ᠪᠣᠭᠤᠷᠤᠯ    ᠠᠪᠤ    ᠮᠢᠨᠢ
ᠨᠡᠶᠢᠲᠡᠯᠡᠭᠰᠡᠨ ᠴᠠᠭ᠄
2020-08-13
—ᠪᠣᠷᠬᠠᠨ ᠪᠣᠯᠤᠭᠰᠠᠨ ᠠᠪᠤ ᠶᠢᠨ ᠢᠶᠠᠨ ᠭᠡᠭᠡᠨ ᠰᠦᠨᠡᠰᠦᠨ ᠳᠤ ᠳᠠᠭᠠᠳᠬᠠᠪᠠ                                                    ᠪᠠ᠊᠂ ᠣᠳᠽᠡᠷᠬᠤᠷᠸ᠎ᠠ ᠶᠢᠷᠳᠢᠨᠴᠦ ᠶᠢᠨ ᠵᠠᠢ ᠳᠤᠬᠤᠶᠢᠴᠢ ᠦᠶ᠎ᠡ ᠪᠠᠨ ᠵᠠᠯᠭᠠᠮᠵᠢᠯᠠᠬᠤ ᠶᠢᠨ ᠲᠦᠯᠦᠭᠡᠪᠣᠭᠤᠷᠤᠯ ᠠᠪᠤ ᠡᠵᠢ ᠲᠠᠢ ᠪᠠᠨᠪᠣᠷᠬᠠᠨ ᠲᠡᠭᠷᠢ ᠳᠤ ᠵᠠᠯᠪᠠᠷᠢᠵᠤ ᠳᠠᠭᠠᠳᠬᠠᠭᠰᠠᠨ ᠶᠤᠮ ᠡ︕ᠪᠣᠭᠤᠷᠤᠯ ᠠᠪᠤ ᠶᠢᠨ ᠲᠦᠷᠦᠭᠰᠡᠨ ᠨᠤᠲᠤᠭᠪᠠᠭᠠᠲᠤᠷ ᠭᠠᠳᠠ ᠮᠠᠶᠢᠷᠠᠨ ᠤ ᠮᠢᠨᠢ ᠦᠯᠦᠭᠡᠢᠪᠣᠭᠤᠷᠤᠯ ᠡᠵᠢ ᠶᠢᠨ ᠮᠢᠨᠢ ᠡᠩᠭᠦᠷᠡᠢ ᠬᠠᠶᠢᠷ᠎ᠠᠪᠣᠮᠪᠠ ᠶᠢᠨ ᠣᠷᠤᠨ ᠬᠤᠷᠴᠢᠨ ᠳᠤ ᠰᠢᠩᠭᠡᠭᠡᠭᠰᠡᠨ ᠶᠤᠮ  ᠡ︕ᠨᠠᠷᠠ ᠲᠠᠢ ᠰᠠᠷᠠ ᠲᠠᠢ  ᠬᠤᠷᠸ᠎ᠠ ᠶᠢᠷᠳᠢᠨᠴᠦ ᠳᠤᠨᠠᠰᠤ ᠪᠠᠷ ᠢᠶᠠᠨ ᠲᠡᠮᠡᠴᠡᠵᠦ ᠢᠷᠡᠭᠰᠡᠨ ᠠᠪᠤ ᠮᠢᠨᠢᠨᠠᠷᠢᠨ ᠭᠡᠳᠡᠰᠦ ᠪᠠᠨ ᠳᠦᠭᠦᠷᠭᠡᠵᠦ ᠳᠡᠶᠢᠯᠬᠦ ᠦᠭᠡᠢ ᠠᠮᠢᠳᠤᠷᠠᠯ ᠳᠤᠨᠠᠮᠠᠶᠢ ᠪᠠᠨ ᠬᠦᠮᠦᠨ ᠪᠣᠯᠭᠠᠶ᠎ᠠ ᠭᠡᠵᠦ ᠵᠢᠳᠭᠦᠭᠰᠡᠨ ᠠᠪᠤ ᠮᠢᠨᠢᠰᠢᠨ᠎ᠡ ᠠᠶᠢᠯ ᠤᠨ ᠢᠶᠠᠨ ᠨᠤᠲᠤᠭ ᠤᠰᠤᠨ ᠳᠤ ᠪᠠᠨᠰᠢᠯᠢᠳᠡᠭ ᠠᠮᠵᠢᠯᠲᠠ ᠪᠦᠲᠦᠭᠡᠯ ᠢ ᠭᠠᠷᠭᠠᠵᠤ ᠶᠠᠪᠤᠭᠰᠠᠨ ᠶᠤᠮ ᠤᠯᠤᠰ ᠪᠠᠶᠢᠭᠤᠯᠤᠭᠳᠠᠭᠰᠠᠨ ᠤ ᠳᠠᠷᠠᠭᠠᠬᠢ ᠬᠤᠷᠰᠢᠶᠠᠴᠢᠯᠠᠯᠲᠠ ᠳᠤᠤᠭᠰᠠᠭ᠎ᠠ ᠦᠨᠳᠦᠰᠦᠲᠡᠨ ᠳᠡᠭᠡᠨ ᠨᠡᠮᠡᠷᠢ ᠬᠠᠨᠳᠢᠪ ᠢ ᠡᠷᠭᠦᠵᠦ ᠶᠠᠪᠤᠭᠰᠠᠨ ᠶᠤᠮ  ᠃ᠨᠠᠮ ᠤᠨ ᠰᠤᠷᠭᠠᠯ ᠠᠯᠲᠠ ᠠᠴᠠ ᠦᠨ᠎ᠡ ᠦᠷᠡᠳᠡᠭ ᠲᠠᠢ ᠭᠡᠵᠦᠨᠠᠰᠤ ᠪᠠᠷ ᠢᠶᠠᠨ ᠪᠢᠳᠡᠨ ᠢ ᠬᠦᠮᠦᠵᠢᠭᠦᠯᠵᠦ ᠬᠦᠮᠦᠨ ᠪᠣᠯᠭᠠᠯ᠎ᠠ᠂ᠨᠡᠶᠢᠭᠡᠮ ᠵᠢᠷᠦᠮ ᠤᠨ ᠰᠠᠷᠠᠭᠤᠯ ᠳᠠᠷᠳ᠋ᠭᠭ᠌  ᠵᠠᠮ ᠢᠶᠠᠷᠨᠢᠭᠡ ᠨᠠᠰᠤ ᠪᠠᠷ ᠢᠶᠠᠨ ᠬᠦᠳᠡᠯᠮᠦᠷᠢ ᠬᠦᠴᠦ ᠪᠠᠨ ᠭᠠᠷᠭᠠᠵᠤ ᠶᠠᠪᠤᠭᠰᠠᠨ᠃ᠡᠷᠳᠡᠮ ᠮᠡᠳᠡᠯᠭᠡ ᠶᠢ ᠮᠡᠷᠡᠶᠢᠨ ᠴᠢᠷᠮᠠᠶᠢᠨ ᠰᠤᠷᠤᠯᠴᠠᠭᠠᠷᠠᠢ ᠭᠡᠵᠦᠦᠷ᠎ᠡ ᠪᠣᠯᠤᠭᠰᠠᠨ ᠵᠢᠷᠭᠤᠭᠠᠨ ᠬᠡᠦᠬᠡᠳ ᠢᠶᠠᠨ ᠰᠤᠷᠭᠠᠵᠤ ᠶᠠᠪᠤᠭᠰᠠᠨ᠂ᠡᠬᠡ ᠣᠷᠤᠨ ᠳᠠᠭᠠᠨ ᠬᠡᠷᠡᠭᠴᠡᠭᠡ ᠲᠠᠢ ᠬᠦᠮᠦᠨ ᠪᠣᠯᠤᠭᠠᠷᠠᠢ ᠭᠡᠵᠦᠡᠯᠢᠭᠡ ᠵᠢᠷᠦᠬᠡᠨ ᠤ ᠦᠭᠡ ᠪᠠᠷ ᠢᠶᠠᠨ ᠬᠦᠮᠦᠵᠢᠭᠦᠯᠵᠦ ᠶᠠᠪᠤᠯ᠎ᠠ᠃ᠠᠪᠤ ᠶᠢᠨ ᠲᠣᠬᠠᠢ ᠡᠷᠭᠢᠴᠡᠭᠦᠯᠦᠨ ᠪᠣᠳᠤᠬᠤ ᠳᠤᠦᠡᠭᠭᠡᠷᠡᠭᠰᠡᠨ ᠤ ᠤᠴᠢᠷ ᠥᠪᠡᠷ ᠤᠨ ᠡᠷᠬᠡ ᠦᠭᠡᠢ ᠪᠣᠳᠤᠭᠳᠠᠨ᠎ᠠ᠂ᠠᠷᠠᠳ ᠤᠨ ᠠᠮᠠ ᠪᠠᠷ ᠶᠠᠷᠢᠳᠠᠭ ᠦᠯᠢᠭᠡᠷ ᠤᠳ ᠨᠢᠠᠶᠢᠯ ᠣᠯᠠᠨ ᠤ ᠪᠠᠨ ᠬᠦᠨᠳᠦᠳᠭᠡᠯ ᠪᠢᠰᠢᠷᠡᠯ ᠢ ᠣᠯᠤᠭᠰᠠᠨ ᠨᠢ ᠪᠣᠳᠤᠭᠳᠠᠨ᠎ᠠ᠃ᠬᠠᠬᠢᠷ ᠡᠪᠦᠯ ᠤᠨ ᠶᠢᠰᠤᠨ ᠤ ᠬᠦᠢᠲᠡᠨ ᠳᠤ ᠴᠤᠬᠤᠶᠢᠰᠢ ᠤᠬᠤᠷᠢᠬᠤ ᠦᠭᠡᠢ ᠪᠠᠷ ᠠᠵᠢᠯᠯᠠᠳᠠᠭ ᠣᠪᠤᠷ ᠨᠢᠬᠠᠮᠤᠭ ᠣᠯᠠᠨ ᠤ ᠪᠠᠨ ᠦᠢᠯᠡᠰ ᠤᠨ ᠲᠦᠯᠦᠭᠡᠬᠠᠲᠠᠭᠤ ᠰᠢᠷᠭᠠᠭᠤ ᠬᠦᠳᠡᠯᠮᠦᠷᠢ ᠳᠤ ᠵᠢᠳᠭᠦᠵᠥ ᠶᠠᠪᠤᠯ᠎ᠠ᠃ᠦᠨᠡᠨᠴᠢ ᠰᠠᠶᠢᠬᠠᠨ ᠠᠮᠢᠳᠤᠷᠠᠯ ᠤᠨ ᠵᠠᠩ ᠵᠠᠩᠰᠢᠯ ᠢᠶᠠᠷ ᠢᠶᠠᠨᠦᠷᠭᠡᠨ ᠣᠯᠠᠨ ᠢᠶᠠᠨ ᠪᠠᠶᠠᠰᠬᠠᠵᠤ ᠶᠠᠪᠤᠭᠰᠠᠨ ᠴᠠᠭᠠᠪᠤᠷᠢ ᠬᠦᠮᠦᠨᠢᠲᠡᠭᠡᠯ ᠵᠦᠭᠡᠯᠡᠨ ᠰᠠᠶᠢᠬᠠᠨ ᠰᠡᠳᠭᠢᠯ ᠢᠶᠠᠷ ᠢᠶᠠᠨᠡᠶ᠎ᠡ ᠨᠠᠶᠢᠷᠲᠠᠢ ᠠᠮᠢᠳᠤᠷᠠᠵᠤ ᠢᠷᠡᠭᠰᠡᠨ ᠵᠢᠱᠢᠶᠡᠴᠢ ᠬᠦᠮᠦᠨ᠃ᠨᠢᠭᠡᠲᠦᠯ ᠤᠨ ᠭᠡᠰᠢᠭᠦᠨ ᠤ ᠡᠭᠦᠷᠭᠡ ᠶᠢ ᠬᠠᠷᠢᠴᠠᠭᠤᠭᠰᠠᠨ ᠴᠤᠨᠢᠭᠡ ᠯᠠ ᠰᠡᠳᠭᠢᠯ ᠢᠶᠠᠷ ᠣᠯᠠᠨ ᠳᠠᠭᠠᠨ ᠵᠢᠳᠭᠦᠭᠰᠡᠨ ᠬᠦᠮᠦᠨ᠂ᠨᠡᠶᠢᠭᠡᠮ ᠵᠢᠷᠦᠮ ᠤᠨ ᠪᠦᠲᠦᠭᠡᠨ ᠪᠠᠶᠢᠭᠤᠯᠤᠯᠲᠠ ᠶᠢᠨ ᠲᠦᠯᠦᠭᠡᠨᠢᠭᠡ ᠨᠠᠰᠤ ᠪᠠᠨ ᠬᠠᠷᠠᠮ ᠦᠭᠡᠢ ᠵᠣᠷᠢᠭᠤᠯᠤᠭᠰᠠᠨ ᠬᠦᠮᠦᠨ᠃ᠠᠪᠤ ᠶᠢᠨ ᠲᠣᠬᠠᠢ ᠤᠴᠢᠷ ᠶᠠᠪᠤᠳᠠᠯ ᠢ ᠨᠢ ᠪᠣᠳᠤᠭᠠᠳ ᠰᠠᠭᠤᠬᠤ ᠳᠤᠠᠶᠠᠯᠭᠤ ᠰᠢᠯᠦᠭ ᠮᠢᠨᠢ ᠡᠷᠬᠡ ᠦᠭᠡᠢ ᠤᠨᠲᠤᠷᠤᠭᠠᠳ ᠪᠠᠶᠢᠳᠠᠭ᠂ᠠᠷᠠᠳ ᠤᠨ ᠰᠤᠷᠭᠠᠭᠤᠯᠢ  ᠶᠢᠨ ᠬᠦᠷᠢᠶᠡᠨ ᠳᠤ ᠪᠠᠭᠰᠢᠯᠠᠵᠤ ᠶᠠᠪᠤᠬᠤ ᠳᠤᠠᠯᠤᠰ ᠤᠨ ᠬᠦᠰᠡᠯᠡᠩ ᠥᠭᠡᠳᠡ ᠲᠡᠮᠡᠦᠯᠡᠬᠦ ᠰᠡᠳᠭᠢᠯ ᠣᠷᠭᠢᠯᠤᠭᠠᠳ ᠪᠠᠶᠢᠳᠠᠭ᠃ᠡᠴᠢᠭᠡ ᠶᠢᠨ ᠲᠣᠬᠠᠢ ᠳᠤᠷᠠᠰᠤᠨ ᠮᠦᠷᠦᠭᠡᠳᠦᠬᠦ ᠳᠤᠡᠨᠡ ᠪᠡᠶ᠎ᠡ ᠶᠢᠨ ᠮᠢᠨᠢ ᠰᠢᠨᠳᠠᠰᠤ ᠴᠢᠩᠭᠠᠷᠠᠭᠠᠳ ᠪᠠᠶᠢᠳᠠᠭ᠂ᠡᠬᠡ ᠣᠷᠤᠨ ᠤ ᠪᠠᠨ ᠲᠦᠯᠦᠭᠡ ᠠᠯᠢᠪᠠ ᠪᠠᠨ ᠵᠣᠷᠢᠭᠤᠯᠬᠤ ᠳᠤᠡᠷᠴᠢ ᠵᠣᠷᠢᠭ ᠮᠢᠨᠢ ᠬᠦᠪᠴᠢᠯᠡᠭᠳᠡᠭᠡᠳ ᠪᠠᠶᠢᠳᠠᠭ᠃ᠦᠲᠡᠯᠦᠭᠡᠳ ᠰᠠᠶᠢᠬᠠᠨ ᠵᠢᠷᠭᠠᠬᠤ ᠴᠠᠭ ᠦᠶ᠎ᠡ ᠳᠤ ᠨᠢᠦᠷᠬᠦᠯᠵᠢ ᠬᠠᠵᠠᠭᠤ ᠳᠤᠨᠢ ᠪᠠᠶᠢᠭᠰᠠᠨ ᠦᠭᠡᠢ ᠨᠢ ᠬᠠᠷᠠᠮᠰᠠᠯᠲᠠᠢ︕ᠡᠪᠡᠳᠴᠢᠨ ᠲᠠᠬᠤᠯ ᠳᠤ ᠨᠡᠷᠪᠡᠭᠳᠡᠭᠡᠳ ᠵᠣᠪᠠᠭ᠋ᠤ ᠦᠶ᠎ᠡ ᠳᠤᠨᠢᠡᠷᠭᠦᠵᠦ ᠰᠣᠪᠢᠯᠠᠵᠤ ᠴᠢᠳᠠᠭᠰᠠᠨ ᠦᠭᠡᠢ ᠳᠡᠭᠡᠨ ᠭᠡᠮᠰᠢᠯᠲᠡᠢ︕ᠬᠤᠲᠠᠯᠠ ᠣᠯᠠᠨ ᠬᠦᠮᠦᠰ ᠤᠨ ᠢᠶᠠᠨᠬᠠᠯᠠᠭᠤᠨ ᠰᠡᠳᠭᠢᠯ ᠢ ᠣᠯᠤᠭᠰᠠᠨ ᠪᠣᠶᠠᠨᠲᠠᠨ ᠶᠤᠮ  ︕ᠬᠤᠨᠭ᠍ᠭᠤᠷ ᠦᠷᠡᠴᠦᠳ ᠪᠢᠳᠡ ᠵᠢᠷᠭᠤᠭᠤᠯᠠ ᠶᠢᠨ ᠢᠶᠠᠨᠬᠠᠶᠢᠷ᠎ᠠ ᠪᠠᠭ᠋ᠠᠷᠤᠯ ᠢ ᠲᠠᠲᠠᠭᠰᠠᠨ ᠪᠣᠷᠬᠠᠨ ᠶᠤᠮ  ᠡ︕ᠪᠣᠷᠬᠠᠨ ᠪᠣᠯᠤᠭᠰᠠᠨ ᠪᠣᠭᠤᠷᠤᠯ ᠠᠪᠤ ᠮᠢᠨᠢᠪᠣᠶᠠᠨᠲᠠᠢ ᠪᠣᠭᠤᠷᠤᠯᠴᠤᠳ ᠤᠨ ᠨᠢᠭᠡ ᠨᠢ ᠪᠣᠯᠬᠤ ᠪᠢᠯᠡ︕ᠮᠦᠩᠭᠡᠷᠡᠵᠦ ᠴᠢᠳᠠᠬᠤ ᠦᠭᠡᠢ ᠴᠤ ᠴᠢ ᠮᠢᠨᠢᠮᠦᠩᠭᠡ ᠲᠡᠭᠷᠢ ᠶᠢᠨ ᠭᠡᠷᠡᠯᠲᠦ ᠣᠳᠤᠳ ᠤᠨ ᠨᠢᠭᠡ ᠨᠢ ᠪᠣᠯᠬᠤ ᠪᠢᠯᠡ︕                                                     ᠳᠥᠡᠭᠯᠢᠶᠣᠣ ᠮᠣᠩᠭᠤᠯ ᠥᠨᠳᠥᠰᠥᠳᠡᠨ ᠤ  ᠲᠤᠮᠳᠠᠳᠥ ᠰᠤᠷᠭᠠᠭᠤᠯᠢ ᠶᠢᠨ                                                          ᠮᠣᠩᠭᠤᠯ   ᠬᠡᠯᠡᠨ     ᠤ    ᠵᠢᠭᠠᠨ    ᠰᠤᠷᠭᠠᠬᠤ   ᠲᠤᠭᠤᠶᠢᠯᠠᠩ                                                                                   姓名:敖斯尔                                                                                   手机:15750560906      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号