠤᠭ᠍ᠰᠡᠨ ᠲᠤᠬᠠᠢᠴᠡᠴᠡᠨ ᠪᠠᠶᠢᠭᠠᠯᠢ ᠶᠢᠨ ᠶᠡᠭᠡ ᠨᠡᠭᠦᠳᠡᠯ ᠠᠯᠢ ᠵᠦᠭ ᠲᠤ ᠰᠢᠯᠵᠢᠭᠰᠡᠨ ᠲᠤᠬᠠᠢᠴᠡᠩᠬᠡᠷ ᠬᠦᠬᠡ ᠮᠠᠨᠠᠨ ᠶᠠᠭᠠᠬᠢᠭᠠᠳ ᠠᠭᠤᠯᠠᠰ ᠢ ᠪᠦᠷᠬᠦᠳᠡᠭ ᠲᠤᠬᠠᠢᠰᠦᠨᠢᠵᠢᠨ ᠪᠢ ᠬᠡᠭᠡᠷ᠎ᠡ ᠶᠢᠨ ᠰᠠᠷᠠ ᠲᠠᠢ ᠵᠤᠭᠤᠭᠳᠠᠵᠤ ᠰᠠᠭᠤᠯ᠎ᠠᠬᠠᠳᠠ ᠴᠢᠯᠠᠭᠤᠳ ᠬᠠᠲᠠᠭᠤᠵᠢᠨ ᠪᠤᠰᠳᠠᠭ ᠡᠷᠲᠡᠨ ᠤ ᠳᠤᠮᠤᠭ ᠤᠨ ᠲᠤᠬᠠᠢᠬᠠᠮᠤᠭ ᠠᠮᠢᠲᠠᠨ ᠬᠦᠮᠦᠨ ᠵᠤᠨ ᠬᠦᠷᠦᠰᠤᠨ ᠳᠤ ᠪᠠᠨ ᠪᠤᠴᠠᠳᠠᠭ ᠤᠨ ᠲᠤᠬᠠᠢᠮᠦᠰᠦ ᠤᠰᠤ ᠠᠭᠤᠷ ᠪᠤᠯᠵᠤ ᠰᠠᠨᠰᠠᠷ ᠲᠤ ᠳᠡᠭᠳᠡᠳᠡᠭ ᠤᠨ ᠲᠤᠬᠠᠢᠮᠦᠬᠦᠯᠢᠭ ᠡᠯᠡᠰᠤᠨ ᠤ ᠬᠠᠮᠤᠭ ᠡᠴᠤᠰ ᠤᠨ ᠲᠤᠰᠤᠯ ᠨᠢᠯᠪᠤᠰᠤᠨ ᠤ ᠲᠤᠬᠠᠢᠰᠦᠨᠢᠵᠢᠨ ᠪᠢ ᠬᠡᠬᠡᠷ᠎ᠠ ᠶᠢᠨ ᠰᠠᠷᠠ ᠲᠠᠢ ᠵᠤᠭᠤᠭᠳᠠᠵᠤ ᠰᠠᠭᠤᠯ᠎ᠠ              ᠪᠤᠷᠤᠭ᠎ᠠ                                         ᠰᠠᠴᠤᠯᠢ ᠡᠷᠭᠦᠭᠰᠡᠨ ᠵᠦᠭ ᠠᠴᠠ ᠰᠠᠴᠤᠷᠠᠵᠤ ᠢᠷᠡᠭᠰᠡᠨ ᠪᠤᠷᠤᠭ᠎ᠠ ᠰᠠᠶᠢᠬᠠᠨ ᠬᠠᠨ ᠤ ᠨᠢᠷᠤᠭᠤ ᠶᠢ ᠢᠯᠪᠢᠵᠤ ᠪᠠᠭᠤᠭᠰᠠᠨ ᠪᠤᠷᠤᠭ᠎ᠠ ᠰᠠᠯᠬᠢᠨ ᠤ  ᠭᠦᠶᠦᠭᠦᠯ  ᠠᠭᠠᠰᠢ ᠶᠢ ᠰᠠᠭᠠᠲᠠᠭᠤᠯᠵᠤ ᠱᠠᠭᠠᠬᠢᠭᠰᠠᠨ ᠪᠤᠷᠤᠭ᠎ᠠ ᠰᠠᠨᠠᠭ᠎ᠠ ᠰᠡᠳᠬᠢᠯ ᠬᠤᠶᠡᠷ ᠢ ᠠᠷᠢᠭᠤᠰᠬᠠᠵᠤ ᠰᠢᠪᠡᠷᠡᠭᠰᠡᠨ ᠪᠤᠷᠤᠭ᠎ᠠ ᠰᠠ ᠮᠦᠡᠭᠭᠦᠨ ᠰᠢᠷᠬᠡᠭ ᠢᠶᠠᠷ ᠭᠢᠯᠡᠰᠴᠤ  ᠵᠦᠰᠡᠷᠡᠭᠰᠡᠨ ᠪᠤᠷᠤᠭ᠎ᠠ ᠰᠠᠷᠡᠨ ᠶᠠᠭᠠᠨ ᠳᠡᠯᠪᠢᠨ ᠳᠡᠭᠡᠷ᠎ᠡ ᠬᠠᠯᠢᠰᠴᠤ ᠪᠦᠵᠢᠭᠰᠡᠨ ᠪᠤᠷᠤᠭ᠎ᠠ ᠰᠠᠷᠠᠯ ᠮᠤᠷᠢᠨ ᠤ ᠮᠤᠨᠳᠠᠭᠠᠨ ᠳᠡᠭᠡᠷ᠎ᠡ ᠦᠨᠦᠰᠴᠤ ᠱᠠᠪᠰᠢᠭᠰᠠᠨ ᠪᠤᠷᠤᠭ᠎ᠠ ᠰᠠᠨᠰᠡᠷ ᠤᠨ ᠠᠭᠤᠳᠠᠮ ᠵᠠᠢ ᠶᠢ ᠬᠦᠭᠯᠡᠵᠤ ᠱᠤᠭᠰᠢᠭᠰᠡᠨ ᠪᠤᠷᠤᠭ᠎ᠠ ᠪᠤᠯᠵᠤᠭᠠᠳᠤ ᠶᠢᠨ ᠪᠤᠷᠤ ᠴᠢᠯᠠᠭᠤᠳ ᠢ ᠬᠠᠶᠢᠷ᠎ᠠ ᠪᠠᠷ ᠤᠶᠠᠷᠠᠭᠠᠭᠰᠠᠨ ᠪᠤᠷᠤᠭ᠎ᠠ ᠪᠤᠯᠵᠤᠮᠤᠷ ᠤᠨ ᠲᠤᠷᠭᠠᠨ ᠳᠡᠯᠢ ᠳᠡᠭᠡᠷ᠎ᠡ ᠡᠷᠬᠡᠯᠡᠨ ᠪᠦᠮᠪᠦᠷᠢᠭᠰᠡᠨ ᠪᠤᠷᠤᠭ᠎ᠠ ᠪᠤᠲᠠᠨ ᠤ ᠨᠤᠭᠤᠭᠠᠨ ᠳᠤᠮᠤᠭ ᠢ ᠡᠩᠭᠡᠷ ᠲᠤ ᠪᠠᠨ ᠪᠦᠪᠠᠶᠢᠯᠡᠭᠰᠡᠨ ᠪᠤᠷᠤᠭ᠎ᠠ ᠪᠤᠳᠤᠯ ᠤᠨ ᠴᠡᠩᠭᠡᠷ  ᠬᠠᠷᠭᠤᠢ ᠶᠢ ᠬᠢᠯᠠᠶᠢᠲᠠᠯ᠎ᠠ ᠤᠬᠢᠶᠠᠭᠰᠠᠨ ᠪᠤᠷᠤᠭ᠎ᠠ                         ᠬᠠᠶ᠋ᠢᠭ  ᠄ ᠲᠤᠩᠯᠢᠶᠤᠤ ᠬᠤᠳᠠ ᠶᠢᠨ ᠬᠤᠷᠴᠢᠨ ᠲᠤᠭᠤᠷᠢᠭ                         ᠤᠳᠠᠰᠤ  ᠄ 13337058868
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号