— ᠤ · ᠮᠦᠡᠭᠭᠡ | ᠬᠢᠵᠠᠭᠠᠷ ᠦᠭᠡᠢ ᠠᠭᠤᠳᠠᠮ ᠬᠤᠯᠠ ᠳᠤ ᠪᠢ ᠠᠯᠬᠤᠯᠠᠵᠤ ᠬᠦᠷᠦᠨ᠎ᠡ | ᠬᠠᠶᠢᠷᠠᠳᠠᠢ ᠪᠦᠬᠦᠨ ᠲᠡᠨᠳᠡ | ᠬᠠᠨᠢ ᠶᠢᠨ ᠮᠢᠨᠢ ᠵᠢᠰᠦ ᠰᠢᠭ᠋ ᠢᠨᠢᠶᠠᠮᠰᠦᠭᠯᠡᠵᠦ ᠪᠠᠶᠢᠬᠤ ᠶᠢ ᠮᠡᠳᠡᠷᠡᠨ᠎ᠡ | ᠡᠳᠦᠷ ᠰᠦᠨᠢ ᠭᠡᠵᠦ ᠬᠤᠪᠢᠶᠠᠷᠢ ᠠᠪᠳᠠᠭ ᠦᠭᠡᠢ | ᠡᠩᠬᠦᠷᠠᠢ ᠴᠠᠭ ᠮᠦᠴᠡ ᠤᠳ ᠨᠠᠮ᠎ᠠ ᠶᠢ ᠲᠤᠰᠴᠤ ᠠᠪᠤᠨ᠎ᠠ | ᠡᠷᠭᠡ ᠴᠢᠯᠦᠭᠡ ᠪᠤᠯ ᠬᠦᠨ ᠴᠡᠩᠬᠡᠷ ᠤᠭᠳᠠᠷᠭᠤᠢ ᠭᠡᠬᠦ | ᠡᠷᠡᠯᠭᠡᠭ ᠲᠤᠭᠰᠢᠨ ᠪᠦᠷᠭᠦᠳ ᠶᠢᠨ ᠰᠢᠳᠢᠳᠤ ᠵᠢᠭᠦᠷ ᠢ ᠢᠳᠡᠭᠡᠨ᠎ᠡ ᠡ | ᠨᠠᠮ ᠬᠦᠮ ᠤᠨ ᠬᠢᠨᠢ ᠲᠤᠮᠳᠠ ᠪᠢ ᠰᠢᠩᠭᠡᠵᠦ ᠬᠤᠯᠠᠳᠠᠨ᠎ᠠ | ᠨᠠᠷᠠᠳᠤ ᠳᠤ ᠶᠠᠪᠤᠵᠤ ᠢᠷᠡᠭᠰᠡᠨ ᠮᠦᠷ ᠢᠶᠠᠨ ᠡᠷᠬᠢᠨ ᠬᠠᠷᠠᠭᠠᠳ | ᠨᠠᠰᠤ ᠶᠢ ᠡᠯᠡᠭᠡᠭᠰᠡᠨ ᠨᠡᠷ᠎ᠡ ᠪᠠᠨ ᠲᠤᠪ ᠲᠤᠳᠤᠬᠠᠨ ᠤᠯᠵᠤ ᠲᠠᠨᠢᠨ᠎ᠠ | ᠨᠠᠮᠤᠷ ᠤᠨ ᠦᠩᠭᠡ ᠪᠠᠷ ᠲᠠᠬᠢᠨ ᠤᠷᠭᠤᠵᠤ ᠡᠭᠢᠯᠡᠭᠰᠡᠨ ᠢᠶᠠᠨ | ᠨᠠᠪᠴᠢᠰ ᠨᠢ ᠬᠤᠪᠬᠠᠶᠢᠷᠠᠬᠤ ᠦᠭᠡᠢ ᠤᠶᠠᠩᠭᠠᠳᠤ ᠮᠤᠳᠤᠨ ᠳᠤ ᠬᠤᠪᠢᠯᠤᠨ | ᠨᠠᠢᠮᠠᠨ ᠵᠦᠭ ᠤᠨ ᠬᠦᠮᠦᠰ ᠲᠤ ᠴᠠᠯ ᠨᠤᠭᠤᠭᠠᠷᠠᠵᠤ ᠬᠠᠷᠠᠭᠳᠠᠨ᠎ᠠ | | ᠬᠢᠵᠠᠭᠠᠷ ᠦᠭᠡᠢ ᠬᠦᠨ ᠴᠡᠩᠬᠡᠷ ᠲᠤ ᠪᠢ ᠨᠢᠰᠴᠦ ᠬᠦᠷᠦᠨ᠎ᠡ | ᠬᠠᠷᠠᠩᠭᠤᠢ ᠪᠤᠯᠭᠠᠨ ᠢ ᠲᠡᠨᠳᠡ | ᠤᠳᠤᠳᠤᠨ ᠬᠠᠷᠠᠴᠠ ᠭᠡᠷᠡᠯᠳᠦᠭᠦᠯᠵᠦ ᠪᠠᠶᠢᠳᠠᠭ ᠢ ᠦᠨᠡᠮᠰᠢᠨ᠎ᠡ | ᠪᠤᠷᠤᠭ᠎ᠠ ᠴᠠᠰᠤ ᠬᠤᠶᠠᠷ ᠤᠯᠠᠷᠢᠵᠤ ᠬᠤᠪᠢᠷᠠᠳᠠᠭ ᠤᠨ ᠲᠤᠬᠠᠢ | ᠪᠤᠷᠤᠭᠤ ᠵᠦᠪ ᠬᠤᠶᠠᠷ ᠢᠬᠢᠷ᠎ᠡ ᠤᠷᠤᠰᠢᠳᠠᠭ ᠤᠨ ᠲᠤᠬᠠᠢ | ᠪᠤᠷᠬᠠᠨ ᠲᠡᠭᠷᠢ ᠠᠴᠠ ᠪᠢ ᠮᠦᠷᠭᠦᠨ ᠪᠠᠶᠢᠵᠤ ᠠᠰᠠᠭᠤᠨ᠎ᠠ | ᠡᠪ ᠨᠠᠶᠢᠷᠠᠮᠳᠠᠭᠤ ᠪᠤᠯ ᠲᠤᠨᠳᠠᠷᠠᠰᠢ ᠦᠭᠡᠢ ᠮᠦᠩᠭᠡ ᠶᠢᠨ ᠤᠰᠤᠨ ᠭᠡᠳᠡᠭ ᠢ | ᠡᠩᠬᠦᠷᠡᠶᠢᠯᠡᠵᠦ ᠭᠡᠷᠡᠯᠳᠦᠬᠦ ᠮᠡᠯᠮᠡᠢ ᠠᠴᠠ ᠨᠢ ᠤᠬᠠᠭᠠᠷᠠᠨ ᠮᠡᠳᠡᠵᠦ ᠠᠪᠤᠨ᠎ᠠ ᠡ | ᠬᠦᠨ ᠴᠡᠩᠬᠡᠷ ᠢᠶᠠᠷ ᠨᠢ ᠲᠤᠪ ᠲᠤᠩᠭᠠᠯᠠᠭ ᠦᠵᠡᠯ ᠪᠤᠳᠤᠯ ᠢᠶᠠᠨ ᠨᠠᠶᠢᠷᠠᠨ᠎ᠠ | ᠬᠦᠨᠵᠡᠭᠡᠢ ᠮᠦᠷᠳᠡᠭᠡᠨ ᠢᠷᠠᠭᠤ ᠡᠭᠡᠰᠢᠭᠳᠦ ᠰᠢᠯᠦᠭ ᠤᠨ ᠰᠠᠨᠠᠭ᠎ᠠ ᠤᠷᠭᠤᠭᠤᠯᠤᠨ᠎ᠠ | ᠭᠡᠭᠡᠨ ᠵᠦᠭ ᠲᠤ᠂ ᠵᠦᠪᠬᠡᠨ ᠭᠡᠭᠡᠨ ᠵᠦᠭ ᠲᠤ ᠯᠡ | ᠭᠡᠨ ᠪᠦᠬᠦᠨ ᠢ ᠲᠠᠯᠠᠯᠠᠬᠤ ᠢᠷᠠᠭᠤ ᠨᠠᠶᠢᠷᠠᠭ ᠪᠤᠯᠵᠤ ᠴᠡᠩᠭᠡᠷᠯᠡᠨ | ᠬᠡᠵᠢᠶ᠎ᠡ ᠡᠭᠦᠷᠢᠳᠡ ᠦᠷᠭᠦᠯᠵᠢᠯᠡᠬᠦ ᠶᠢᠨ ᠨᠢᠭᠤᠴᠠᠰ ᠪᠤᠯᠵᠤ ᠵᠠᠳᠠᠷᠠᠨ᠎ᠠ | ᠬᠢᠵᠠᠭᠠᠷ ᠲᠠᠢ ᠠᠮᠢ ᠨᠠᠰᠤ ᠪᠠᠨ | ᠤᠶᠠᠩᠭ᠎ᠠ ᠨᠠᠶᠢᠷᠠᠭ ᠢᠶᠠᠷ ᠤᠷᠳᠤᠳᠬᠠᠬᠤ ᠭᠡᠵᠦ | ᠬᠢᠵᠠᠭᠠᠷ ᠦᠭᠡᠢ ᠬᠤᠯᠠ ᠶᠢᠨ ᠴᠡᠩᠬᠡᠷ ᠪᠠᠭᠤᠴᠠ ᠲᠡᠶᠢᠰᠢ ᠪᠠᠷᠳᠠᠮᠬᠠᠨ ᠲᠠᠪᠬᠢᠨ᠎ᠠ | ᠲᠦᠷᠦᠭᠡᠨ ᠲᠡᠭᠡᠷ᠎ᠡ ᠡᠵᠢ ᠮᠢᠨᠢ ᠰᠦ ᠲᠤᠰᠤᠭᠠᠵᠤ ᠦᠭᠭᠦᠭᠰᠡᠨ | ᠲᠦᠷᠦᠯᠬᠢ ᠬᠡᠯᠡ ᠮᠢᠨᠢ ᠨᠠᠳᠠ ᠳᠤ ᠤᠨᠤᠭ᠎ᠠ ᠤᠯᠭᠤᠵᠦ ᠦᠭᠭᠦᠭᠰᠡᠨ | ᠰᠠᠯᠬᠢ ᠡᠰᠭᠡᠬᠦ ᠴᠢᠯᠠᠭᠤᠳ ᠠᠴᠠ ᠪᠢᠯᠢᠭ ᠬᠤᠷᠴᠠᠯᠠᠬᠤ ᠶᠢ ᠰᠤᠷᠤᠭᠰᠠᠨ | ᠰᠠᠨᠰᠠᠷ ᠲᠤ ᠨᠡᠭᠦᠭᠦ ᠭᠠᠯᠠᠭᠤᠳ ᠠᠴᠠ ᠲᠡᠰᠪᠦᠷᠢ ᠬᠠᠳᠠᠭᠤᠵᠢᠬᠤ ᠶᠢ ᠰᠤᠷᠤᠭᠰᠠᠨ ᠡ | ᠠᠭᠤᠯᠠ ᠠᠭᠤᠯᠠ ᠶᠢᠨ ᠬᠦᠬᠡᠮᠳᠡᠭ ᠲᠤ ᠰᠢᠯᠦᠭ ᠢᠶᠠᠨ ᠤᠨᠢᠶᠠᠷᠳᠠᠭᠤᠯᠵᠤ ᠶᠠᠪᠤᠨ᠎ᠠ | ᠤᠰᠤ ᠤᠰᠤᠨ ᠤ ᠲᠤᠩᠭᠠᠯᠠᠭ ᠲᠤ ᠰᠡᠳᠬᠢᠯ ᠢᠶᠠᠨ ᠠᠷᠢᠭᠤᠰᠬᠠᠵᠤ ᠶᠠᠪᠤᠨ᠎ᠠ᠂᠂᠂᠂ | ᠬᠤᠯᠠ ᠶᠠᠪᠤᠨ᠎ᠠ ᠳ᠋ᠠ ᠪᠢ᠂ ᠬᠤᠯᠠ ᠶᠠᠪᠤᠨ᠎ᠠ | ᠬᠤᠪᠳᠤᠯ ᠵᠢᠷᠦᠬᠡ ᠶᠢ ᠮᠢᠨᠢ ᠭᠡᠷᠡᠯᠳᠦᠬᠦᠯᠬᠦ ᠭᠡᠭᠡᠨ ᠪᠠᠭᠤᠴᠠ ᠳᠤ ᠬᠦᠷᠦᠨ᠎ᠡ | ᠬᠤᠷᠸ᠎ᠠ ᠶᠢᠷᠳᠢᠨᠴᠦ ᠶᠢᠨ ᠬᠠᠷᠠᠩᠭᠤᠢ ᠶᠢ ᠰᠢᠯᠦᠭ ᠢᠶᠠᠷ ᠵᠢᠷᠤᠵᠤ ᠠᠰᠠᠭᠠᠭᠠᠳ | ᠬᠦᠭᠡᠷᠦᠬᠦᠢ ᠡᠵᠢ ᠶᠢᠨ ᠢᠶᠠᠨ ᠡᠯᠢᠭᠡᠨ ᠳᠤ ᠡᠷᠭᠡᠯᠡᠬᠦ ᠪᠠᠷ ᠪᠤᠴᠠᠨ᠎ᠠ | ᠬᠠᠶ᠋ᠢᠭ᠄ ᠪᠠᠭᠠᠷᠢᠨ ᠵᠡᠬᠦᠨ ᠬᠤᠰᠢᠭᠤ᠂ ᠱᠠᠰᠢᠨ ᠰᠤᠷᠳᠠᠬᠤᠨ ᠤ ᠬᠡᠷᠡᠭ ᠡᠷᠬᠢᠯᠡᠬᠦ | ᠲᠤᠪᠴᠢᠶ᠎ᠠ | | | | | | | | | |