ᠰᠡᠳᠬᠢᠯ ᠤᠨ ᠭᠡᠭᠡᠨ ᠪᠠᠭᠤᠴᠠ
ᠨᠡᠶᠢᠲᠡᠯᠡᠭᠰᠡᠨ ᠴᠠᠭ᠄
2020-08-02
  — ᠤ · ᠮᠦᠡᠭᠭᠡ ᠬᠢᠵᠠᠭᠠᠷ ᠦᠭᠡᠢ ᠠᠭᠤᠳᠠᠮ ᠬᠤᠯᠠ ᠳᠤ ᠪᠢ ᠠᠯᠬᠤᠯᠠᠵᠤ ᠬᠦᠷᠦᠨ᠎ᠡ ᠬᠠᠶᠢᠷᠠᠳᠠᠢ ᠪᠦᠬᠦᠨ ᠲᠡᠨᠳᠡ ᠬᠠᠨᠢ ᠶᠢᠨ ᠮᠢᠨᠢ ᠵᠢᠰᠦ ᠰᠢᠭ᠋ ᠢᠨᠢᠶᠠᠮᠰᠦᠭᠯᠡᠵᠦ ᠪᠠᠶᠢᠬᠤ ᠶᠢ ᠮᠡᠳᠡᠷᠡᠨ᠎ᠡ ᠡᠳᠦᠷ ᠰᠦᠨᠢ ᠭᠡᠵᠦ ᠬᠤᠪᠢᠶᠠᠷᠢ ᠠᠪᠳᠠᠭ ᠦᠭᠡᠢ ᠡᠩᠬᠦᠷᠠᠢ ᠴᠠᠭ ᠮᠦᠴᠡ ᠤᠳ ᠨᠠᠮ᠎ᠠ ᠶᠢ ᠲᠤᠰᠴᠤ ᠠᠪᠤᠨ᠎ᠠ ᠡᠷᠭᠡ ᠴᠢᠯᠦᠭᠡ ᠪᠤᠯ ᠬᠦᠨ ᠴᠡᠩᠬᠡᠷ ᠤᠭᠳᠠᠷᠭᠤᠢ ᠭᠡᠬᠦ ᠡᠷᠡᠯᠭᠡᠭ ᠲᠤᠭᠰᠢᠨ ᠪᠦᠷᠭᠦᠳ ᠶᠢᠨ ᠰᠢᠳᠢᠳᠤ ᠵᠢᠭᠦᠷ ᠢ ᠢᠳᠡᠭᠡᠨ᠎ᠡ ᠡ ᠨᠠᠮ ᠬᠦᠮ ᠤᠨ ᠬᠢᠨᠢ ᠲᠤᠮᠳᠠ ᠪᠢ ᠰᠢᠩᠭᠡᠵᠦ ᠬᠤᠯᠠᠳᠠᠨ᠎ᠠ ᠨᠠᠷᠠᠳᠤ ᠳᠤ ᠶᠠᠪᠤᠵᠤ ᠢᠷᠡᠭᠰᠡᠨ ᠮᠦᠷ ᠢᠶᠠᠨ ᠡᠷᠬᠢᠨ ᠬᠠᠷᠠᠭᠠᠳ ᠨᠠᠰᠤ ᠶᠢ ᠡᠯᠡᠭᠡᠭᠰᠡᠨ ᠨᠡᠷ᠎ᠡ ᠪᠠᠨ ᠲᠤᠪ ᠲᠤᠳᠤᠬᠠᠨ ᠤᠯᠵᠤ ᠲᠠᠨᠢᠨ᠎ᠠ ᠨᠠᠮᠤᠷ ᠤᠨ ᠦᠩᠭᠡ ᠪᠠᠷ ᠲᠠᠬᠢᠨ ᠤᠷᠭᠤᠵᠤ ᠡᠭᠢᠯᠡᠭᠰᠡᠨ ᠢᠶᠠᠨ ᠨᠠᠪᠴᠢᠰ ᠨᠢ ᠬᠤᠪᠬᠠᠶᠢᠷᠠᠬᠤ ᠦᠭᠡᠢ ᠤᠶᠠᠩᠭᠠᠳᠤ ᠮᠤᠳᠤᠨ ᠳᠤ ᠬᠤᠪᠢᠯᠤᠨ ᠨᠠᠢᠮᠠᠨ ᠵᠦᠭ ᠤᠨ ᠬᠦᠮᠦᠰ ᠲᠤ ᠴᠠᠯ ᠨᠤᠭᠤᠭᠠᠷᠠᠵᠤ ᠬᠠᠷᠠᠭᠳᠠᠨ᠎ᠠ ᠬᠢᠵᠠᠭᠠᠷ ᠦᠭᠡᠢ ᠬᠦᠨ ᠴᠡᠩᠬᠡᠷ ᠲᠤ ᠪᠢ ᠨᠢᠰᠴᠦ ᠬᠦᠷᠦᠨ᠎ᠡ ᠬᠠᠷᠠᠩᠭᠤᠢ ᠪᠤᠯᠭᠠᠨ ᠢ ᠲᠡᠨᠳᠡ ᠤᠳᠤᠳ‌‍ᠤᠨ ᠬᠠᠷᠠᠴᠠ ᠭᠡᠷᠡᠯᠳᠦᠭᠦᠯᠵᠦ ᠪᠠᠶᠢᠳᠠᠭ ᠢ ᠦᠨᠡᠮᠰᠢᠨ᠎ᠡ ᠪᠤᠷᠤᠭ᠎ᠠ ᠴᠠᠰᠤ ᠬᠤᠶᠠᠷ ᠤᠯᠠᠷᠢᠵᠤ ᠬᠤᠪᠢᠷᠠᠳᠠᠭ ᠤᠨ ᠲᠤᠬᠠᠢ ᠪᠤᠷᠤᠭᠤ ᠵᠦᠪ ᠬᠤᠶᠠᠷ ᠢᠬᠢᠷ᠎ᠡ ᠤᠷᠤᠰᠢᠳᠠᠭ ᠤᠨ ᠲᠤᠬᠠᠢ ᠪᠤᠷᠬᠠᠨ ᠲᠡᠭᠷᠢ ᠠᠴᠠ ᠪᠢ ᠮᠦᠷᠭᠦᠨ ᠪᠠᠶᠢᠵᠤ ᠠᠰᠠᠭᠤᠨ᠎ᠠ ᠡᠪ ᠨᠠᠶᠢᠷᠠᠮᠳᠠᠭᠤ ᠪᠤᠯ ᠲᠤᠨᠳᠠᠷᠠᠰᠢ ᠦᠭᠡᠢ ᠮᠦᠩᠭᠡ ᠶᠢᠨ ᠤᠰᠤᠨ ᠭᠡᠳᠡᠭ ᠢ ᠡᠩᠬᠦᠷᠡᠶᠢᠯᠡᠵᠦ ᠭᠡᠷᠡᠯᠳᠦᠬᠦ ᠮᠡᠯᠮᠡᠢ ᠠᠴᠠ ᠨᠢ ᠤᠬᠠᠭᠠᠷᠠᠨ ᠮᠡᠳᠡᠵᠦ ᠠᠪᠤᠨ᠎ᠠ ᠡ ᠬᠦᠨ ᠴᠡᠩᠬᠡᠷ ᠢᠶᠠᠷ ᠨᠢ ᠲᠤᠪ ᠲᠤᠩᠭᠠᠯᠠᠭ ᠦᠵᠡᠯ ᠪᠤᠳᠤᠯ ᠢᠶᠠᠨ ᠨᠠᠶᠢᠷᠠᠨ᠎ᠠ ᠬᠦᠨᠵᠡᠭᠡᠢ ᠮᠦᠷᠳᠡᠭᠡᠨ ᠢᠷᠠᠭᠤ ᠡᠭᠡᠰᠢᠭᠳᠦ ᠰᠢᠯᠦᠭ ᠤᠨ ᠰᠠᠨᠠᠭ᠎ᠠ ᠤᠷᠭᠤᠭᠤᠯᠤᠨ᠎ᠠ ᠭᠡᠭᠡᠨ ᠵᠦᠭ ᠲᠤ᠂ ᠵᠦᠪᠬᠡᠨ ᠭᠡᠭᠡᠨ ᠵᠦᠭ ᠲᠤ ᠯᠡ ᠭᠡᠨ ᠪᠦᠬᠦᠨ ᠢ ᠲᠠᠯᠠᠯᠠᠬᠤ ᠢᠷᠠᠭᠤ ᠨᠠᠶᠢᠷᠠᠭ ᠪᠤᠯᠵᠤ ᠴᠡᠩᠭᠡᠷᠯᠡᠨ ᠬᠡᠵᠢᠶ᠎ᠡ ᠡᠭᠦᠷᠢᠳᠡ ᠦᠷᠭᠦᠯᠵᠢᠯᠡᠬᠦ ᠶᠢᠨ ᠨᠢᠭᠤᠴᠠᠰ ᠪᠤᠯᠵᠤ ᠵᠠᠳᠠᠷᠠᠨ᠎ᠠ ᠬᠢᠵᠠᠭᠠᠷ ᠲᠠᠢ ᠠᠮᠢ ᠨᠠᠰᠤ ᠪᠠᠨ ᠤᠶᠠᠩᠭ᠎ᠠ ᠨᠠᠶᠢᠷᠠᠭ ᠢᠶᠠᠷ ᠤᠷᠳᠤᠳᠬᠠᠬᠤ ᠭᠡᠵᠦ ᠬᠢᠵᠠᠭᠠᠷ ᠦᠭᠡᠢ ᠬᠤᠯᠠ ᠶᠢᠨ ᠴᠡᠩᠬᠡᠷ ᠪᠠᠭᠤᠴᠠ ᠲᠡᠶᠢᠰᠢ ᠪᠠᠷᠳᠠᠮᠬᠠᠨ ᠲᠠᠪᠬᠢᠨ᠎ᠠ ᠲᠦᠷᠦᠭᠡᠨ ᠲᠡᠭᠡᠷ᠎ᠡ ᠡᠵᠢ ᠮᠢᠨᠢ ᠰᠦ ᠲᠤᠰᠤᠭᠠᠵᠤ ᠦᠭᠭᠦᠭᠰᠡᠨ ᠲᠦᠷᠦᠯᠬᠢ ᠬᠡᠯᠡ ᠮᠢᠨᠢ ᠨᠠᠳᠠ ᠳᠤ ᠤᠨᠤᠭ᠎ᠠ ᠤᠯᠭᠤᠵᠦ ᠦᠭᠭᠦᠭᠰᠡᠨ ᠰᠠᠯᠬᠢ ᠡᠰᠭᠡᠬᠦ ᠴᠢᠯᠠᠭᠤᠳ ᠠᠴᠠ ᠪᠢᠯᠢᠭ ᠬᠤᠷᠴᠠᠯᠠᠬᠤ ᠶᠢ ᠰᠤᠷᠤᠭᠰᠠᠨ ᠰᠠᠨᠰᠠᠷ ᠲᠤ ᠨᠡᠭᠦᠭᠦ ᠭᠠᠯᠠᠭᠤᠳ ᠠᠴᠠ ᠲᠡᠰᠪᠦᠷᠢ ᠬᠠᠳᠠᠭᠤᠵᠢᠬᠤ ᠶᠢ ᠰᠤᠷᠤᠭᠰᠠᠨ ᠡ ᠠᠭᠤᠯᠠ ᠠᠭᠤᠯᠠ ᠶᠢᠨ ᠬᠦᠬᠡᠮᠳᠡᠭ ᠲᠤ ᠰᠢᠯᠦᠭ ᠢᠶᠠᠨ ᠤᠨᠢᠶᠠᠷᠳᠠᠭᠤᠯᠵᠤ ᠶᠠᠪᠤᠨ᠎ᠠ ᠤᠰᠤ ᠤᠰᠤᠨ ᠤ ᠲᠤᠩᠭᠠᠯᠠᠭ ᠲᠤ ᠰᠡᠳᠬᠢᠯ ᠢᠶᠠᠨ ᠠᠷᠢᠭᠤᠰᠬᠠᠵᠤ ᠶᠠᠪᠤᠨ᠎ᠠ᠂᠂᠂᠂ ᠬᠤᠯᠠ ᠶᠠᠪᠤᠨ᠎ᠠ ᠳ᠋ᠠ ᠪᠢ᠂ ᠬᠤᠯᠠ ᠶᠠᠪᠤᠨ᠎ᠠ ᠬᠤᠪᠳᠤᠯ ᠵᠢᠷᠦᠬᠡ ᠶᠢ ᠮᠢᠨᠢ ᠭᠡᠷᠡᠯᠳᠦᠬᠦᠯᠬᠦ ᠭᠡᠭᠡᠨ ᠪᠠᠭᠤᠴᠠ ᠳᠤ ᠬᠦᠷᠦᠨ᠎ᠡ ᠬᠤᠷᠸ᠎ᠠ ᠶᠢᠷᠳᠢᠨᠴᠦ ᠶᠢᠨ ᠬᠠᠷᠠᠩᠭᠤᠢ ᠶᠢ ᠰᠢᠯᠦᠭ ᠢᠶᠠᠷ ᠵᠢᠷᠤᠵᠤ ᠠᠰᠠᠭᠠᠭᠠᠳ ᠬᠦᠭᠡᠷᠦᠬᠦᠢ ᠡᠵᠢ ᠶᠢᠨ ᠢᠶᠠᠨ ᠡᠯᠢᠭᠡᠨ ᠳᠤ ᠡᠷᠭᠡᠯᠡᠬᠦ ᠪᠠᠷ ᠪᠤᠴᠠᠨ᠎ᠠ                  ᠬᠠᠶ᠋ᠢᠭ᠄  ᠪᠠᠭᠠᠷᠢᠨ ᠵᠡᠬᠦᠨ ᠬᠤᠰᠢᠭᠤ᠂ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号