— ᠰᠢᠯᠦᠭ ᠡᠷᠳᠡᠨᠢ ︽ᠶᠢᠰᠤᠨ︾ ᠦᠷᠯᠦᠭᠳᠦ ᠨᠠᠢᠮᠡᠨ ᠵᠠᠭᠤᠨ ᠮᠢᠨᠣ︕ | ︽ᠱᠢᠷᠦ ᠡᠷᠳᠡᠨᠢ︾ ᠠᠷᠪᠠᠨ ᠪᠣᠶᠠᠨᠳᠦ ᠨᠠᠶᠢᠷᠠᠭ ᠤᠨ ᠨᠠᠭᠠᠳᠣᠮ ᠮᠢᠨᠣ︕ | — ᠠᠯᠳᠠᠡᠭᠠᠷᠤᠳᠢ | ᠳᠣᠭᠤᠷᠭᠠᠳᠦ ᠮᠣᠩᠭᠤᠯ ᠤᠨ ᠮᠢᠨᠢ ᠠᠯᠳᠠᠷ ᠬᠢᠯᠪᠠᠭᠠᠳᠦ | ᠳᠣᠣᠯᠢᠰᠳᠦ ᠳᠦᠷᠦ ᠮᠢᠨᠢ ᠱᠢᠷᠦ ᠡᠷᠳᠡᠨᠢ︕ | ᠲᠤᠩᠭᠠᠯᠬᠠᠬᠠᠨ ᠨᠠᠷᠠᠨ ᠰᠠᠷᠠᠨ ᠤ ᠭᠡᠷᠡᠯᠳᠦ | ᠳᠤᠭ᠂ ᠳᠡᠭᠷᠢ ᠮᠢᠨᠢ ᠱᠢᠷᠦ ᠡᠷᠳᠡᠨᠢ︕ | ᠳᠣᠷᠭᠠᠨ ᠳᠡᠪᠡᠯ ᠲᠠᠢ ︽ᠨᠢᠭᠤᠴᠠ ᠳᠣᠪᠴᠢᠶᠠᠨ︾ | ᠳᠣᠮᠣ ᠬᠠᠭᠠᠳ ᠤᠨ ᠮᠢᠨᠢ ᠱᠢᠷᠦ ᠡᠷᠳᠡᠨᠢ︕ | ᠳᠣᠭᠤᠯᠣᠨ ᠣᠩᠰᠢᠬᠤ ᠳᠤ ᠠᠶᠣᠩᠭᠠᠨ ᠬᠦᠴᠦᠳᠠᠢ | ᠳᠣᠣᠯᠠ᠂ ᠬᠠᠳᠣᠨ ᠴᠠᠯᠬᠢᠭᠤᠯᠳᠠᠭ ᠱᠢᠷᠦ ᠡᠷᠳᠡᠨᠢ︕ | ᠳᠣᠪᠣᠷᠣᠣ ᠮᠦᠩᠬᠦᠨ ᠣᠳᠣᠳᠠᠢ ᠰᠦᠨᠢ ᠶᠢᠨ | ᠳᠣᠭᠤᠨᠣ ᠶᠢᠨ ᠴᠢᠮᠡᠭ ᠱᠢᠷᠦ ᠡᠷᠳᠡᠨᠢ︕ | ᠳᠣᠸᠠ᠂ ᠪᠣᠷᠢᠶᠠᠳ ᠁ ᠮᠣᠩᠭᠤᠯ ᠬᠠᠳᠣᠳ ᠤᠨ | ᠳᠣᠯᠣᠭᠠᠢ ᠶᠢᠨ ᠵᠢᠮᠰᠡᠭ ᠱᠢᠷᠦ ᠡᠷᠳᠡᠨᠢ︕ | ᠳᠣᠭᠤᠷᠠᠢ ᠪᠠᠷ ᠢᠶᠠᠨ ᠠᠽᠢᠶ᠎ᠠ ᠡᠸᠦ᠋ᠷᠦᠫᠡ ᠶᠢ ᠬᠦᠭᠵᠢᠮᠳᠡᠭᠰᠡᠨ | ︽ᠳᠣᠷᠭᠠᠨ ᠴᠡᠷᠢᠭ︾ ᠤᠨ ᠮᠢᠨᠢ ᠮᠣᠷᠢᠳ ᠱᠢᠷᠦ ᠡᠷᠳᠡᠨᠢ︕ | ᠲᠤᠶᠠᠭ᠎ᠠ ᠪᠠᠷ ᠢᠶᠠᠨ ᠮᠤᠩᠭᠤᠯ ᠰᠤᠶᠤᠯ ᠢᠶᠠᠨ ᠬᠦᠭᠵᠢᠭᠡᠭᠰᠡᠨ | ᠲᠤᠯᠭ᠎ᠠ ᠶᠢᠨ ᠭᠠᠯ ᠮᠢᠨᠢ ᠱᠢᠷᠤ ᠡᠷᠳᠡᠨᠢ︕ | ᠲᠤᠭᠤᠯ ᠤᠳ ᠲᠠᠢ ᠮᠢᠨᠢ ᠵᠢᠰᠤᠮ ᠢᠯᠭᠠᠷᠠᠵᠦ᠂ ᠨᠡᠶᠢᠯᠡᠯᠳᠦᠭᠰᠡᠨ | ᠲᠤᠷᠤᠭ ᠰᠠᠷᠠᠨ᠎ᠠ ᠱᠢᠷᠤ ᠡᠷᠳᠡᠨᠢ︕ | ᠲᠤᠭᠤᠷᠤᠳ ᠲᠠᠢ ᠮᠢᠨᠢ ᠲᠠᠷᠤᠰᠢᠵᠦ ᠬᠡᠪᠰᠢᠵᠦ ᠨᠡᠬᠦᠳᠡᠯᠯᠡᠭᠰᠡᠨ | ᠲᠤᠤᠵᠨ ᠮᠡᠳᠤ ᠦᠰᠦᠭ ᠮᠢᠨᠢ ᠱᠢᠷᠤ ᠡᠷᠳᠡᠨᠢ︕ | ᠲᠤᠳᠤ ᠬᠦᠬᠡ ᠠᠭᠤᠯᠠᠰ ᠤᠨ ᠮᠢᠨᠢ ᠡᠩᠭᠡᠷ ᠤᠨ ᠦᠷᠡᠯ | ᠲᠤᠪᠴᠢ ᠠᠯᠳᠠᠷᠬᠠᠰᠠᠨ ᠮᠡᠳᠤ ᠱᠢᠷᠤ ᠡᠷᠳᠡᠨᠢ︕ | ᠲᠤᠠᠨᠯᠠᠨ ᠰᠢᠷᠭᠤᠯᠠᠬᠤ ᠡᠬᠦᠯᠡᠰ ᠤᠨ ᠬᠢᠨᠢ ᠪᠤᠷᠤᠭᠠᠨ | ᠲᠤᠷᠤᠮ ᠤᠬᠢᠯᠬᠠᠰᠠᠨ ᠮᠡᠳᠤ ᠱᠢᠷᠤ ᠡᠷᠳᠡᠨᠢ︕ | ᠲᠤᠷᠮᠤᠭᠤᠷ ᠬᠠᠶᠢᠷ᠎ᠠ ᠶᠢᠨ ᠬᠠᠷᠠᠴᠨ ᠲᠠᠭᠠᠭᠤᠯᠵᠦ | ᠲᠤᠠᠨᠳᠠᠴᠢᠬᠠᠠᠨᠰᠠᠨ ︽ᠤᠷᠤᠭ ᠤᠨ ᠪᠦᠬᠡᠵᠢ︾ ᠱᠢᠷᠤ ᠡᠷᠳᠡᠨᠢ︕ | ᠲᠤᠭᠤᠰᠤᠳᠤ ᠬᠤᠷᠸ᠎ᠠ ᠳᠤ ᠵᠦᠪ ᠶᠠᠪᠤᠬᠤ ᠶᠢ ᠮᠢᠨᠢ ᠲᠠᠭᠠᠳᠬᠠᠵᠦ | ᠲᠤᠭᠠᠯᠠᠴᠢᠬᠠᠠᠨᠰᠠᠨ ︽ᠮᠠᠨᠢ ᠶᠢᠨ ᠡᠵᠢ︾ ᠱᠢᠷᠤ ᠡᠷᠳᠡᠨᠢ︕ | ᠲᠤᠮᠤᠭᠤ ᠶᠢ ᠠᠶᠤᠯᠭᠠᠳᠠᠭ ᠮᠤᠩᠭᠤᠯ ᠠᠨᠠᠭᠠᠬᠤ ᠶᠢᠨ | ᠲᠤᠨᠤᠯᠵᠢᠨ ᠲᠡᠮᠳᠡᠭ ᠱᠢᠷᠤ ᠡᠷᠳᠡᠨᠢ︕ | ᠲᠤᠷᠠᠵᠦ ᠵᠤᠪᠠᠯ ᠦᠬᠡᠢ ᠤᠠᠨᠰᠠᠭᠠ ᠲᠦᠮᠡᠨ ᠢᠶᠠᠷ ᠢᠶᠠᠨ | ︽ᠲᠤᠷᠭᠤᠯᠵᠢᠨ ᠪᠠᠶᠠᠨ︾ ᠱᠢᠷᠤ ᠡᠷᠳᠡᠨᠢ︕ | ᠲᠤᠯᠤᠩ ᠡᠬᠦᠷᠦᠭᠰᠡᠨ ᠮᠦᠷᠤ ᠡᠷᠳᠡᠨᠢ | ᠲᠤᠯᠪᠤ ᠨᠢᠬᠡᠳᠡᠢ ᠦᠷᠤ ᠡᠷᠳᠡᠨᠢ | ᠲᠤᠩᠬᠠᠭ ᠬᠡᠯᠨ ᠮᠢᠨᠢ ᠬᠦᠷᠤ ᠡᠷᠳᠡᠨᠢ | ᠲᠤᠯᠭᠤᠷ ᠲᠦᠷᠤ ᠮᠢᠨᠢ ᠱᠢᠷᠤ ᠡᠷᠳᠡᠨᠢ ᠡ︕ | | | | | | | | |