ᠴᠢᠮ᠎ᠠ ᠶᠢ ᠪᠢ ᠤᠳᠠᠭᠠᠨ ᠬᠠᠶᠢᠠᠨᠰᠠᠨ
ᠨᠡᠶᠢᠲᠡᠯᠡᠭᠰᠡᠨ ᠴᠠᠭ᠄
2020-08-02
     ᠴᠢᠮ᠎ᠠ ᠶᠢ ᠪᠢ ᠤᠳᠠᠭᠠᠨ ᠬᠠᠶᠢᠠᠨᠰᠠᠨ                       —  ᠤᠷᠠᠨᠬᠡᠷᠡᠯ ᠦᠨᠡᠭᠡᠨᠳᠤ ᠶᠢᠨ ᠰᠢᠷᠭᠠᠯ ᠬᠦᠷᠦᠰᠤᠨ ᠲᠡᠭᠡᠷ᠎ᠠ ᠢᠷᠡᠵᠦ ᠦᠡᠭᠭᠡᠷᠡᠭᠰᠡᠨ ᠮᠦᠷ ᠢᠶᠠᠷ ᠴᠢᠨᠢ ᠬᠠᠶᠢᠠᠨᠰᠠᠨ ᠣᠷᠭᠤᠬᠤ᠂ ᠣᠨᠠᠬᠤ ᠨᠠᠷᠠᠨ ᠤ ᠬᠤᠭᠤᠷᠣᠨᠳᠦ ᠣᠴᠠᠷᠠᠬᠤ ᠯᠡ ᠰᠣᠪᠢᠩ ᠲᠠᠢ ᠬᠠᠶᠢᠠᠨᠰᠠᠨ ᠣᠨᠢ᠂ ᠭᠡᠭᠡᠨ ᠬᠤᠶᠠᠷ ᠱᠣᠷᠣᠩ ᠤᠨ ᠠᠭᠤᠯᠠᠰ ᠳᠠᠮᠵᠢᠨ ᠬᠠᠶᠢᠠᠨᠰᠠᠨ ᠡᠷᠢᠶᠡᠨ᠂ ᠮᠠᠨᠵᠣᠣᠷ ᠬᠤᠶᠠᠷ ᠪᠣᠭᠤᠮᠳᠠ ᠶᠢᠨ ᠬᠢᠯᠢ ᠳᠠᠮᠵᠢᠨ ᠬᠠᠶᠢᠠᠨᠰᠠᠨ ᠬᠤᠩᠭᠤᠷ ᠰᠡᠳᠬᠢᠯ ᠳᠤ ᠣᠷᠭᠤᠠᠨᠰᠠᠨ ᠪᠣᠯᠬᠤᠷ ︽ᠬᠠᠶᠢᠷ᠎ᠠ ᠶᠢᠨ ᠣᠶᠠᠭ᠎ᠠ︾᠎ ᠪᠠᠷ ᠬᠠᠶᠢᠠᠨᠰᠠᠨ ᠠᠭᠤᠯᠵᠢᠯᠳᠠ᠂ ᠰᠠᠯᠣᠯᠳᠠ ᠶᠢᠨ ᠦᠷᠳᠡᠭᠡᠨ ᠳᠡᠭᠡᠷ᠎ᠡ ︽ᠣᠶᠠᠩᠭ᠎ᠠ ᠶᠢᠨ ᠡᠷᠢᠯ︾᠎ ᠢᠶᠠᠷ ᠬᠠᠶᠢᠠᠨᠰᠠᠨ ᠳᠡᠬᠦᠦ ᠲᠠᠢ ᠮᠢᠨᠢ ᠠᠩᠬ᠎ᠠ ᠠᠭᠤᠯᠵᠬᠠᠰᠠᠨ ᠳᠣᠬᠤᠢ ᠳᠡᠨᠵᠢ ᠪᠠᠷ ᠢᠶᠠᠨ ᠬᠠᠶᠢᠠᠨᠰᠠᠨ ᠳᠡᠮᠡᠭᠡᠨ ᠵᠢᠷᠤᠭ᠎ᠠ ᠮᠣᠷᠢᠨ ᠤ ᠴᠢᠨᠢ ᠳᠣᠬᠤᠮ ᠤᠨ ᠬᠦᠯᠦᠰᠦ ᠰᠡᠪᠬᠡᠭᠡᠳᠦᠢ ᠭᠡᠵᠦ ᠬᠠᠶᠢᠠᠨᠰᠠᠨ ᠣᠯᠣᠩ ᠴᠢᠩᠭᠠᠯᠠᠬᠤ ᠳᠤ ᠪᠡᠶ᠎ᠡ ᠣᠷᠢᠶᠠᠨ ᠵᠦᠪ ᠡᠷᠬᠢᠬᠦ ᠣᠨᠣᠠᠨᠰᠠᠨ ᠠᠠᠨᠳᠠ ᠶᠢᠨ ᠴᠢᠨᠢ ᠦᠦᠷᠰᠡᠯ ᠢᠶᠠᠷ ᠬᠠᠶᠢᠠᠨᠰᠠᠨ ᠨᠣᠬᠠᠢ ᠬᠤᠷᠢᠵᠦ ᠦᠳᠡᠨ ᠮᠣᠷᠳᠠᠭᠤᠯᠬᠤ ᠦᠶ᠎ᠡ ᠳᠤ ᠨᠢᠭᠤᠷ ᠨᠢᠭᠤᠷ ᠢᠶᠠᠨ ᠡᠭᠴᠡ ᠬᠠᠷᠠᠭ᠎ᠠ ᠦᠭᠡᠢ ᠪᠢᠰᠢᠬᠦᠷᠬᠡᠯ ᠢᠶᠠᠷ ᠬᠠᠶᠢᠠᠨᠰᠠᠨ ᠭᠠᠯ ᠠᠶᠠᠨ ᠤ ᠳᠣᠮᠳᠠ ᠠᠴᠠ ᠭᠠᠭᠴᠠ ᠴᠢ ᠬᠠᠷᠬᠠᠳᠠᠬᠤ ᠦᠭᠡᠢ ᠭᠡᠵᠦ ᠬᠠᠶᠢᠠᠨᠰᠠᠨ ᠴᠠᠭᠠᠨ ᠨᠠᠭᠤᠷ ᠤᠨ ᠨᠠᠶᠢᠷ ᠤᠨ ᠰᠢᠷᠡᠭᠡᠨ ᠳᠡᠭᠡᠷ᠎ᠡ ᠴᠢ ᠮᠦᠨ ᠮᠦᠨ ᠢᠶᠠᠷ ᠬᠢᠨᠢ ᠠᠳᠡᠬᠦᠷᠡᠨ ᠬᠠᠶᠢᠠᠨᠰᠠᠨ ᠬᠦᠯᠦᠭ ᠤᠨ ᠳᠦᠷᠦᠭᠡ ᠲᠦᠷᠦᠭᠡᠯᠡᠭᠰᠡᠨ ᠬᠦᠳᠡᠭᠡ ᠶᠢᠨ ᠠᠯᠳᠠᠨ ᠳᠦᠰᠢ ᠠᠴᠠ ᠬᠠᠶᠢᠠᠨᠰᠠᠨ ᠭᠤᠨᠢᠭ ᠦᠭᠡᠢ ᠠᠷᠢᠭᠤᠬᠠᠨ ᠨᠢᠳᠦ ᠶᠢ ᠴᠢᠨᠢ ᠭᠤᠴᠢᠨ ᠨᠠᠮᠣᠷ ᠮᠡᠯᠮᠡᠷᠡᠬᠦᠯᠦᠨ ᠬᠠᠶᠢᠠᠨᠰᠠᠨ ᠴᠢᠮ᠎ᠠ ᠶᠢ ᠪᠢ ᠤᠳᠠᠭᠠᠨ ᠬᠠᠶᠢᠠᠨᠰᠠᠨ ᠬᠠᠶ᠋ᠢᠭ᠄  ᠳ᠋ᠠᠪᠠᠨ ᠪᠠᠯᠭᠠᠰᠤᠨ ᠤ ᠦᠨᠡᠭᠡᠨᠳᠤ ᠭᠠᠴᠠᠭ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号