ᠨᠠᠶᠢᠷᠠᠭ ᠤᠨ ᠲᠤᠬᠠᠢ ᠨᠠᠶᠢᠷᠠᠭ
ᠨᠡᠶᠢᠲᠡᠯᠡᠭᠰᠡᠨ ᠴᠠᠭ᠄
2020-08-02
         — ᠨᠠᠨᠳᠢᠨᠪᠠᠶᠠᠷ ᠨᠠᠷᠠᠨ ᠤ ᠬᠠᠴᠠᠷ ᠠᠴᠠ ᠬᠦᠯᠤᠰᠤ ᠲᠤᠰᠤᠯᠠᠬᠤ ᠨᠢ᠂ ᠨᠠᠮᠤᠷ ᠤᠨ ᠪᠤᠷᠤᠭ᠎ᠠ ᠶᠤᠮ ᠁ ᠰᠠᠷᠠᠨ ᠤ ᠰᠡᠵᠢᠬᠦᠷ ᠠᠴᠠ ᠤᠰᠤ ᠱᠦᠬᠦᠷᠡᠬᠦ ᠨᠢ᠂ ᠨᠠᠮᠤᠷ ᠤᠨ ᠪᠤᠷᠤᠭ᠎ᠠ ᠶᠤᠮ ᠁ ᠨᠤᠠᠨᠳᠤ ᠲᠠᠢ ᠤᠨᠠᠭᠠᠨ ᠤ ᠲᠤᠷᠬᠢᠬᠤ ᠴᠢᠮᠡᠭᠡ ᠪᠠᠷ᠂ ᠵᠢᠬᠦᠷᠳᠡᠨ ᠤ ᠦᠳᠤ ᠭᠠᠵᠠᠷ ᠤᠨᠠᠬᠤ ᠲᠡᠷᠭᠡᠯ ᠲᠠᠤᠯᠠᠢ ᠵᠢᠮ ᠢᠶᠠᠷ ᠢᠶᠠᠨ ᠪᠠᠭᠤᠵᠦ᠂ ᠵᠠᠶᠢᠷ ᠲᠠᠢ ᠤᠰᠤᠨ ᠳᠤ ᠬᠤᠰᠢᠭᠤ ᠲᠦᠷᠦᠬᠦ ᠲᠡᠷ᠎ᠠ ᠲᠡᠭᠡᠷ᠎ᠠ ᠭᠠᠭᠴᠨ ᠬᠤᠶᠠᠷ ᠲᠤᠰᠤᠯ᠂ ᠲᠡᠭᠡᠷ᠎ᠠ ᠠᠴᠠ ᠬᠠᠶᠠᠯᠠᠵᠦ ᠬᠠᠴᠠᠷ ᠢ ᠮᠢᠨᠢ ᠬᠠᠭᠠᠷᠢᠬᠤ ᠰᠠᠷᠬᠤᠳ ᠮᠡᠯᠳᠡᠭᠡᠨᠡᠭᠰᠡᠨ ᠬᠤᠨᠳᠠᠭᠠᠨ ᠳᠤ᠂ ᠲᠡᠭᠷᠢ ᠶᠢᠨ ᠵᠠᠭᠠᠳᠠᠰᠤ ᠴᠠᠷᠴᠠᠭᠠᠳ ᠰᠨ ᠮᠦᠡᠭᠬᠦᠨ ᠤᠷᠤᠰᠬᠠᠯ ᠳᠤ᠂ ᠤᠳᠤᠳ ᠲᠤᠷᠠᠯᠠᠨ ᠬᠦᠯ ᠠᠯᠳᠠᠭᠠᠳ ᠮᠤᠷᠢᠨ ᠤ ᠬᠦᠯ ᠠᠴᠠ ᠴᠢᠳᠤᠷ ᠤᠶᠢᠳᠤᠵᠦ᠂ ᠰᠢᠬᠦᠳᠡᠷᠢ ᠵᠠᠯᠬᠢᠨ ᠭᠤᠨᠢᠭᠠᠳ ᠁ ᠮᠤᠳᠤᠨ ᠤ ᠡᠪᠤᠷ ᠠᠴᠠ ᠨᠠᠪᠴᠢ ᠲᠡᠷᠰᠡᠯᠡᠵᠦ᠂ ᠭᠠᠵᠠᠷ ᠤᠨ ᠠᠯᠠᠭ᠎ᠠ ᠶᠢ ᠵᠤᠷᠢᠭᠠᠳ ᠁ ᠠᠯᠠᠭ ᠴᠡᠴᠡᠭ ᠲᠠᠢ ᠬᠦᠨᠳᠡᠢ ᠶᠢᠨ᠂ ᠬᠠᠭᠠᠷᠬᠠᠰᠠᠨ ᠴᠢᠯᠠᠭᠤ ᠪᠦᠬᠦᠨ ᠢ ᠲᠤᠭᠤᠨᠤ ᠪᠠᠷ ᠲᠤᠰᠬᠤ ᠮᠠᠴᠢᠳ ᠤᠨ ᠬᠡ ᠵᠤᠶᠢᠵᠦ ᠬᠤᠨᠤᠭᠠᠳ ᠠᠶᠢᠯ ᠤᠨ ᠪᠠᠭᠤᠴᠠᠨ ᠲᠡᠭᠡᠷ᠎ᠠ ᠤᠷᠬᠢᠨᠨᠳ᠋ᠬᠠᠰᠠᠨ ᠭᠠᠭᠴᠨ ᠨᠢᠬᠡ ᠱᠠᠭ᠎ᠠ ᠢᠵᠢᠯᠢ ᠪᠠᠨ ᠰᠠᠨᠠᠬᠤ ᠪᠠᠷ ᠰᠠᠯᠬᠢᠨ ᠤ ᠠᠶᠠᠰ ᠢᠶᠠᠷ ᠮᠤᠷᠢ ᠪᠤᠯᠤᠨ ᠪᠠᠭᠤᠭᠠᠳ ᠲᠡᠭᠷᠢ ᠳᠤ ᠤᠷᠬᠠᠳᠠᠬᠤ ᠡᠬᠦᠯᠡᠰ ᠢ᠂ ᠵᠢᠷᠦᠬᠡ ᠪᠠᠷ ᠢᠶᠠᠨ ᠪᠢ ᠬᠠᠷᠠᠵᠦ ᠪᠠᠶᠢᠨ᠎ᠠ ᠲᠡᠷᠡᠭᠡᠨ ᠬᠤᠷᠤᠮ ᠢ ᠮᠦᠡᠭᠬᠡᠯᠡᠶ᠎ᠠ ᠬᠡᠵᠦ᠂ ᠲᠡᠷᠯᠢᠭ ᠢᠶᠠᠨ ᠲᠠᠶᠢᠯᠠᠭᠠᠳ ᠪᠢ ᠶᠠᠪᠤᠵᠦ ᠪᠠᠶᠢᠨ᠎ᠠ︕ ᠦᠨᠢᠶᠡᠨ ᠤ ᠰᠦ ᠲᠡᠯᠡᠩ ᠲᠤ ᠪᠠᠨ ᠬᠠᠰᠢᠯᠠᠨ ᠴᠢᠷᠠᠯᠠᠨ ᠶᠤᠤᠯᠠᠭᠠᠳ ᠦᠨᠡᠨ ᠳᠤ ᠪᠠᠨ ᠲᠡᠷᠨ ᠴᠢᠨᠢ ᠴᠠᠭ ᠤᠷᠤᠰᠬᠠᠯ ᠤᠨ ᠲᠠᠶᠢᠯᠪᠤᠷᠢ ᠶᠤᠮ ᠦᠬᠦᠯ ᠬᠦᠷᠢ ᠠᠴᠠ ᠡᠷᠪᠡᠬᠡᠢ ᠨᠠᠪᠴᠢᠨ ᠡᠷᠬᠡ ᠴᠢᠯᠤᠬᠡ ᠶᠢ ᠵᠤᠷᠢᠭᠠᠳ ᠶᠤᠰᠤᠨ ᠳᠤ ᠪᠠᠨ ᠲᠡᠷᠨ ᠴᠢᠨᠢ ᠵᠠᠯᠠᠭᠤᠰ ᠦᠬᠢᠳ ᠤᠨ ᠵᠡᠬᠦᠳᠤᠨ ᠶᠤᠮ ᠶᠠᠩᠵᠢᠯᠾᠠᠮᠤ ᠶᠢᠨ ᠡᠪᠤᠷ ᠳᠠᠬᠢ ᠬᠤᠭᠤᠷ ᠤᠨ ᠴᠢᠪᠬᠠᠳᠠᠰᠤ ᠰᠤᠯᠠᠷᠠᠭᠠᠳ ᠶᠠᠭᠠᠬᠢᠬᠤ ᠶᠢᠨ ᠠᠷᠭ᠎ᠠ ᠦᠬᠡᠢ ᠲᠡᠷᠨ ᠴᠢᠨᠢ ᠶᠠᠯ᠎ᠠ ᠭᠠᠪᠢᠶ᠎ᠠ ᠶᠢᠨ ᠲᠡᠬᠦᠰᠬᠡᠯ ᠶᠤᠮ ᠶᠠᠨᠵᠤᠤᠷ ᠬᠤᠭᠤᠯᠠᠯᠳᠠᠭ ᠦᠵᠦᠭ ᠠᠴᠠ ᠮᠢᠨᠢ ᠭᠤᠨᠢᠭ ᠤᠨ ᠪᠡᠭᠡ ᠠᠰᠬᠠᠷᠠᠭᠠᠳ ᠶᠠᠳᠠᠵᠦ ᠶᠠᠪᠤᠭ᠎ᠠ ᠮᠢᠨᠦ ᠭᠠᠭᠴᠨ ᠤᠯᠠᠷᠢᠯ ᠨᠢ ᠲᠡᠷᠨ ᠶᠤᠮ︕ ᠪᠤᠯᠠᠰᠢᠨ ᠤ ᠡᠮᠳᠡᠷᠬᠡᠢ ᠴᠢᠯᠠᠭᠤ ᠳᠤ ᠰᠠᠯᠬᠢᠨ ᠤ ᠬᠡᠯᠨ ᠪᠠᠷ ᠰᠤᠷᠪᠢ ᠰᠠᠭᠤᠭᠠᠳ ᠪᠠᠭᠤᠵᠦ ᠮᠤᠷᠳᠠᠬᠤ ᠬᠤᠷᠸ᠎ᠠ ᠶᠢᠨ ᠰᠡᠬᠦᠯᠴᠢ ᠶᠢᠨ ᠴᠡᠭ ᠨᠢ ᠲᠡᠷᠨ ᠶᠤᠮ︕ ᠭᠠᠰᠢᠭᠤᠨ ᠲᠤᠷᠠᠯᠠᠯ ᠢᠶᠠᠨ ᠨᠡᠩᠴᠢᠳ ᠤᠨ ᠬᠤᠨᠳᠠᠭᠠᠨ ᠳᠤ ᠬᠡᠮᠨᠡᠵᠦ ᠭᠠᠪ ᠪᠤᠯᠬᠤ ᠦᠬᠡᠰ ᠢ ᠭᠠᠵᠠᠷ ᠤᠨ ᠰᠤᠳᠠᠰᠤᠨ ᠳᠤ ᠰᠢᠪᠡᠨᠡᠵᠦ ᠭᠠᠭᠴᠠᠭᠠᠷᠳ᠋ᠬᠠᠰᠠᠨ ᠨᠠᠴᠤᠠᠨᠳᠤᠷᠵᠢ ᠶᠢᠨ ᠲᠤᠳᠠᠭᠤ ᠤᠷᠬᠢᠨᠨᠰᠠᠨ ᠪᠢᠷ ᠢᠶᠠᠷ ᠷᠢᠨᠴᠢᠨ ᠤ ᠴᠤᠶᠢᠨᠤᠮ ᠤᠨ ᠲᠠᠭᠤᠯᠬᠠᠰᠠᠨ ᠡᠷᠭᠡ ᠴᠢᠯᠤᠬᠡ ᠶᠢ ᠵᠢᠷᠤᠠᠨᠯᠠᠵᠦ ᠨᠠᠷᠠᠨ ᠳᠤ ᠵᠠᠯᠪᠢᠷᠠᠨ ᠰᠠᠷᠠᠨ ᠳᠤ ᠵᠠᠬᠢᠵᠦ ᠴᠡᠩᠭᠡᠷ ᠤᠳᠤᠨ ᠮᠡᠴᠢᠳ ᠲᠠᠢ ᠰᠠᠯᠬᠢᠨ ᠤ ᠠᠮᠢᠰᠬᠤᠯ ᠵᠠᠩᠭᠢᠳᠴᠤ ᠰᠠᠷᠠᠭᠤᠯᠬᠠᠨ ᠭᠤᠪᠢ ᠳᠤ ᠲᠠᠤᠯᠠᠢ ᠪᠤᠯᠤᠨ ᠪᠠᠭᠤᠵᠦ ᠰᠠᠭᠠᠯᠢ ᠶᠢᠨ ᠬᠤᠪᠢᠡᠭ ᠲᠤ ᠰᠦ ᠪᠤᠯᠤᠨ ᠲᠤᠰᠤᠯᠠᠵᠦ ᠰᠠᠶᠢᠨ ᠮᠤᠷᠢᠨ ᠤ ᠲᠠᠰᠢᠶᠠᠨ ᠳᠤ ᠲᠠᠮᠠᠭ᠎ᠠ ᠨᠢ ᠪᠤᠯᠤᠨ ᠦᠯᠡᠳᠡᠶ᠎ᠠ︕ ᠰᠠᠶᠢᠬᠠᠨ ᠪᠦᠰᠡᠬᠦᠢ ᠶᠢᠨ ᠲᠡᠪᠡᠯ ᠳᠤ ᠲᠤᠪᠴᠢ ᠨᠢ ᠪᠤᠯᠤᠨ ᠬᠤᠴᠤᠷᠤᠶ᠎ᠠ︕ ᠪᠤᠷᠤᠭᠠᠨ ᠲᠠᠢ ᠲᠡᠭᠷᠢ ᠳᠤ ᠰᠤᠯᠤᠩᠭ᠎ᠠ ᠪᠤᠯᠤᠨ ᠵᠤᠰᠠᠶ᠎ᠠ︕ ᠪᠠᠷᠠᠭᠠᠨ ᠲᠠᠢ ᠤᠷᠴᠢᠯᠠᠩ ᠳᠤ ᠨᠠᠶᠢᠷᠠᠭ ᠢᠶᠠᠷ ᠢᠶᠠᠨ ᠪᠢ ᠠᠮᠢᠳᠤ ᠶᠠᠪᠤᠶ᠎ᠠ︕      ᠬᠠᠶ᠋ᠢᠭ᠄ ᠬᠡᠰᠢᠭᠳᠡᠨ ᠬᠤᠰᠢᠭᠤ᠂ ᠲᠠᠷᠬᠠᠨ ᠠᠭᠤᠯᠨ ᠰᠤᠮᠤ᠂ ᠲᠦᠷᠦᠬᠡᠨᠠᠭᠤᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号