ᠡᠬᠡ ᠬᠡᠯᠡ
ᠨᠡᠶᠢᠲᠡᠯᠡᠭᠰᠡᠨ ᠴᠠᠭ᠄
2020-08-02
 ᠡᠬᠡ ᠬᠡᠯᠡ ᠤᠷᠢᠬᠠᠨ ᠬᠠᠪᠤᠷ ᠤᠨ ᠬᠠᠷᠢᠶᠠᠴᠠᠢ ᠶᠢᠨ ᠳᠠᠭᠤᠨ ᠰᠢᠭ᠋ ᠤᠷᠠᠨ ᠳᠤᠳᠤ ᠳᠤᠭᠤᠯᠳᠠᠳᠠᠭ ᠬᠡᠯᠡ ᠤᠶᠠᠬᠠᠨ ᠪᠦᠰᠡᠬᠦᠢ ᠶᠢᠨ ᠬᠠᠶᠢᠷ᠎ᠠ ᠶᠢᠨ ᠨᠢᠳᠦ ᠰᠢᠭ ᠤᠶᠠᠨ ᠳᠤᠯᠠᠭᠠᠬᠠᠨ ᠰᠠᠨᠠᠭᠳᠠᠳᠠᠭ ᠬᠡᠯᠡ ᠠᠳᠤᠭᠤᠨ ᠰᠤᠶᠤᠯ ᠤᠨ ᠳᠠᠮᠠᠭᠠᠨ ᠤ ᠮᠦᠷ ᠲᠠᠢ ᠠᠯᠠᠭ ᠬᠤᠷᠸ᠎ᠠ ᠳᠤ ᠪᠠᠭ᠋ᠠᠷᠬᠠᠯ ᠲᠠᠢ ᠬᠡᠯᠡ ᠠᠯᠳᠠᠨ ᠶᠠᠰᠤᠳᠠᠨ ᠤ ᠪᠠᠳᠤ ᠳᠠᠩᠭᠠᠷᠢᠭ ᠲᠠᠢ ᠠᠮᠢᠨ ᠬᠠᠶᠢᠷᠠᠳᠠᠢ ᠡᠷᠳᠡᠨᠢ ᠶᠢᠨ ᠬᠡᠯᠡ ᠨᠡᠬᠦᠳᠡᠯ ᠮᠠᠯᠵᠢᠯ ᠤᠨ ᠪᠠᠭᠤᠷᠢ ᠶᠢ ᠮᠠᠨᠠᠭᠰᠠᠨ ᠬᠦᠬᠡ ᠳᠤᠯᠪᠤ ᠲᠠᠢ ᠤᠤᠭᠠᠯ ᠬᠡᠯᠡ ᠨᠠᠢᠮᠠᠨ ᠬᠠᠨᠠᠳᠤ ᠶᠢᠨ ᠳᠤᠭᠤᠨᠤ ᠪᠠᠷ ᠳᠤᠭᠯᠠᠭᠰᠠᠨ ᠬᠦᠬᠡ ᠠᠷᠭᠠᠯ ᠤᠨ ᠤᠳᠤᠭ᠎ᠠ ᠲᠠᠢ ᠬᠡᠯᠡ ᠨᠤᠮᠢᠨ ᠪᠠᠶᠢᠭᠠᠯᠢ ᠶᠢᠨ ᠬᠦᠳᠦᠰᠤᠨ ᠳᠤ ᠠᠩᠬᠢᠯᠤᠭᠰᠠᠨ ᠠᠭᠠᠭ ᠤᠨ ᠦᠨᠦᠷ ᠲᠠᠢ ᠠᠷᠢᠭᠤᠨ ᠬᠡᠯᠡ ᠨᠠᠭᠤᠷ ᠤᠨ ᠰᠢᠪᠠᠭᠤᠳ ᠤᠨ ᠬᠡᠯᠡ ᠪᠠᠷ ᠳᠠᠭᠤᠯᠠᠭᠰᠠ ᠡᠬᠡᠰᠢᠭ ᠤᠶᠠᠩᠭ᠎ᠠ ᠲᠠᠢ ᠢᠷᠠᠭᠤ ᠬᠡᠯᠡ ᠳᠡᠤᠬᠡ ᠪᠤᠯᠪᠠᠰᠤᠨ ᠢ ᠴᠠᠶᠢᠯᠭᠠᠨ ᠢᠶᠠᠷ ᠴᠠᠳᠢᠭᠯᠠᠭᠰᠠᠨ ᠲᠦᠷᠦᠯᠬᠢ ᠤᠬᠠᠭᠠᠨ ᠲᠠᠢ ᠮᠦᠩᠬᠡ ᠬᠡᠯᠡ ᠳᠡᠭᠷᠢ ᠶᠢᠨ ᠪᠤᠳᠤᠭᠤ ᠰᠢᠭ᠋ ᠬᠤᠯᠠ ᠶᠢ ᠴᠢᠩᠨᠠᠭᠰᠠᠨ ᠳᠡᠬᠡᠳᠤᠰ ᠤᠨ ᠵᠠᠶᠠᠭ᠎ᠠ ᠲᠠᠢ ᠳᠡᠭᠷᠢ ᠶᠢᠨ ᠬᠡᠯᠡ ᠵᠤᠬᠢᠶᠠᠭᠴᠢ᠄ ᠲᠤᠭᠴᠢ ᠯᠤᠪᠰᠠᠩ鲁布森 ︵ᠪᠢᠴᠢᠭ ᠤᠨ ᠨᠡᠷ᠎ᠡ ᠨᠢ ᠴᠢ᠊᠂ ᠨᠠᠴᠢᠨ︶᠂ ᠬᠠᠷᠢᠯᠴᠠᠬᠤ ᠤᠳᠠᠰᠤ᠄ 136 1487 6979᠃       ᠬᠠᠶ᠋ᠢᠭ᠄  ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ ︵鄂尔多斯市乌审旗蒙古族实验小学︶᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号