ᠰᠡᠩᠭᠷᠳᠠᠨ
ᠨᠡᠶᠢᠲᠡᠯᠡᠭᠰᠡᠨ ᠴᠠᠭ᠄
2020/8/13
ᠰᠡᠩᠭᠡᠷᠳᠠᠨ ᠪᠤᠯ ᠪᠠᠭᠠᠷᠢᠨ ᠪᠠᠷᠠᠭᠤᠨ ᠬᠤᠰᠢᠭᠤᠨ ᠤ  ᠵᠢᠷᠭᠤᠳᠤᠭᠠᠷᠦᠶ᠎ᠡ ᠶᠢᠨ ᠸᠠᠩ ᠪᠤᠯᠤᠨ᠎ᠠ᠃ ᠲᠠᠷᠤᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠬᠤᠶᠠᠳᠤᠭᠠᠷ ᠦᠶ᠎ᠡ ᠶᠢᠨ ᠸᠠᠩ ᠸᠴᠢᠷ ᠤᠨ ᠭᠤᠷᠪᠠᠳᠤᠭᠠᠷ ᠬᠦᠪᠡᠭᠦᠨ᠂ ᠤᠤᠭᠠᠨ ᠸᠠᠩ ᠰᠡᠪᠳᠠᠨ ᠬᠢᠭᠡᠳ ᠰᠡᠴᠡᠨ ᠲᠡᠭᠡᠳᠦ ᠬᠦᠷᠦᠨ ᠬᠦᠩᠵᠦ ᠶᠢᠨ ᠤᠮᠪᠤᠯᠤ᠃ ᠨᠠᠶᠢᠷᠠᠯᠳᠤ ᠲᠦᠪ ᠤᠨ ᠨᠠᠢᠮᠠᠳᠤᠭᠠᠷ ᠤᠨ ︵1730︶ ᠵᠠᠰᠠᠭ ᠵᠢᠶᠦ᠋ᠨ ᠸᠠᠩ ᠤᠨ ᠰᠠᠭᠤᠷᠢᠨ ᠢ ᠵᠠᠯᠭᠠᠮᠵᠢᠯᠠᠵᠤ᠂ ᠲᠡᠭᠷᠢ ᠲᠡᠳᠬᠦᠭᠴᠢ ᠶᠢᠨ ᠠᠷᠪᠠᠨ ᠭᠤᠷᠪᠠᠳᠤᠭᠠᠷ ︵1748︶ ᠤᠨ ᠳᠤ ᠲᠡᠭᠷᠢ ᠳᠤ ᠬᠠᠯᠢᠵᠠᠢ᠃ ᠰᠡᠩᠭᠡᠷᠳᠠᠨ ᠤᠤᠯ ᠳᠠᠭᠠᠨ ᠬᠤᠶᠠᠳᠤᠭᠠᠷ ᠵᠡᠷᠭᠡ ᠶᠢᠨ ᠲᠠᠶᠢᠵᠢ ᠶᠢᠨ ᠭᠡᠷᠭᠡᠮ ᠲᠠᠢ ᠪᠠᠶᠢᠵᠤ᠂ ᠨᠠᠶᠢᠷᠠᠯᠳᠤ ᠲᠦᠪ ᠤᠨ ᠬᠤᠶᠠᠳᠤᠭᠠᠷ ᠤᠨ ︵1724︶᠎ ᠳᠤ ᠴᠢᠩ ᠤᠨ ᠴᠡᠷᠢᠭ ᠢ ᠲᠠᠭᠠᠨ ᠵᠦᠩᠭᠠᠷ ᠤᠷᠤᠨ ᠢ ᠲᠠᠶᠢᠯᠠᠵᠤ ᠭᠠᠪᠢᠶ᠎ᠠ ᠪᠠᠶᠢᠭᠤᠯᠵᠠᠢ᠃ ᠴᠢᠩ ᠤᠨ ᠲᠦᠷᠦ ᠲᠤᠰ ᠤᠨ ᠤ 11 ᠰᠠᠷ᠎ᠠ ᠶᠢᠨ ᠴᠠᠭᠠᠭᠴᠢᠨ ᠭᠠᠭ᠋ᠠᠢ ᠡᠳᠦᠷ ᠲᠡᠭᠦᠨ ᠢ ᠴᠡᠷᠢᠭ ᠎ ᠤᠨ ᠭᠠᠪᠢᠶ᠎ᠠ ᠲᠠᠢ ᠬᠡᠮᠡᠨ ᠪᠠᠭᠠᠷᠢᠨ ᠤ ᠬᠤᠶᠠᠳᠤᠠᠭᠠᠷ ᠵᠡᠷᠭᠡ ᠶᠢᠨ ᠲᠠᠶᠢᠵᠢ ᠠᠴᠠ ᠤᠯᠤᠰ ᠲᠤᠷ ᠲᠤᠰᠠᠯᠠᠬᠤ ᠬᠦᠩ ᠲᠡᠪᠰᠢᠭᠦᠯᠵᠤ ᠪᠠᠭᠠᠷᠢᠨ ᠤ ᠬᠤᠰᠢᠭᠤᠨ ᠤ ᠵᠠᠰᠠᠭ ᠤᠨ ᠶᠠᠪᠤᠳᠠᠯ ᠳᠤ ᠲᠤᠰᠠᠯᠠᠭᠤᠯᠵᠠᠢ᠃ ᠡᠨᠡ ᠲᠤᠬᠠᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠷᠢᠮᠪᠤ ᠬᠤᠰᠢᠭᠤᠨ ᠵᠠᠰᠠᠭ  ᠎ ᠢᠶᠠᠨ ᠬᠠᠮᠢᠶᠠᠷᠬᠤ ᠦᠭᠡᠢ᠂ ᠡᠳᠦᠷᠵᠢᠨ ᠠᠷᠢᠬᠢᠳᠠᠨ ᠴᠡᠩᠭᠡᠯᠳᠦᠵᠦ ᠸᠠᠩ ᠤᠷᠳᠤᠨ ᠢ ᠦᠢᠮᠡᠭᠦᠯᠵᠦ ᠪᠠᠶᠢᠭᠰᠠᠨ ᠢᠶᠠᠨ ᠡᠴᠦᠰ ᠲᠡᠭᠡᠨ ᠠᠷᠢᠬᠢᠨ ᠤ ᠬᠤᠶᠢᠨ᠎ᠠ ᠬᠦᠮᠦᠨ ᠠᠯᠠᠭᠰᠠᠨ ᠠᠴᠠ ᠨᠠᠶᠢᠷᠠᠯᠳᠤ ᠲᠦᠪ ᠤᠨ ᠨᠠᠢᠮᠠᠳᠤᠭᠠᠷ ᠤᠨ ᠤ ᠨᠠᠮᠤᠷᠤᠨ ᠲᠤᠯᠤᠳᠤᠭᠠᠷ ᠰᠠᠷ᠎ᠠ ᠳᠤ ᠬᠠᠷ᠎ᠠ ᠪᠡᠴᠢᠨ ᠡᠳᠦᠷ ᠭᠠᠳᠠᠭᠠᠳᠤ ᠮᠤᠩᠭᠤᠯ ᠤᠨ ᠲᠦᠷᠦ ᠶᠢ ᠬᠠᠮᠢᠶᠠᠷᠬᠤ ᠶᠠᠮᠤᠨ  ᠎ ᠠᠴᠠ ᠨᠠᠶᠢᠷᠠᠯᠳᠤ ᠲᠦᠪ ᠬᠠᠭᠠᠨ ᠳᠤ ︽ᠪᠠᠭᠠᠷᠢᠨ ᠵᠠᠰᠠᠭ ᠲᠦᠷᠦ ᠶᠢᠨ ᠵᠢᠶᠦ᠋ᠨ ᠸᠠᠩ ᠲᠡᠭᠦᠨ ᠤ ᠬᠠᠷᠬᠢᠰ ᠬᠡᠷᠴᠡᠭᠡᠢ ᠠᠨᠤ ᠲᠦᠢᠯ ᠲᠤᠷ ᠬᠦᠷᠴᠠᠢ᠃ ᠡᠳᠦᠷᠵᠢᠨ ᠠᠷᠢᠬᠢᠳᠠᠵᠤ ᠰᠢᠳᠠᠷ ᠬᠠᠮᠠᠭᠠᠯᠠᠭᠴᠢ ᠶᠤᠭᠠᠨ ᠠᠷᠢᠬᠢᠨ ᠤ ᠬᠤᠶᠢᠨ᠎ᠠ ᠠᠯᠠᠪᠠ᠃ ᠲᠡᠭᠦᠨ ᠤ ᠸᠠᠩ ᠤᠨ ᠬᠡᠷᠭᠡᠮ ᠢ ᠨᠢ ᠬᠤᠰᠤᠵᠤ ᠨᠡᠶᠢᠰᠯᠡᠯ ᠬᠤᠳᠠᠨ᠎ᠠ ᠬᠤᠷᠢᠵᠤ ᠴᠠᠭᠠᠵᠠᠯᠠᠬᠤ ᠶᠢ ᠬᠦᠰᠡᠮᠦᠢ︾ ᠬᠡᠮᠡᠨ ᠵᠠᠭᠠᠯᠳᠤᠭᠰᠠᠨ ᠳᠤ ᠨᠠᠶᠢᠷᠠᠯᠳᠤ ᠲᠦᠪ ᠬᠠᠭᠠᠨ ᠵᠦᠪᠰᠢᠶᠡᠷᠡᠵᠦ ᠲᠤᠰ ᠤᠨ ᠤ ᠠᠷᠪᠠᠨ ᠨᠢᠭᠡᠨ ᠰᠠᠷ᠎ᠠ ᠶᠢᠨ ᠴᠠᠭᠠᠭᠴᠢᠨ ᠲᠠᠤᠯᠠᠢ ᠡᠳᠦᠷ ᠴᠢᠩ ᠤᠨ ᠲᠦᠷᠦ ᠠᠴᠠ ︽ᠪᠠᠭᠠᠷᠢᠨ ᠪᠠᠷᠠᠭᠤᠨ ᠭᠠᠷᠤᠨ ᠵᠢᠶᠦ᠋ᠨ ᠸᠠᠩ ᠷᠢᠮᠪᠤ ᠵᠠᠰᠠᠭ ᠎ ᠤᠨ ᠶᠠᠪᠤᠳᠠᠯ ᠢ ᠬᠠᠮᠢᠶᠠᠷᠬᠤ ᠦᠭᠡᠢ᠂ ᠡᠳᠦᠷᠵᠢᠨ ᠶᠡᠭᠡᠪᠡᠷ ᠠᠷᠢᠬᠢᠳᠠᠨ ᠸᠠᠩ ᠤᠨ ᠤᠷᠳᠤᠨ ᠢ ᠲᠦᠢᠪᠡᠭᠡᠵᠦ ᠲᠤᠷᠠᠪᠠᠷ ᠠᠯᠠᠵᠤ ᠰᠢᠳᠠᠭᠠᠨ ᠬᠠᠷᠬᠢᠰ ᠤᠨ ᠲᠦᠢᠯ ᠳᠤ ᠬᠦᠷᠦᠭᠰᠡᠨ ᠲᠤᠯᠠᠳᠠ ᠨᠠᠶᠢᠰᠯᠡᠯ ᠬᠤᠳᠠᠨ ᠳᠤ ᠠᠪᠠᠴᠢᠵᠤ ᠬᠤᠷᠢᠵᠦ  ᠴᠠᠭᠠᠵᠠᠯᠠᠳᠤᠭᠠᠢ  ︾ ᠬᠡᠮᠡᠨ ᠴᠤᠬᠤᠯᠠᠪᠤᠷᠢᠯᠠᠨ ᠲᠤᠭᠳᠠᠭᠠᠨ᠂ ᠡᠵᠡᠨ ᠬᠠᠭᠠᠨ ᠳᠤ ᠲᠤᠭᠤᠭᠳᠠᠭᠰᠠᠨ ᠰᠡᠩᠭᠡᠷᠳᠠᠨ ᠪᠠᠷ ᠸᠠᠩ ᠤᠨ ᠬᠡᠷᠭᠡᠮ ᠵᠠᠯᠠᠭᠠᠮᠵᠢᠯᠠᠭᠤᠯᠵᠤ ᠪᠠᠭᠠᠷᠢᠨ ᠤ ᠵᠠᠰᠠᠭ ᠤᠨ ᠦᠢᠯᠡ ᠶᠢ ᠬᠠᠮᠢᠶᠠᠷᠠᠭᠤᠯᠵᠠᠢ᠃ ᠨᠠᠶᠢᠷᠠᠯᠳᠤ ᠲᠦᠪ ᠎ ᠤᠨ ᠠᠷᠪᠠᠳᠤᠭᠠᠷ ᠤᠨ ︵1732︶ ᠤᠨ ᠴᠠᠭᠠᠨ ᠰᠠᠷ᠎ᠠ ᠶᠢᠨ ᠬᠦᠭᠡᠭᠴᠢᠨ ᠪᠡᠴᠢᠨ ᠡᠳᠦᠷ ᠰᠡᠩᠭᠡᠷᠳᠠᠨ ᠴᠡᠷᠢᠭ ᠲᠠᠭᠠᠭᠤᠯᠤᠨ ᠵᠦᠩᠭᠠᠷ ᠤᠨ ᠭᠠᠯᠳᠠᠨ ᠤ ᠴᠡᠷᠢᠭ ᠢ ᠨᠡᠭᠡᠮᠵᠢᠯᠡᠵᠤ ᠤᠰᠠᠳᠬᠠᠭᠰᠠᠨ ᠭᠠᠪᠢᠶ᠎ᠠ ᠪᠠᠷ ᠴᠢᠩ ᠤᠨ ᠲᠦᠷᠦ ᠎ ᠠᠴᠠ ︽ᠪᠠᠭᠠᠷᠢᠨ ᠵᠢᠶᠦ᠋ᠨ ᠸᠠᠩ ᠰᠡᠩᠭᠡᠷᠳᠠᠨ ᠳᠤ ᠮᠢᠩᠭᠠᠨ ᠯᠠᠩ ᠮᠦᠩᠬᠦ ᠬᠦᠷᠳᠡᠭᠡᠪᠡ︾᠃ ᠵᠦᠩᠭᠠᠷ ᠲᠤ ᠴᠡᠷᠢᠭᠯᠡᠵᠦ ᠢᠯᠡᠯᠳᠡ ᠤᠯᠤᠭᠰᠠᠨ ᠤ ᠲᠠᠷᠠᠭ᠎ᠠ ᠤᠳᠠᠯ ᠦᠭᠡᠢ ᠵᠤᠤ ᠤᠳᠠ ᠶᠢᠨ ᠴᠢᠭᠤᠯᠭᠠᠨ ᠤ ᠲᠠᠷᠤᠭ᠎ᠠ ᠪᠤᠯᠵᠤ ᠲᠦᠷᠦ ᠬᠦᠷᠦᠨ ᠳᠤ ᠲᠤᠪᠤᠶᠢᠮ᠎ᠠ ᠵᠢᠳᠬᠦᠯ ᠭᠠᠷᠭᠠᠵᠠᠢ᠃ ᠲᠤᠤᠷ᠎ᠠ ᠨᠠᠶᠢᠷᠠᠯᠳᠤ ᠲᠦᠪ ᠬᠠᠭᠠᠨ ᠤ ᠦᠶ᠎ᠡ ᠳᠤ ᠬᠢ ᠰᠡᠩᠭᠡᠷᠳᠠᠨ ᠶᠢᠨ ᠴᠢᠬᠤᠯᠠ ᠬᠡᠷᠡᠭ ᠢ ᠰᠡᠶᠢᠷᠡᠭᠦᠯᠪᠡᠯ᠄ ᠨᠠᠶᠢᠷᠠᠯᠳᠤ ᠲᠦᠪ ᠤᠨ ᠬᠤᠶᠠᠳᠤᠭᠠᠷ ᠤᠨ ︵1724︶᠎ ᠤ ᠠᠷᠪᠠᠨ ᠨᠢᠭᠡᠳᠦᠭᠡᠷ ᠰᠠᠷ᠎ᠠ ᠶᠢᠨ ᠴᠠᠭᠠᠭᠴᠢᠨ ᠭᠠᠭ᠋ᠠᠢ ᠡᠳᠦᠷ ᠪᠠᠭᠠᠷᠢᠨ ᠤ ᠬᠤᠶᠠᠳᠤᠭᠠᠷ ᠵᠡᠷᠭᠡ ᠶᠢᠨ ᠲᠠᠶᠢᠵᠢ ᠰᠡᠩᠭᠡᠷᠳᠠᠨ ᠴᠡᠷᠢᠭ ᠤᠨ ᠭᠠᠪᠢᠶ᠎ᠠ ᠪᠠᠷ ᠤᠯᠤᠰ ᠲᠤᠷ ᠲᠤᠰᠠᠯᠠᠬᠤ ᠬᠦᠩ ᠡᠷᠭᠦᠮᠵᠢᠯᠡᠭᠳᠡᠵᠦ ᠪᠠᠭᠠᠷᠢᠨ ᠬᠤᠰᠢᠭᠤᠨ ᠤ ᠵᠠᠰᠠᠭ ᠤᠨ ᠦᠢᠯᠡ ᠳᠤᠷ ᠲᠤᠰᠠᠯᠠᠪᠠ᠃ ᠨᠠᠶᠢᠷᠠᠯᠳᠤ ᠲᠦᠪ ᠤᠨ ᠭᠤᠷᠪᠠᠳᠤᠭᠠᠷ ᠤᠨ ︵1725︶᠎ ᠤ ᠠᠷᠪᠠᠨ ᠰᠠᠷ᠎ᠠ ᠶᠢᠨ ᠬᠠᠷ᠎ᠠ ᠯᠤᠤ ᠡᠳᠦᠷ ᠪᠠᠭᠠᠷᠢᠨ ᠤ ᠤᠯᠤᠰ ᠲᠤᠷ ᠲᠤᠰᠠᠯᠠᠬᠤ ᠬᠦᠩ ᠰᠡᠩᠭᠡᠷᠳᠠᠨ ᠲᠦᠷᠦ ᠳᠤ ᠤᠷᠤᠵᠤ ᠬᠠᠭᠠᠨ ᠤ ᠡᠵᠡᠨ ᠲᠦᠮᠡᠨ ᠨᠠᠰᠤᠯᠠᠬᠤ ᠶᠢ ᠢᠷᠦᠭᠡᠨ ᠪᠡᠯᠭᠡᠳᠡᠪᠡ᠃ ᠨᠠᠶᠢᠷᠠᠯᠳᠤ ᠲᠦᠪ ᠤᠨ ᠲᠠᠪᠤᠳᠤᠭᠠᠷ ᠤᠨ ︵1724︶᠎ ᠤ ᠠᠷᠪᠠᠨ ᠨᠢᠭᠡᠳᠦᠭᠡᠷ ᠰᠠᠷ᠎ᠠ ᠶᠢᠨ ᠴᠠᠭᠠᠭᠴᠢᠨ ᠭᠠᠭ᠋ᠠᠢ ᠡᠳᠦᠷ ᠪᠠᠭᠠᠷᠢᠨ ᠤ ᠭᠠᠳᠠᠭᠠᠳᠤ ᠮᠤᠩᠭᠤᠯ ᠤᠨ ᠪᠠᠭᠠᠷᠢᠨ ᠤ ᠰᠡᠩᠭᠡᠷᠳᠠᠨ ᠵᠡᠷᠭᠡ ᠬᠦᠮᠦᠰ ᠲᠤ ᠡᠵᠡᠨ ᠤ ᠡᠮᠦᠨ᠎ᠡ ᠰᠢᠳᠠᠷ ᠶᠠᠪᠤᠬᠤᠢ ᠡᠷᠭᠦᠮᠵᠢᠯᠡᠵᠤ ᠬᠠᠭᠠᠨ ᠡᠵᠡᠨ ᠪᠡᠶᠡᠪᠡᠷ ᠢᠶᠠᠨ ᠠᠷᠢᠬᠢ ᠬᠠᠶᠢᠷᠠᠯᠠᠪᠠ᠃ ᠨᠠᠶᠢᠷᠠᠯᠳᠤ ᠲᠦᠪ ᠤᠨ ᠨᠠᠢᠮᠠᠳᠤᠭᠠᠷ ᠤᠨ ︵1730︶ ᠠᠷᠪᠠᠳᠤᠭᠠᠷ ᠰᠠᠷ᠎ᠠ ᠶᠢᠨ ᠴᠠᠭᠠᠨᠴᠢᠨ ᠲᠠᠤᠯᠠᠢ ᠡᠳᠦᠷ ᠪᠠᠭᠠᠷᠢᠨ ᠤ ᠤᠯᠤᠰ ᠲᠤᠷ ᠲᠤᠰᠠᠯᠠᠬᠤ ᠬᠦᠩ ᠰᠡᠩᠭᠡᠷᠳᠠᠨ ᠢ ᠵᠠᠰᠠᠭ ᠲᠦᠷᠦ ᠶᠢᠨ ᠵᠢᠶᠦ᠋ᠨ ᠸᠠᠩ ᠡᠷᠭᠦᠮᠵᠢᠯᠡᠵᠠᠢ᠃ ᠨᠠᠶᠢᠷᠠᠯᠳᠤ ᠲᠦᠪ ᠤᠨ ᠶᠢᠰᠦᠳᠤᠭᠡᠷ ᠤᠨ ︵1731︶ ᠤᠨ ᠠᠷᠪᠠᠨ ᠨᠢᠭᠡᠳᠦᠭᠡᠷ ᠰᠠᠷ᠎ᠠ ᠴᠠᠭᠠᠭᠴᠢᠨ ᠬᠤᠨᠢ ᠡᠳᠦᠷ ᠬᠦᠢ ᠬᠤᠸᠠ ᠬᠤᠳᠠ ᠶᠢᠨ ᠲᠦᠮᠡᠳ ᠴᠡᠷᠢᠭ ᠬᠢᠭᠡᠳ ᠰᠡᠩᠭᠡᠷᠳᠠᠨ ᠤ ᠴᠡᠷᠢᠭ ᠵᠢᠰ ᠪᠤᠯᠤᠩ ᠬᠡᠮᠡᠬᠦ ᠭᠠᠵᠠᠷ ᠪᠠᠭᠤᠳᠠᠯᠯᠠᠵᠤ᠂ ᠭᠠᠯᠳᠠᠨ ᠤ ᠴᠡᠷᠢᠭ ᠢ ᠲᠠᠶᠢᠯᠠᠬᠤ ᠠᠷᠭ᠎ᠠ ᠶᠢ  ᠵᠦᠪᠳᠡᠪᠡ  ᠃ ᠨᠠᠶᠢᠷᠠᠯᠳᠤ ᠲᠦᠪ ᠤᠨ ᠠᠷᠪᠠᠨ ᠨᠢᠭᠡᠳᠦᠭᠡᠷ ᠤᠨ ︵1733︶᠎ ᠤ ᠬᠤᠶᠠᠳᠤᠭᠠᠷ ᠰᠠᠷ᠎ᠠ ᠳᠤ ᠰᠡᠩᠭᠡᠷᠳᠠᠨ᠂ ᠲᠠᠨᠵᠢᠨᠳᠤᠷᠵᠢ ᠨᠠᠷ ᠤᠨ ᠡᠷᠳᠡᠨᠢ ᠵᠤᠤ ᠭᠠᠵᠠᠷ ᠲᠠᠶᠢᠰᠤᠨ ᠢ ᠡᠪᠳᠡᠭᠰᠡᠨ ᠭᠠᠪᠢᠶ᠎ᠠ ᠶᠢ ᠲᠤᠭᠠᠴᠢᠨ ᠠᠯᠪᠠᠨ ᠴᠡᠷᠢᠭ ᠲᠤ ᠶᠢᠰᠦᠨ ᠲᠦᠮᠡ ᠶᠢᠰᠦᠨ ᠮᠢᠩᠭᠠᠨ ᠯᠠᠩ ᠴᠠᠭᠠᠨ ᠮᠦᠩᠬᠦ ᠱᠠᠩᠨᠠᠵᠠᠢ᠃ ᠨᠠᠢᠮᠠᠨ ᠰᠠᠷ᠎ᠠ ᠶᠢᠨ ᠬᠦᠭᠡᠭᠴᠢᠨ ᠮᠤᠭᠠᠢ ᠡᠳᠦᠷ ᠵᠦᠩᠭᠠᠷ ᠴᠡᠷᠢᠭ ᠦᠳᠡᠷ ᠭᠤᠤᠯ ᠣᠷᠴᠢᠮ ᠬᠦᠷᠴᠦ ᠢᠷᠡᠭᠰᠡᠨ ᠢ ᠲᠤᠷᠰᠢᠵᠤ ᠤᠯᠤᠭᠠᠳ ᠰᠡᠩᠭᠡᠷᠳᠠᠨ ᠸᠠᠩ᠂ ᠯᠤᠪᠰᠠᠩ ᠬᠦᠩ ᠲᠠᠨ ᠢ ᠵᠠᠷᠯᠢᠭᠳᠠᠨ ᠴᠡᠷᠢᠭ ᠤᠳᠤᠷᠢᠳᠤᠨ ᠡᠷᠳᠡᠨᠢ ᠵᠤᠤ ᠤᠷᠤᠨ ᠳᠤ ᠬᠦᠷᠴᠠᠢ᠃ ᠨᠠᠢᠮᠠᠨ ᠰᠠᠷ᠎ᠠ ᠎ ᠳᠤ ᠲᠦᠮᠡ ᠨᠠᠢᠮᠠᠨ ᠮᠢᠩᠭ᠎ᠠ ᠮᠤᠩᠭᠤᠯ ᠴᠡᠷᠢᠭ ᠢᠶᠠᠷ ᠲᠤᠰᠤᠭᠤᠯᠠᠨ ᠴᠤᠬᠢᠭᠤᠯᠵᠠᠢ᠃ ᠬᠠᠷ᠎ᠠ ᠪᠡᠴᠢᠨ ᠡᠳᠦᠷ ᠰᠡᠩᠭᠡᠷᠳᠠᠨ᠂ ᠯᠤᠪᠰᠠᠩ ᠵᠡᠷᠭᠡ ᠴᠡᠷᠢᠭ ᠲᠠᠭᠠᠭᠤᠯᠤᠨ ᠡᠷᠳᠡᠨᠢ ᠵᠤᠤ ᠤᠷᠤᠨ ᠳᠤ ᠬᠦᠷᠴᠦ ᠨᠠᠢᠮᠠᠨ ᠰᠠᠷ᠎ᠠ ᠶᠢᠨ ᠲᠠᠪᠤᠨ ᠳᠤ ᠠᠷᠪᠠᠨᠳᠠ ᠲᠠᠭᠠᠷᠢᠨ ᠨᠠᠷᠠᠨ ᠰᠢᠩᠭᠭᠡᠬᠦ ᠦᠶᠡᠰ ᠶᠡᠭᠡ ᠠᠭᠤᠯᠠᠨ ᠤ ᠬᠠᠪᠴᠢᠯ ᠳᠤ ᠨᠡᠭᠡᠮᠵᠢᠯᠡᠵᠤ ᠲᠦᠮᠡ ᠢᠯᠡᠬᠦᠦ ᠬᠦᠮᠦᠨ ᠢ ᠠᠯᠠᠵᠤ ᠬᠡᠭᠦᠷ ᠶᠠᠰᠤᠨ ᠠᠭᠤᠯᠠ ᠲᠠᠯ᠎ᠠ ᠶᠢ ᠪᠦᠷᠬᠦᠨ᠂ ᠭᠤᠤᠯ ᠤᠰᠤᠨ ᠤᠯᠠᠭᠠᠨ ᠢᠶᠠᠷ ᠤᠷᠤᠰᠴᠠᠢ᠃ ᠭᠠᠯᠳᠠᠨ ᠤ ᠴᠡᠷᠢᠭ ᠰᠢᠷᠬ᠎ᠠ ᠤᠯᠵᠤ ᠲᠤᠳᠠᠭᠠᠨ ᠶᠠᠪᠤᠭᠰᠠᠨ ᠪᠠᠰᠠᠴᠦ ᠤᠯᠠᠨ᠃ ᠤᠯᠵᠠᠯᠠᠭᠰᠠᠨ ᠵᠠᠷ ᠵᠡᠪᠰᠡᠭ᠂ ᠮᠤᠷᠢ ᠲᠡᠮᠡᠭᠡ ᠶᠢ ᠲᠤᠭᠠᠯᠠᠪᠠᠰᠤ ᠪᠠᠷᠠᠬᠤ ᠦᠭᠡᠢ᠃ ᠵᠦᠩᠭᠠᠷ ᠴᠡᠷᠢᠭ ᠡᠷᠭᠦᠨ᠎ᠡ ᠭᠤᠤᠯ ᠤᠨ ᠲᠡᠭᠡᠳᠦ ᠤᠷᠤᠰᠬᠠᠯ ᠵᠦᠭ ᠪᠤᠷᠤᠭᠤᠯᠠᠵᠠᠢ᠃ ᠶᠢᠰᠦᠨ ᠰᠠᠷ᠎ᠠ ᠶᠢᠨ ᠬᠦᠭᠡᠭᠴᠢᠨ ᠲᠠᠬᠢᠶ᠎ᠠ ᠡᠳᠦᠷ ᠰᠡᠩᠭᠡᠷᠳᠠᠨ ᠪᠠᠭᠠᠳᠤᠷ ᠴᠤᠯᠠ ᠬᠦᠷᠳᠡᠵᠦ ᠵᠡᠷᠭᠡ ᠬᠡᠷᠭᠡᠮ ᠨᠡᠮᠡᠭᠳᠡᠵᠠᠢ᠃ ᠨᠠᠶᠢᠷᠠᠯᠳᠤ ᠲᠦᠪ ᠤᠨ ᠠᠷᠪᠠᠨ ᠨᠢᠭᠡᠨ ᠤᠨ ︵1733︶ ᠤᠨ ᠤ 2 ᠰᠠᠷ᠎ᠠ ᠶᠢᠨ ᠰᠢᠷ᠎ᠠ ᠬᠤᠯᠤᠭᠠᠨ᠎ᠠ ᠡᠳᠦᠷ ᠰᠡᠩᠭᠡᠷᠳᠠᠨ᠂ ᠲᠠᠨᠵᠢᠨᠳᠤᠷᠵᠢ ᠵᠡᠷᠭᠡ ᠬᠦᠮᠦᠨ ᠳᠤ ᠡᠷᠳᠡᠨᠢ ᠵᠤᠤ ᠳᠤ ᠲᠠᠶᠢᠰᠤᠨ ᠢ ᠡᠪᠳᠡᠭᠰᠡᠨ ᠭᠠᠪᠢᠶ᠎ᠠ ᠪᠠᠷ ᠲᠤᠰ ᠲᠤᠰ ᠶᠢᠰᠦᠨ ᠲᠦᠮᠡ ᠶᠢᠰᠦᠨ ᠮᠢᠩᠭᠠᠨ ᠯᠠᠩ ᠴᠠᠭᠠᠨ ᠮᠦᠩᠬᠦ ᠪᠠᠷ ᠱᠠᠩᠨᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号