— ᠨᠠᠨᠳᠢᠨᠪᠠᠶᠠᠷ | ᠨᠠᠷᠠᠨ ᠤ ᠬᠠᠴᠠᠷ ᠠᠴᠠ ᠬᠦᠯᠤᠰᠤ ᠲᠤᠰᠤᠯᠠᠬᠤ ᠨᠢ᠂ ᠨᠠᠮᠤᠷ ᠤᠨ ᠪᠤᠷᠤᠭ᠎ᠠ ᠶᠤᠮ ᠁ | ᠰᠠᠷᠠᠨ ᠤ ᠰᠡᠵᠢᠬᠦᠷ ᠠᠴᠠ ᠤᠰᠤ ᠱᠦᠬᠦᠷᠡᠬᠦ ᠨᠢ᠂ ᠨᠠᠮᠤᠷ ᠤᠨ ᠪᠤᠷᠤᠭ᠎ᠠ ᠶᠤᠮ ᠁ | ᠨᠤᠠᠨᠳᠤ ᠲᠠᠢ ᠤᠨᠠᠭᠠᠨ ᠤ ᠲᠤᠷᠬᠢᠬᠤ ᠴᠢᠮᠡᠭᠡ ᠪᠠᠷ᠂ ᠵᠢᠬᠦᠷᠳᠡᠨ ᠤ ᠦᠳᠤ ᠭᠠᠵᠠᠷ ᠤᠨᠠᠬᠤ | ᠲᠡᠷᠭᠡᠯ ᠲᠠᠤᠯᠠᠢ ᠵᠢᠮ ᠢᠶᠠᠷ ᠢᠶᠠᠨ ᠪᠠᠭᠤᠵᠦ᠂ ᠵᠠᠶᠢᠷ ᠲᠠᠢ ᠤᠰᠤᠨ ᠳᠤ ᠬᠤᠰᠢᠭᠤ ᠲᠦᠷᠦᠬᠦ | ᠲᠡᠷᠠ ᠲᠡᠭᠡᠷ᠎ᠠ ᠭᠠᠭᠴᠨ ᠬᠤᠶᠠᠷ ᠲᠤᠰᠤᠯ᠂ ᠲᠡᠭᠡᠷ᠎ᠠ ᠠᠴᠠ ᠬᠠᠶᠠᠯᠠᠵᠦ ᠬᠠᠴᠠᠷ ᠢ ᠮᠢᠨᠢ ᠬᠠᠭᠠᠷᠢᠬᠤ | ᠰᠠᠷᠬᠤᠳ ᠮᠡᠯᠳᠡᠭᠡᠨᠡᠭᠰᠡᠨ ᠬᠤᠨᠳᠠᠭᠠᠨ ᠳᠤ᠂ ᠲᠡᠭᠷᠢ ᠶᠢᠨ ᠵᠠᠭᠠᠳᠠᠰᠤ ᠴᠠᠷᠴᠠᠭᠠᠳ | ᠰᠨ ᠮᠦᠡᠭᠬᠦᠨ ᠤᠷᠤᠰᠬᠠᠯ ᠳᠤ᠂ ᠤᠳᠤᠳ ᠲᠤᠷᠠᠯᠠᠨ ᠬᠦᠯ ᠠᠯᠳᠠᠭᠠᠳ | ᠮᠤᠷᠢᠨ ᠤ ᠬᠦᠯ ᠠᠴᠠ ᠴᠢᠳᠤᠷ ᠤᠶᠢᠳᠤᠵᠦ᠂ ᠰᠢᠬᠦᠳᠡᠷᠢ ᠵᠠᠯᠬᠢᠨ ᠭᠤᠨᠢᠭᠠᠳ ᠁ | ᠮᠤᠳᠤᠨ ᠤ ᠡᠪᠤᠷ ᠠᠴᠠ ᠨᠠᠪᠴᠢ ᠲᠡᠷᠰᠡᠯᠡᠵᠦ᠂ ᠭᠠᠵᠠᠷ ᠤᠨ ᠠᠯᠠᠭ᠎ᠠ ᠶᠢ ᠵᠤᠷᠢᠭᠠᠳ ᠁ | ᠠᠯᠠᠭ ᠴᠡᠴᠡᠭ ᠲᠠᠢ ᠬᠦᠨᠳᠡᠢ ᠶᠢᠨ᠂ ᠬᠠᠭᠠᠷᠬᠠᠰᠠᠨ ᠴᠢᠯᠠᠭᠤ ᠪᠦᠬᠦᠨ ᠢ | ᠲᠤᠭᠤᠨᠤ ᠪᠠᠷ ᠲᠤᠰᠬᠤ ᠮᠠᠴᠢᠳ ᠤᠨ ᠬᠡ ᠵᠤᠶᠢᠵᠦ ᠬᠤᠨᠤᠭᠠᠳ | ᠠᠶᠢᠯ ᠤᠨ ᠪᠠᠭᠤᠴᠠᠨ ᠲᠡᠭᠡᠷ᠎ᠠ ᠤᠷᠬᠢᠨᠨᠳ᠋ᠬᠠᠰᠠᠨ ᠭᠠᠭᠴᠨ ᠨᠢᠬᠡ ᠱᠠᠭ᠎ᠠ | ᠢᠵᠢᠯᠢ ᠪᠠᠨ ᠰᠠᠨᠠᠬᠤ ᠪᠠᠷ ᠰᠠᠯᠬᠢᠨ ᠤ ᠠᠶᠠᠰ ᠢᠶᠠᠷ ᠮᠤᠷᠢ ᠪᠤᠯᠤᠨ ᠪᠠᠭᠤᠭᠠᠳ | ᠲᠡᠭᠷᠢ ᠳᠤ ᠤᠷᠬᠠᠳᠠᠬᠤ ᠡᠬᠦᠯᠡᠰ ᠢ᠂ ᠵᠢᠷᠦᠬᠡ ᠪᠠᠷ ᠢᠶᠠᠨ ᠪᠢ ᠬᠠᠷᠠᠵᠦ ᠪᠠᠶᠢᠨ᠎ᠠ | ᠲᠡᠷᠡᠭᠡᠨ ᠬᠤᠷᠤᠮ ᠢ ᠮᠦᠡᠭᠬᠡᠯᠡᠶᠠ ᠬᠡᠵᠦ᠂ ᠲᠡᠷᠯᠢᠭ ᠢᠶᠠᠨ ᠲᠠᠶᠢᠯᠠᠭᠠᠳ ᠪᠢ ᠶᠠᠪᠤᠵᠦ ᠪᠠᠶᠢᠨ᠎ᠠ︕ | ᠦᠨᠢᠶᠡᠨ ᠤ ᠰᠦ ᠲᠡᠯᠡᠩ ᠲᠤ ᠪᠠᠨ ᠬᠠᠰᠢᠯᠠᠨ ᠴᠢᠷᠠᠯᠠᠨ ᠶᠤᠤᠯᠠᠭᠠᠳ | ᠦᠨᠡᠨ ᠳᠤ ᠪᠠᠨ ᠲᠡᠷᠨ ᠴᠢᠨᠢ ᠴᠠᠭ ᠤᠷᠤᠰᠬᠠᠯ ᠤᠨ ᠲᠠᠶᠢᠯᠪᠤᠷᠢ ᠶᠤᠮ | ᠦᠬᠦᠯ ᠬᠦᠷᠢ ᠠᠴᠠ ᠡᠷᠪᠡᠬᠡᠢ ᠨᠠᠪᠴᠢᠨ ᠡᠷᠬᠡ ᠴᠢᠯᠤᠬᠡ ᠶᠢ ᠵᠤᠷᠢᠭᠠᠳ | ᠶᠤᠰᠤᠨ ᠳᠤ ᠪᠠᠨ ᠲᠡᠷᠨ ᠴᠢᠨᠢ ᠵᠠᠯᠠᠭᠤᠰ ᠦᠬᠢᠳ ᠤᠨ ᠵᠡᠬᠦᠳᠤᠨ ᠶᠤᠮ | ᠶᠠᠩᠵᠢᠯᠾᠠᠮᠤ ᠶᠢᠨ ᠡᠪᠤᠷ ᠳᠠᠬᠢ ᠬᠤᠭᠤᠷ ᠤᠨ ᠴᠢᠪᠬᠠᠳᠠᠰᠤ ᠰᠤᠯᠠᠷᠠᠭᠠᠳ | ᠶᠠᠭᠠᠬᠢᠬᠤ ᠶᠢᠨ ᠠᠷᠭ᠎ᠠ ᠦᠬᠡᠢ ᠲᠡᠷᠨ ᠴᠢᠨᠢ ᠶᠠᠯ᠎ᠠ ᠭᠠᠪᠢᠶ᠎ᠠ ᠶᠢᠨ ᠲᠡᠬᠦᠰᠬᠡᠯ ᠶᠤᠮ | ᠶᠠᠨᠵᠤᠤᠷ ᠬᠤᠭᠤᠯᠠᠯᠳᠠᠭ ᠦᠵᠦᠭ ᠠᠴᠠ ᠮᠢᠨᠢ ᠭᠤᠨᠢᠭ ᠤᠨ ᠪᠡᠭᠡ ᠠᠰᠬᠠᠷᠠᠭᠠᠳ | ᠶᠠᠳᠠᠵᠦ ᠶᠠᠪᠤᠭ᠎ᠠ ᠮᠢᠨᠦ ᠭᠠᠭᠴᠨ ᠤᠯᠠᠷᠢᠯ ᠨᠢ ᠲᠡᠷᠨ ᠶᠤᠮ︕ | ᠪᠤᠯᠠᠰᠢᠨ ᠤ ᠡᠮᠳᠡᠷᠬᠡᠢ ᠴᠢᠯᠠᠭᠤ ᠳᠤ ᠰᠠᠯᠬᠢᠨ ᠤ ᠬᠡᠯᠨ ᠪᠠᠷ ᠰᠤᠷᠪᠢ ᠰᠠᠭᠤᠭᠠᠳ | ᠪᠠᠭᠤᠵᠦ ᠮᠤᠷᠳᠠᠬᠤ ᠬᠤᠷᠸ᠎ᠠ ᠶᠢᠨ ᠰᠡᠬᠦᠯᠴᠢ ᠶᠢᠨ ᠴᠡᠭ ᠨᠢ ᠲᠡᠷᠨ ᠶᠤᠮ︕ | ᠭᠠᠰᠢᠭᠤᠨ ᠲᠤᠷᠠᠯᠠᠯ ᠢᠶᠠᠨ ᠨᠡᠩᠴᠢᠳ ᠤᠨ ᠬᠤᠨᠳᠠᠭᠠᠨ ᠳᠤ ᠬᠡᠮᠨᠡᠵᠦ | ᠭᠠᠪ ᠪᠤᠯᠬᠤ ᠦᠬᠡᠰ ᠢ ᠭᠠᠵᠠᠷ ᠤᠨ ᠰᠤᠳᠠᠰᠤᠨ ᠳᠤ ᠰᠢᠪᠡᠨᠡᠵᠦ | ᠭᠠᠭᠴᠠᠭᠠᠷᠳ᠋ᠬᠠᠰᠠᠨ ᠨᠠᠴᠤᠠᠨᠳᠤᠷᠵᠢ ᠶᠢᠨ ᠲᠤᠳᠠᠭᠤ ᠤᠷᠬᠢᠨᠨᠰᠠᠨ ᠪᠢᠷ ᠢᠶᠠᠷ | ᠷᠢᠨᠴᠢᠨ ᠤ ᠴᠤᠶᠢᠨᠤᠮ ᠤᠨ ᠲᠠᠭᠤᠯᠬᠠᠰᠠᠨ ᠡᠷᠭᠡ ᠴᠢᠯᠤᠬᠡ ᠶᠢ ᠵᠢᠷᠤᠠᠨᠯᠠᠵᠦ | ᠨᠠᠷᠠᠨ ᠳᠤ ᠵᠠᠯᠪᠢᠷᠠᠨ ᠰᠠᠷᠠᠨ ᠳᠤ ᠵᠠᠬᠢᠵᠦ ᠴᠡᠩᠭᠡᠷ ᠤᠳᠤᠨ ᠮᠡᠴᠢᠳ ᠲᠠᠢ | ᠰᠠᠯᠬᠢᠨ ᠤ ᠠᠮᠢᠰᠬᠤᠯ ᠵᠠᠩᠭᠢᠳᠴᠤ | ᠰᠠᠷᠠᠭᠤᠯᠬᠠᠨ ᠭᠤᠪᠢ ᠳᠤ ᠲᠠᠤᠯᠠᠢ ᠪᠤᠯᠤᠨ ᠪᠠᠭᠤᠵᠦ | ᠰᠠᠭᠠᠯᠢ ᠶᠢᠨ ᠬᠤᠪᠢᠡᠭ ᠲᠤ ᠰᠦ ᠪᠤᠯᠤᠨ ᠲᠤᠰᠤᠯᠠᠵᠦ | ᠰᠠᠶᠢᠨ ᠮᠤᠷᠢᠨ ᠤ ᠲᠠᠰᠢᠶᠠᠨ ᠳᠤ ᠲᠠᠮᠠᠭ᠎ᠠ ᠨᠢ ᠪᠤᠯᠤᠨ ᠦᠯᠡᠳᠡᠶᠠ︕ | ᠰᠠᠶᠢᠬᠠᠨ ᠪᠦᠰᠡᠬᠦᠢ ᠶᠢᠨ ᠲᠡᠪᠡᠯ ᠳᠤ ᠲᠤᠪᠴᠢ ᠨᠢ ᠪᠤᠯᠤᠨ ᠬᠤᠴᠤᠷᠤᠶ᠎ᠠ︕ | ᠪᠤᠷᠤᠭᠠᠨ ᠲᠠᠢ ᠲᠡᠭᠷᠢ ᠳᠤ ᠰᠤᠯᠤᠩᠭ᠎ᠠ ᠪᠤᠯᠤᠨ ᠵᠤᠰᠠᠶᠠ︕ | ᠪᠠᠷᠠᠭᠠᠨ ᠲᠠᠢ ᠤᠷᠴᠢᠯᠠᠩ ᠳᠤ ᠨᠠᠶᠢᠷᠠᠭ ᠢᠶᠠᠷ ᠢᠶᠠᠨ ᠪᠢ ᠠᠮᠢᠳᠤ ᠶᠠᠪᠤᠶ᠎ᠠ︕ | ᠬᠠᠶ᠋ᠢᠭ᠄ ᠬᠡᠰᠢᠭᠳᠡᠨ ᠬᠤᠰᠢᠭᠤ᠂ ᠲᠠᠷᠬᠠᠨ ᠠᠭᠤᠯᠨ ᠰᠤᠮᠤ᠂ ᠲᠦᠷᠦᠬᠡᠨᠠᠭᠤᠷ | | | | |