ᠡᠵᠢ ᠲᠠᠢ ᠪᠠᠶᠢᠭᠰᠠᠨ ᠴᠠᠭᠠᠨ ᠰᠠᠷ᠎ᠠ
ᠨᠡᠶᠢᠲᠡᠯᠡᠭᠰᠡᠨ ᠴᠠᠭ᠄
2020-07-07
ᠡᠵᠢ ᠲᠠᠢ ᠪᠠᠶᠢᠭᠰᠠᠨ ᠴᠠᠭᠠᠨ ᠰᠠᠷ᠎ᠠ    ᠨᠠᠶᠠᠭᠠᠳ ᠤᠨ ᠤ  ᠡᠬᠢᠨ ᠤ  ᠲᠡᠷᠡ ᠵᠢᠯ ᠤᠨ ᠴᠠᠭᠠᠨ ᠰᠠᠷ᠎ᠠ  ᠮᠢᠨᠤ ᠬᠡᠤᠬᠡᠳ ᠨᠠᠰᠤᠨ ᠤ ᠮᠢᠨᠢ᠂   ᠮᠦᠨ ᠴᠦ᠂ ᠮᠢᠨᠤ ᠨᠢᠬᠡ ᠨᠠᠰᠤᠨ ᠤ  ᠬᠠᠮᠤᠭ ᠤᠨ  ᠵᠢᠷᠭᠠᠯ ᠲᠠᠢ᠂ ᠬᠠᠮᠤᠭ ᠤᠨ ᠬᠠᠷᠠᠮᠰᠠᠯ ᠲᠠᠢ  ᠴᠠᠭᠠᠨ ᠰᠠᠷ᠎ᠠ ᠭᠡᠵᠦ ᠬᠡᠯᠡᠵᠦ ᠪᠤᠯᠤᠨ᠎ᠠ᠃ ᠲᠡᠷᠡ ᠦᠶ᠎ᠡ ᠳᠤ ᠬᠡᠳᠦᠶᠢᠪᠡᠷ ᠶᠡᠷᠳᠢᠨᠴᠦ ᠶᠢᠨ ᠡᠷᠢᠶᠡᠨ ᠪᠠᠷᠢᠶᠠᠨ ᠢ ᠲᠡᠶᠢᠮᠦᠷᠬᠦ ᠲᠤᠳᠤᠷᠬᠠᠢ ᠮᠡᠳᠡᠭᠡ ᠦᠭᠡᠢ ᠭᠡᠳᠡᠭ ᠪᠤᠯᠪᠠᠴᠤ ᠡᠵᠢ ᠶᠢᠨ ᠮᠢᠨᠢ ᠬᠡᠯᠡᠭᠰᠡᠨ ᠨᠢᠭᠡᠯᠡ ᠦᠭᠡ ᠨᠠᠳᠠᠳᠤ ᠲᠤᠪ ᠲᠤᠳᠤᠷᠠᠬᠠᠢ  ᠴᠡᠭᠡᠵᠢᠯᠡᠭᠳᠡᠭᠰᠡᠭᠡᠷ ᠪᠠᠶᠢᠨ᠎ᠠ  ᠃ ᠤᠳᠤ ᠪᠤᠳᠤᠭᠰᠠᠭᠠᠷ ᠨᠢᠯᠪᠤᠰᠤ ᠤᠨᠠᠮᠠᠷ ᠶᠤᠮ᠂᠂᠂     ᠪᠠᠭ᠎ᠠ ᠰᠤᠷᠭᠠᠭᠤᠯᠢ ᠶᠢᠨ ᠪᠢᠴᠢᠭ ᠲᠡᠭᠡᠷ᠎ᠡ ᠠᠴᠠ ︽ ᠡᠯᠢᠬᠡ ᠪᠦᠳᠦᠨ ᠨᠢ  ᠬᠠᠮᠤᠭ ᠤᠨ ᠶᠡᠭᠡ ᠵᠢᠷᠭᠠᠯ ᠲᠠᠢ ᠬᠡᠤᠬᠡᠳ︾ ᠭᠡᠳᠡᠭ ᠠᠴᠠ ᠰᠡᠳᠦᠪ ᠵᠠᠯᠭᠠᠵᠤ  ᠂ ᠪᠢ ᠡᠵᠢ ᠠᠴᠠ ᠪᠠᠨ  ︽ᠪᠢ ᠵᠢᠷᠭᠠᠯ ᠲᠠᠢ ᠬᠡᠤᠬᠡᠳ ᠤᠤ︖  ᠡᠯᠢᠭᠡ ᠪᠦᠳᠦᠨ ᠭᠡᠳᠡᠭ ᠨᠢ ᠶᠠᠭᠤ ᠭᠡᠰᠡᠨ ᠦᠭᠡ ᠶᠤᠮ ᠪᠤᠢ︖︾  ᠭᠡᠬᠦ   ᠳᠤ ᠡᠵᠢ  ᠂  ᠮᠢᠨᠤ ᠬᠠᠴᠠᠷ ᠲᠡᠭᠡᠷ᠎ᠡ ᠲᠠᠪᠳᠠᠶᠢᠬᠠᠨ ᠨᠢᠭᠡ ᠦᠨᠦᠰᠦᠭᠡᠳ ︽ᠲᠠ ᠪᠤᠯ ᠶᠡᠷᠳᠢᠨᠴᠦ ᠲᠡᠭᠡᠷᠡᠬᠢ ᠬᠠᠮᠤᠭ ᠤᠨ ᠵᠢᠷᠭᠠᠯ ᠲᠠᠢ ᠬᠡᠤᠬᠡᠳ᠂ ᠡᠯᠢᠭᠡ ᠪᠦᠳᠦᠨ ᠭᠡᠳᠡᠭ ᠨᠢ ᠡᠵᠢ ᠲᠠᠢ ᠠᠪᠤ ᠲᠠᠢ ᠲᠠᠨ ᠰᠢᠭ ᠬᠡᠤᠭᠡᠳ ᠢ ᠬᠡᠯᠡᠵᠦ ᠪᠠᠶᠢᠨ᠎ᠠ᠂  ᠢᠩᠭᠢᠬᠦ ᠳᠡᠭᠡᠨ ᠲᠠ  ᠵᠢᠷᠭᠠᠯᠳᠠᠢ ᠬᠡᠤᠬᠡᠳ︾ ᠭᠡᠵᠦ ᠬᠠᠷᠢᠭᠤᠯᠤᠭᠰᠠᠨ ᠪᠢᠯᠡ᠃ ᠲᠡᠷᠡ ᠨᠢᠭᠡ ᠦᠨᠦᠰᠦᠯᠳᠡ ᠪᠠ ᠬᠠᠷᠢᠭᠤᠯᠳᠠ ᠨᠢ ᠨᠠᠳᠠᠳᠤ ᠡᠳᠦᠢ ᠪᠤᠯᠳᠠᠯ᠎ᠠ ᠬᠠᠳᠠᠩᠰᠢᠭᠰᠠᠭᠠᠷ᠂ ᠡᠮᠵᠢᠭᠯᠡᠭᠰᠡᠭᠡᠷ  ᠂ ᠬᠠᠷᠠᠮᠰᠠᠭᠰᠠᠭᠠᠷ᠂᠂᠂᠂ ᠠᠢ᠂᠂᠂ ᠬᠡᠤᠬᠡᠳ ᠨᠠᠰᠤ ᠭᠡᠵᠦ ᠡᠶᠢᠮᠦ ᠯᠡ ᠳ᠋ᠠ᠂᠂᠂ ᠢᠯᠡᠭᠦᠤ ᠲᠤᠳᠠᠭᠤ  ᠶᠠᠭᠤᠮ᠎ᠠ ᠪᠤᠳᠤᠳᠠᠭ ᠦᠭᠡᠢ  ᠳᠠᠩᠴᠢ ᠴᠠᠶᠢᠯᠭᠠᠨ ᠪᠠᠶᠢᠵᠡᠢ᠃     ᠲᠡᠭᠷᠢ ᠶᠢᠨ ᠬᠠᠶᠠᠭ᠎ᠠ ᠬᠦᠪᠡᠭᠡ ᠪᠠᠷ ᠢᠶᠠᠨ  ᠬᠦᠬᠡᠷᠡᠭᠰᠡᠨ ᠯᠠ ᠰᠠᠷ᠎ᠠ ᠶᠢᠨ ᠬᠤᠷᠢᠨ ᠭᠤᠷᠪᠠᠨ ᠦᠩᠭᠡᠷᠡᠵᠦ  ᠂ ᠭᠠᠯ ᠤᠨ ᠪᠤᠳᠠᠭ᠎ᠠ ᠠᠶᠢᠯ ᠪᠤᠯᠭᠠᠨ ᠳᠤ ᠲᠦᠭᠡᠭᠡᠭᠳᠡᠭᠰᠡᠨ ᠤ ᠰᠡᠭᠦᠯᠡᠷ᠂ ᠫᠤᠤᠵᠢᠶᠠᠩ ᠤᠨ ᠲᠠᠭᠤᠨ ᠮᠠᠨ ᠤ ᠨᠤᠳᠤᠭ  ᠢᠶᠠᠷ ᠬᠠᠶᠠ ᠴᠠᠶᠠ ︿ᠲᠦᠩ ᠲᠠᠩ﹀  ᠲᠤᠤᠭᠠᠷᠬᠤ  ᠰᠤᠨᠤᠰᠳᠠᠬᠤ ᠪᠤᠯᠵᠡᠢ᠃ ᠲᠡᠷᠡᠬᠦ ᠲᠠᠭᠤᠨ ᠨᠢ ᠬᠡᠳᠦᠶᠢᠪᠡᠷ  ᠨᠦᠰᠡᠷ ᠭᠡᠳᠡᠭ ᠪᠤᠯᠪᠠᠴᠤ ᠬᠡᠤᠭᠡᠳ ᠨᠠᠰᠤᠨ ᠳᠠᠭᠠᠨ ᠪᠠᠶᠢᠭ᠎ᠠ  ᠮᠢᠨᠤ ᠰᠡᠳᠬᠢᠯ ᠵᠢᠷᠦᠭᠡ ᠶᠢ ᠪᠦᠷᠢᠮᠰᠦᠨ ᠡᠵᠡᠮᠳᠡᠵᠦ᠂ ᠦᠪᠡᠷ ᠤᠨ ᠡᠷᠬᠡ ᠦᠭᠡᠢ ᠬᠠᠨᠵᠤᠨ ᠠᠴᠠ ᠪᠠᠨ ᠰᠢᠪᠳᠤᠷᠤᠨ ᠪᠠᠭᠤᠵᠤ᠂ ᠠᠪᠤ ᠶᠢᠨ  ᠠᠪᠴᠢᠷᠠᠵᠤ ᠦᠭᠭᠦᠭᠰᠡᠨ ᠲᠤᠭᠠᠳᠠᠢ ᠬᠡᠳᠦᠨ ᠫᠤᠤᠵᠢᠶᠠᠩ ᠢᠶᠠᠨ ᠬᠠᠷᠮᠠᠯᠠᠵᠤ᠂ ᠠᠶᠢᠯ   ᠤᠨ  ᠬᠡᠤᠬᠡᠳ ᠤᠨ ᠡᠩᠨᠡᠭᠡᠨ ᠳᠤ ᠭᠡᠰᠢᠭᠦᠨ ᠪᠤᠯᠬᠤ   ᠪᠠᠷ ᠭᠦᠶᠦᠳᠡᠭ ᠪᠠᠶᠢᠭᠰᠠᠨ᠃ ᠡᠵᠢ ᠶᠢᠨ ᠪᠡᠶ᠎ᠡ ᠲᠡᠷᠡ ᠦᠶ᠎ᠡ ᠳᠤ ᠶᠠᠮᠠᠷᠬᠠᠨ ᠪᠠᠶᠢᠭᠰᠠᠨ ᠭᠡᠳᠡᠭ ᠢ ᠲᠠᠭ  ᠬᠠᠮᠢᠶᠠᠷᠠᠳᠠᠭ ᠦᠭᠡᠢ ᠭᠡᠳᠡᠭ ᠨᠢ ᠦᠨᠡᠨ ᠦᠭᠡ ᠪᠢᠯᠡ᠃ ᠨᠠᠭᠠᠳᠤᠮ ᠳᠤ ᠰᠢᠨᠤᠭᠰᠠᠨ ᠲᠡᠷᠰᠡᠯᠭᠦᠤ ᠴᠠᠭ ᠭᠡᠵᠦ ᠲᠡᠷᠡ ᠯᠡ ᠳ᠋ᠠ᠂ ᠮᠠᠨ ᠤ ᠨᠠᠭᠠᠳᠤᠮ ᠶᠡᠷᠦᠩᠬᠡᠢ ᠳᠡᠭᠡᠨ ᠠᠪᠤ ᠡᠵᠢ ᠶᠢᠨ  ᠫᠠᠷᠭᠢᠯ ᠲᠠᠭᠤᠨ  ᠂ ᠠᠪᠠᠭ᠎ᠠ ᠠᠨᠢᠶ᠎ᠠ ᠶᠢᠨ ᠱᠤᠪᠰᠢᠷᠭ᠎ᠠ ᠰᠢᠳᠠᠮ ᠪᠤᠶᠤ ᠬᠡᠷᠡᠭᠦᠯ ᠵᠢᠭᠤᠷᠭᠠᠨ ᠤ ᠡᠴᠦᠰ ᠤᠨ  ᠲᠡᠮᠡᠴᠡᠭᠡᠨ ᠢᠶᠠᠷ ᠦᠨᠳᠦᠷᠯᠡᠵᠦ᠂ ᠲᠤᠯᠤᠭᠠᠢ ᠨᠢᠭᠤᠷ ᠲᠡᠭᠡᠨ ᠪᠦᠭᠡᠮ ᠰᠢᠷᠬ᠎ᠠ ᠲᠠᠢ ᠪᠤᠴᠠᠳᠠᠭ ᠪᠤᠯᠪᠠᠴᠤ ᠡᠵᠢ ᠮᠢᠨᠢ ᠶᠡᠷᠦᠨᠢ ᠠᠰᠠᠭᠤᠳᠠᠭ ᠴᠦ ᠦᠭᠡᠢ ᠮᠦᠷᠳᠡᠭᠡᠨ  ᠬᠠᠶᠠ ᠵᠠᠷᠢᠮ ᠪᠦᠳᠦᠭᠦᠨ ᠵᠠᠭᠠᠯᠳᠤᠯᠭ᠎ᠠ ᠲᠠᠢ ᠬᠦᠷᠬᠦ ᠳᠤ ᠯᠡ ︽ᠡᠷ᠎ᠡ ᠬᠦᠮᠦᠨ ᠠᠭᠤᠵᠢᠭᠤ ᠪᠠᠢ᠂ ᠡᠷ᠎ᠡ ᠬᠦᠮᠦᠨ ᠢᠩᠭᠢᠳᠡᠭ ᠦᠭᠡᠢ ᠶᠤᠮ︾ ᠬᠡᠬᠦ ᠵᠡᠷᠭᠡ ᠪᠠᠷ ᠬᠠᠮᠰᠢᠷᠠᠭᠰᠠᠨ ᠪᠦᠮᠪᠦᠭᠡ ᠳᠤ ᠬᠡᠢ ᠴᠤᠬᠢᠭᠰᠠᠨ ᠰᠢᠭ  ᠲᠤᠮᠤ ᠭᠡᠩᠬᠡᠷ ᠡᠷ᠎ᠡ ᠪᠤᠯᠭᠠᠴᠢᠬᠠᠭᠠᠳ ᠦᠨᠳᠦᠷ ᠮᠠᠯᠠᠭᠠᠢ  ᠵᠡᠭᠦᠯᠭᠡᠨ᠂ ᠮᠤᠳᠤᠨ ᠮᠤᠷᠢ ᠲᠠᠢ ᠪᠦᠭᠰᠡ ᠶᠢ ᠮᠢᠨᠢ ᠠᠯᠭᠠᠳᠠᠭᠤᠯᠤᠭᠠᠳ ᠪᠠᠶᠠᠷᠳᠠᠢ ᠪᠤᠴᠠᠭᠠᠳᠠᠭ ᠪᠢᠯᠡ  ᠃     ᠮᠠᠨ ᠤ ᠠᠶᠢᠯ ᠭᠡᠵᠦ ᠦᠨᠳᠦᠷ ᠰᠦᠷᠯᠢᠭ ᠢᠮᠠᠭᠠᠳᠤ ᠶᠢᠨ ᠠᠭᠤᠯᠠᠨ ᠡᠩᠭᠡᠷ ᠲᠠᠬᠢ  ᠳ᠋ᠠᠷᠴᠠᠭᠳᠤ  ᠲᠠᠯᠠᠩ ᠤᠨ ᠡᠩᠭᠡᠷ ᠢᠶᠠᠷ ᠰᠠᠭᠤᠷᠢᠰᠢᠨ ᠰᠠᠭᠤᠵᠤ᠂ ᠬᠤᠷᠢᠭᠠᠳᠬᠠᠨ ᠡᠷᠦᠬᠡ ᠪᠤᠯᠪᠠᠴᠤ ᠲᠤᠳᠤᠷ᠎ᠠ ᠵᠠᠭᠤᠷ᠎ᠠ ᠪᠠᠨ ᠶᠡᠭᠡ ᠡᠶ᠎ᠡ ᠡᠪ  ᠲᠠᠢ ᠪᠠᠶᠢᠵᠤ᠂ ᠤᠨᠴᠤᠭᠤᠶᠢᠯᠠᠨ ᠡᠵᠢ ᠶᠢ ᠡᠪᠡᠳᠴᠢᠯᠡᠭᠰᠡᠨ ᠤ ᠰᠡᠭᠦᠯᠡᠷ ᠠᠶᠢᠯ  ᠰᠠᠬᠠᠯᠳᠠ ᠪᠠᠷ ᠢᠶᠠᠨ ᠶᠡᠭᠡ ᠪᠠᠭ᠎ᠠ ᠠᠵᠢᠯ ᠳᠤ ᠢ ᠮᠢᠨᠢ  ᠬᠠᠪᠰᠤᠷᠤᠯᠴᠠᠨ ᠬᠢᠳᠡᠭ ᠢᠶᠠᠷ ᠪᠠᠷᠠᠬᠤ ᠦᠭᠡᠢ᠂ ᠡᠮᠦᠨ᠎ᠠ ᠠᠶᠢᠯ ᠤᠨ  ᠨᠤᠷᠪᠤ ᠠᠨᠢᠶ᠎ᠠ ᠭᠡᠵᠦ ᠲᠤᠶᠢᠯ ᠤᠨ ᠰᠡᠳᠬᠢᠯ ᠴᠠᠶᠢᠯᠭᠠᠨ᠂ ᠡᠵᠢ ᠠᠴᠠ ᠮᠢᠨᠢ ᠦᠯᠢᠭᠡᠷ ᠰᠤᠨᠤᠰᠬᠤ ᠲᠤᠷᠠᠳᠠᠢ  ᠂  ᠡᠵᠢ ᠶᠢᠨ ᠲᠤᠬᠠᠢ ᠶᠠᠷᠢᠭᠰᠠᠭᠠᠷ ᠯᠡ ᠮᠡᠯᠮᠡᠷᠡᠴᠢᠬᠡᠳᠡᠭ  ᠬᠦᠭᠰᠢᠨ ᠪᠢᠯᠡ᠃ ᠬᠡᠳᠦᠶᠢᠪᠡᠷ ᠮᠠᠨ ᠤ ᠬᠢ ᠠᠴᠠ ᠨᠠᠯᠢᠶᠡᠳ ᠵᠠᠢ ᠲᠠᠢ ᠭᠡᠳᠡᠭ ᠪᠤᠯᠪᠠᠴᠤ ᠰᠡᠯᠡᠭᠦᠤ ᠭᠠᠷᠤᠭᠰᠠᠭᠠᠷ ᠯᠡ ᠮᠠᠨ ᠬᠢᠨ ᠳᠤ ᠢᠷᠡᠵᠦ ᠡᠨᠡ ᠲᠡᠷᠡ ᠶᠢ ᠮᠢᠨᠢ ᠲᠤᠬᠤᠨᠢᠭᠤᠯᠵᠤ᠂᠂ ᠵᠦᠭᠰᠢᠷᠡᠭᠦᠯᠵᠦ  ᠪᠠᠷᠠᠴᠢᠬᠠᠭᠠᠳ᠂ ᠡᠵᠢ ᠲᠠᠢ ᠮᠢᠨᠢ ᠵᠤᠭᠤᠭᠳᠠᠵᠤ ᠰᠠᠭᠤᠳᠠᠭ ᠪᠢᠯᠡ᠃       ᠲᠡᠷᠡ ᠵᠢᠯ ᠤᠨ ᠪᠢᠳᠢᠭᠦᠨ ᠤ  ᠡᠳᠦᠷ   ᠢ ᠪᠢ ᠶᠡᠷᠦ  ᠮᠠᠷᠳᠠᠬᠤ  ᠦᠭᠡᠢ  ᠂ ᠠᠪᠤ ᠮᠢᠨᠢ  ᠬᠤᠨᠢᠨ ᠤ ᠡᠭᠡᠯᠵᠢ   ᠳᠤ ᠮᠤᠷᠳᠠᠵᠤ  ᠂ ᠪᠢ ᠠᠪᠤ ᠶᠢᠨ ᠬᠠᠳᠠᠭᠤ ᠵᠠᠬᠢᠶ᠎ᠠ ᠳᠤ ᠬᠤᠷᠭᠤᠭᠠᠭᠳᠠᠵᠤ ᠠᠶᠢᠯ ᠬᠡᠰᠦᠭᠡ ᠦᠭᠡᠢ᠂ ᠬᠠᠨᠵᠤᠨ ᠲᠡᠭᠡᠷ᠎ᠡ ᠪᠠᠨ ᠡᠭᠡᠴᠢ ᠲᠠᠢ ᠪᠠᠨ ᠬᠤᠶᠠᠭᠤᠯᠠ ᠴᠦᠢᠳᠡᠩ ᠬᠠᠷᠪᠤᠵᠤ ᠨᠠᠭᠠᠳᠴᠦ ᠰᠠᠭᠤᠯ᠎ᠠ᠃ ᠦᠳᠡ ᠪᠤᠯᠬᠤ ᠶᠢᠨ ᠠᠯᠳᠠ ᠪᠠᠷ ᠦᠬᠡᠷ ᠲᠤ ᠶᠠᠪᠤᠭᠰᠠᠨ ᠡᠭᠡᠴᠢ ᠮᠢᠨᠢ ᠬᠠᠷᠢᠵᠤ  ᠢᠷᠡᠵᠦ᠂ ᠪᠢᠳᠡᠭᠦᠨ ᠤ ᠭᠠᠯ ᠲᠠᠭᠠᠨ ᠶᠠᠭᠠᠷᠠᠯ᠎ᠠ᠃ ᠡᠵᠢ ᠮᠢᠨᠢ ᠴᠦ ᠠᠭᠠᠵᠢᠮᠬᠠᠨ ᠪᠤᠰᠴᠤ᠂ ᠬᠠᠶᠠᠭ᠎ᠠ ᠲᠦᠰᠢᠨ ᠭᠠᠳᠠᠨ᠎ᠠ ᠭᠡᠷ ᠲᠤ ᠭᠠᠷᠤᠯ᠎ᠠ᠃   ︽ᠡᠵᠢ ᠡ᠂ ᠲᠠ ᠪᠠᠶᠢᠴᠢᠬ᠎ᠠ᠂ ᠪᠢ ᠡᠪᠯᠡᠭᠦᠯᠴᠢᠬᠡᠨ᠎ᠡ᠂᠂᠂ ᠲᠡᠨᠡᠭ ᠡ᠂ ᠡᠵᠢ ᠳᠤ ᠰᠠᠨᠳᠠᠯᠢ ᠠᠪᠴᠢᠷᠠᠵᠤ ᠦᠭ ︾ ᠭᠡᠰᠡᠨ ᠡᠭᠡᠴᠢ ᠶᠢᠨ ᠵᠠᠬᠢᠷᠤᠩᠭᠤᠢ ᠲᠠᠭᠤᠨ ᠳᠤ ᠪᠢ ᠬᠠᠨᠵᠤᠨ ᠠᠴᠠ ᠪᠠᠨ ᠭᠤᠤᠰ  ᠦᠰᠦᠷᠦᠨ ᠪᠠᠭᠤᠵᠤ ᠰᠠᠨᠳᠠᠯᠢ  ᠲᠡᠪᠡᠷᠢᠨ ᠭᠦᠶᠦᠨ ᠭᠠᠷᠬᠤ ᠳᠤ ᠡᠵᠢ ᠮᠢᠨᠢ ᠬᠠᠶᠠᠭ᠎ᠠ ᠲᠦᠰᠢᠨ ᠵᠤᠭᠰᠤᠵᠤ᠂ ᠡᠪᠦᠳᠦᠭ ᠢᠶᠠᠷ ᠢᠶᠠᠨ ᠰᠠᠯᠭᠠᠨᠠᠨ ᠴᠡᠴᠡᠷᠬᠢᠯᠡᠵᠦ᠂ ᠬᠤᠶᠡᠷ ᠲᠡᠰᠢ ᠭᠤᠶᠢᠪᠠᠵᠤ᠂ ᠮᠠᠩᠨᠠᠢ ᠠᠴᠠ ᠨᠢ ᠬᠦᠯᠦᠰᠦ ᠴᠢᠭᠢᠭᠯᠡᠨ ᠭᠢᠯᠳᠠᠭᠠᠨᠠᠨ ᠬᠠᠷᠠᠭᠳᠠᠵᠤ ᠪᠠᠶᠢᠯ᠎ᠠ᠃ ᠪᠢ ᠡᠵᠢ ᠶᠢ ᠲᠦᠰᠢᠨ ᠰᠠᠨᠳᠠᠯᠢ ᠲᠡᠭᠡᠷ᠎ᠡ ᠰᠠᠭᠤᠯᠭᠠᠪᠠ᠃ ᠡᠵᠢ᠂ ᠡᠭᠡᠴᠢ ᠳᠤ  ︽ᠡᠨᠡ ᠢ  ᠨᠢ ᠢᠩᠭᠢᠵᠦ ᠬᠢ᠂᠂᠂᠂ ᠲᠠᠷᠡ ᠢ ᠨᠢ ᠤᠷᠢᠳᠠᠪᠡᠷ ᠴᠢᠨᠠ᠂᠂᠂︾  ᠭᠡᠳ ᠨᠢᠭᠡᠳ ᠨᠢᠭᠡ ᠪᠠᠷ ᠵᠢᠭᠠᠵᠤ ᠦᠭᠴᠦ ᠪᠠᠶᠢᠯ᠎ᠠ᠃ ᠲᠡᠮᠡᠢ ᠤᠳᠠᠯ ᠦᠭᠡᠢ ᠭᠠᠯ ᠲᠤᠭᠤᠭ᠎ᠠ ᠵᠡᠷᠭᠡ   ᠳᠡᠭᠡᠨ ᠬᠦᠭᠵᠢᠵᠦ᠂ ᠬᠤᠨᠢᠨ ᠮᠢᠬᠠᠨ ᠤ ᠰᠤᠷᠭᠤᠭ ᠦᠨᠦᠷ ᠬᠠᠮᠠᠷ ᠴᠤᠷᠭᠢᠨ ᠰᠡᠩᠭᠢᠨᠡᠨ  ᠬᠤᠪᠳᠤᠭ ᠲᠦᠷᠦᠭᠰᠡᠨ ᠮᠢᠨᠤ ᠬᠤᠷᠤᠬᠠᠢ ᠶᠢ ᠬᠦᠳᠡᠯᠭᠡᠨ ᠶᠠᠭᠠᠷᠠᠭᠤᠯᠤᠨ᠎ᠠ᠃   ᠠᠪᠤ ᠬᠤᠨᠢᠨ ᠠᠴᠠ ᠪᠠᠨ ᠪᠤᠴᠠᠵᠤ᠂ ᠬᠦᠯᠢᠶᠡᠵᠦ  ᠰᠠᠨᠳᠤᠷᠤᠭᠰᠠᠨ ᠪᠢᠳᠡᠭᠦᠨ ᠤ ᠬᠤᠭᠤᠯᠡ ᠫᠤᠤᠵᠢᠶᠠᠩ ᠤᠨ ᠲᠤᠮᠳᠠ ᠨᠢᠵᠢᠭᠡᠷ ᠶᠡᠭᠡ ᠪᠠᠷ ᠡᠬᠢᠯᠡᠯ᠎ᠡ᠃ ᠠᠪᠤ ᠡᠷᠭᠦᠯᠳᠡ ᠰᠠᠴᠤᠯᠳᠠ   ᠪᠠᠨ ᠲᠠᠭᠤᠰᠬᠠᠵᠤ  ᠤᠷᠤᠵᠤ ᠢᠷᠡᠭᠡᠳ  ᠄   ︽ᠵᠠ᠂ ᠦᠨᠦᠭᠡᠳᠦᠷ ᠤᠨ ᠪᠠᠩᠰᠢ ᠶᠢ ᠰᠠᠶᠢᠨ ᠢᠳᠡᠨ᠎ᠡ ᠰᠢᠤ᠂  ᠪᠠᠩᠰᠢᠨ ᠲᠤᠳᠤᠷ᠎ᠠ ᠶᠠᠭᠤᠮ᠎ᠠ ᠪᠠᠶᠢᠨ᠎ᠠ᠂ ᠬᠡᠨ  ᠨᠢ ᠤᠷᠢᠳᠠᠪᠠᠷ ᠤᠯᠪᠠᠯ  ᠲᠡᠷᠠ ᠨᠢ ᠡᠨᠡ ᠵᠢᠯ ᠳᠡᠭᠡᠨ ᠰᠠᠶᠢᠨ  ︾ ᠭᠡᠵᠦ ᠶᠡᠭᠡ ᠯᠡ ᠪᠠᠶᠠᠷᠳᠠᠢ ᠶᠠᠷᠢᠯ᠎ᠠ᠃   ᠡᠵᠢ᠄ ︽ᠬᠡᠤᠬᠡᠳ ᠤᠳ ᠢᠳᠡᠵᠦ ᠪᠠᠶᠢᠭᠠᠷᠠᠢ᠂ ᠪᠢ  ᠴᠠᠳᠬᠤᠯᠠᠩ  ᠪᠠᠶᠢᠨ᠎ᠠ︾ ᠬᠡᠳ ᠬᠤᠶᠢᠰᠢ ᠤᠷᠤ ᠲᠦᠰᠢᠨ ᠬᠠᠵᠠᠭᠤᠯᠤᠯ᠎ᠠ᠃ ᠡᠵᠢ ᠶᠢᠨ ᠮᠢᠨᠢ ᠴᠠᠷᠠᠢ ᠶᠡᠭᠡ ᠯᠡ ᠬᠤᠵᠡᠶᠢᠨ ᠰᠢᠷᠠᠯᠠᠵᠠᠢ  ᠃ ᠪᠢ ᠯᠡ ᠶᠠᠭᠤ ᠶᠢ ᠴᠦ ᠬᠠᠮᠢᠶᠠᠷᠤᠯ ᠦᠭᠡᠢ ᠲᠤᠳᠤᠷᠠᠬᠢ ᠶᠠᠭᠤᠮ᠎ᠠ ᠶᠢ   ᠨᠢ ᠤᠯᠳᠠᠬᠤ ᠪᠠᠷ ᠬᠦᠴᠦᠯᠡᠨ ᠴᠠᠷᠮᠠᠶᠢᠵᠤ ᠢᠳᠡᠵᠦ ᠪᠠᠶᠢᠯ᠎ᠠ᠃ ᠠᠬ᠎ᠠ ᠬᠦᠪᠦᠩ᠂᠂ ᠡᠭᠡᠴᠢ ᠤᠳᠠᠰᠤ ᠭᠡᠳ ᠨᠢᠭᠡᠳ ᠨᠢᠭᠡ ᠪᠠᠷ ᠪᠠᠩᠰᠢ ᠶᠢᠨ ᠲᠤᠳᠤᠷᠠᠬᠢ ᠶᠠᠭᠤᠮ᠎ᠠ ᠨᠢ ᠲᠤᠳᠤᠷᠠᠵᠤ ᠯᠡ ᠪᠠᠶᠢᠯ᠎ᠠ᠃ ᠪᠢ ᠲᠦᠷᠦᠭᠦᠤ ᠡᠬᠢᠯᠡᠭᠡᠳ ᠰᠡᠭᠦᠯ ᠰᠢᠪᠳᠤᠷᠠᠳᠠᠯ᠎ᠠ  ᠶᠠᠭᠤ ᠴᠦ ᠤᠯᠤᠭ᠎ᠠ ᠦᠭᠡᠢ᠂ ᠭᠤᠮᠤᠳᠠᠬᠤ  ᠳᠠᠭᠠᠨ ᠡᠵᠢ ᠤᠷᠤᠭᠤ ᠪᠠᠨ ᠴᠤᠷᠪᠤᠶᠢᠪᠠ᠃ ᠡᠵᠢ ᠮᠢᠨᠤ ᠲᠤᠯᠤᠭᠠᠢ ᠶᠢ ᠢᠯᠪᠢᠵᠤ ︽ᠮᠢᠨᠤ ᠬᠦᠤ ᠰᠠᠶᠢᠨ ᠢᠳᠡ  ᠪᠠᠰᠠ ᠪᠠᠶᠢᠨ᠎ᠠ︾ ᠭᠡᠵᠦ  ᠶᠡᠭᠡ ᠡᠭᠡᠴᠢ ᠶᠢᠨ ᠵᠦᠭ  ᠲᠤᠬᠢᠬᠤ ᠳᠤ ᠡᠭᠡᠴᠢ᠂ ᠲᠦᠮᠫᠦᠨ ᠳᠤᠳᠤᠷ᠎ᠠ ᠬᠠᠭᠠᠰ ᠡᠳᠦᠷ ᠡᠷᠢᠵᠦ ᠪᠠᠶᠢᠭᠠᠳ ᠨᠢᠭᠡ ᠪᠠᠩᠰᠢ ᠶᠢ ᠮᠢᠨᠤ ᠠᠶᠠᠭᠠᠨ ᠳᠤ ᠬᠢᠬᠡᠳ ︽ᠮᠢᠨᠤ ᠲᠡᠭᠦᠤ ᠡᠨᠡ ᠪᠠᠩᠰᠢ ᠶᠢ ᠢᠳᠡᠵᠦ ᠦᠵᠡ  ︾ ᠭᠡᠯ᠎ᠡ᠃ ᠪᠢ  ᠶᠠᠭᠠᠷᠠᠤᠬᠠᠨ ᠠᠪᠴᠤ ᠬᠠᠵᠠᠬᠤ ᠳᠤ ᠨᠢᠭᠡ ᠲᠡᠮᠦᠷ ᠵᠤᠭᠤᠰ ᠲᠠᠱ ᠬᠢᠳᠡᠯ᠎ᠡ ᠬᠠᠵᠠᠭᠳᠠᠯ᠎ᠠ᠃ ᠢᠩᠭᠢᠬᠡᠳ ᠯᠡ ᠪᠢᠳᠡᠭᠦᠨ ᠤ ᠬᠤᠭᠤᠯᠠ  ᠪᠠᠶᠠᠷ ᠬᠦᠷ ᠲᠠᠢ ᠲᠡᠭᠦᠰᠦᠯ᠎ᠡ᠃ ᠰᠡᠭᠦᠯᠡᠷ ᠨᠢ᠂ ᠬᠦᠭᠡᠷᠤᠭᠦᠢ᠂ ᠪᠤᠳᠤᠵᠤ ᠦᠵᠡᠬᠦᠯᠡᠷ ᠡᠵᠢ ᠠᠪᠤ ᠮᠢᠨᠢ ᠬᠡᠤᠬᠡᠳ ᠤᠳ ᠢᠶᠠᠨ ᠴᠠᠳᠬᠤ ᠦᠭᠡᠢ ᠠᠴᠠ ᠡᠮᠢᠶᠡᠭᠰᠡᠨ ᠪᠠᠶᠢᠵᠤ ᠮᠡᠳᠡᠨ᠎ᠡ᠃     ᠪᠢ ᠲᠡᠷᠡ ᠵᠢᠯ ᠠᠷᠪᠠᠨ  ᠭᠤᠷᠪᠡ ᠪᠤᠯᠵᠤ ᠵᠢᠯ ᠵᠢᠷᠭᠢᠬᠦ ᠪᠤᠯᠬᠤᠷ ᠡᠵᠢ ᠮᠢᠨᠢ ᠨᠠᠳᠠᠳᠤ ᠤᠷᠢᠳᠦ ᠠᠶᠢᠯ ᠤᠨ ᠨᠤᠷᠪᠤ ᠠᠨᠢᠶ᠎ᠠ ᠪᠠᠷ ᠨᠤᠭᠤᠭᠠᠨ ᠬᠤᠸᠠᠷ ᠲᠠᠢ ᠰᠢᠨ᠎ᠡ ᠤᠯᠠᠨᠳᠠᠢ᠂ ᠠᠳᠠᠯᠢᠬᠠᠨ ᠦᠩᠭᠡ ᠲᠠᠢ ᠬᠦᠪᠤᠩ ᠦᠮᠦᠳᠦ ᠤᠶᠤᠭᠤᠯᠤᠭᠠᠳ ᠠᠯᠢ ᠡᠷᠳᠡ ᠪᠡᠯᠡᠳᠬᠡᠵᠤ ᠲᠠᠯᠪᠢᠭᠰᠠᠨ ᠪᠠᠶᠢᠵᠠᠢ  ᠃ ᠬᠤᠭᠤᠯᠠᠨ ᠤ ᠲᠠᠷᠠᠭ᠎ᠠ ᠨᠠᠮ᠎ᠠ ᠶᠢ ᠲᠠᠭᠤᠳᠠᠵᠤ ᠂ ᠪᠦᠬᠦᠨ ᠢ ᠳᠡᠷᠢ ᠲᠡᠭᠰᠢ  ᠡᠮᠦᠰᠬᠡᠴᠢᠬᠡᠭᠡᠳ ︽ᠮᠢᠨᠤ ᠬᠦᠤ  ᠪᠤᠤ ᠯᠡ ᠭᠬᠢᠷ ᠪᠤᠯᠭᠠᠴᠢᠬ᠎ᠠ᠂ ᠮᠠᠷᠭᠠᠰᠢ ᠰᠢᠨ᠎ᠡ ᠵᠢᠯ  ᠢᠶᠠᠷ ᠠᠶᠢᠯ ᠳᠤ ᠵᠤᠴᠢᠯᠠᠨ᠎ᠠ ᠰᠢᠤ︾ ᠭᠡᠵᠦ ᠠᠮᠢᠰᠬᠤᠭᠠᠳᠠᠨ ᠬᠡᠯᠡᠯ᠎ᠡ᠃     ᠲᠡᠷᠡ  ᠤᠷᠤᠢ ᠮᠠᠨ ᠳᠤ ᠲᠤᠩ ᠤᠯᠠᠨ ᠠᠪᠠᠭ᠎ᠠ ᠠᠨᠢᠶ᠎ᠠ ᠨᠠᠷ ᠠᠶᠢᠯᠠᠴᠢᠯᠠᠬᠤ ᠪᠠᠷ ᠢᠷᠡᠵᠦ᠂ ᠤᠯᠠᠨ ᠬᠡᠤᠬᠡᠳ ᠴᠤᠭᠯᠠᠷᠠᠵᠠᠢ᠃ ᠵᠢᠯ ᠪᠤᠯᠭᠠᠨ ᠤ ᠪᠢᠳᠡᠭᠦᠨ ᠳᠤ ᠮᠠᠨ ᠳᠤ ᠤᠯᠠᠨ ᠬᠦᠮᠦᠨ ᠴᠤᠭᠯᠠᠷᠠᠵᠤ ᠲᠠᠭᠤᠯᠠᠵᠤ ᠬᠦᠭᠡᠷᠦᠯᠳᠦᠳᠡᠭ ᠪᠤᠯᠪᠠᠴᠤ ᠡᠨᠡ ᠵᠢᠯ ᠬᠠᠷᠢᠨ ᠠᠰᠳᠠᠭᠠᠨ᠃ ᠨᠠᠮ ᠨᠠᠮᠵᠢᠭᠤᠬᠠᠨ ᠴᠠᠢ ᠤᠤᠭᠤᠯᠴᠠᠨ ᠰᠠᠭᠤᠯᠴᠠᠵᠤ ᠶᠠᠷᠢᠶ᠎ᠠ ᠵᠤᠭᠤᠭ ᠲᠠᠯᠪᠢᠵᠤ ᠲᠠᠪᠳᠠᠶᠢᠬᠠᠨ  ᠵᠤᠭᠤᠭᠳᠠᠵᠠᠭᠠᠨ᠎ᠠ᠃ ᠭᠠᠭᠴᠠ ᠯᠡ ᠬᠦᠷᠢᠶᠡᠨ ᠳᠠᠬᠢ ᠬᠡᠤᠬᠡᠳ ᠤᠨ ᠲᠠᠭᠤᠨ᠂ ᠰᠦᠨᠢ ᠲᠤᠮᠳᠠᠬᠢ ᠫᠤᠤᠵᠢᠶᠠᠩ ᠤᠨ ᠲᠠᠭᠤᠨ ᠲᠠᠢ ᠬᠦᠭ ᠨᠡᠶᠢᠯᠡᠨ ᠫᠠᠴᠢᠭᠢᠨᠠᠵᠤ ᠪᠠᠶᠢᠯ᠎ᠠ᠃    ᠮᠠᠷᠭᠠᠰᠢ ᠦᠷᠯᠦᠭᠡ ᠨᠢ ᠨᠤᠶᠢᠷ ᠲᠠᠭᠠᠨ ᠯᠡ  ᠬᠡᠴᠡᠭᠦᠤ ᠪᠢ ᠡᠷᠳᠡᠯᠡᠨ ᠪᠤᠰᠤᠭᠠᠳ ᠨᠠᠰᠤ ᠰᠠᠴᠠᠭᠤ ᠬᠡᠳᠦ ᠲᠠᠢ  ᠪᠠᠨ ᠠᠶᠢᠯ ᠬᠡᠰᠦᠵᠤ ᠵᠢᠯ ᠵᠢᠷᠭᠢᠭᠰᠡᠨ ᠢᠶᠠᠨ ᠠᠶᠢᠯ ᠲᠠᠷᠠᠭᠠᠯᠠᠨ ᠮᠡᠳᠡᠭᠦᠯᠦᠨ ᠲᠤᠭᠤᠷᠢᠵᠠᠢ᠃ ᠤᠷᠤᠢ ᠨᠠᠷᠠ ᠰᠢᠩᠭᠡᠬᠦ  ᠶᠢᠨ ᠠᠯᠳᠠ ᠪᠠᠷ ᠤᠯᠤᠭᠰᠠᠨ ᠶᠠᠭᠤᠮ᠎ᠠ ᠪᠠᠨ ᠡᠵᠢ ᠳᠡᠭᠡᠨ ᠭᠠᠶᠢᠬᠠᠭᠤᠯᠤᠨ  ᠭᠠᠪᠢᠶᠠᠷᠬᠠᠵᠤ᠂ ᠵᠤᠭᠤᠰ ᠮᠦᠩᠭᠦ᠂ ᠠᠯᠢᠮ᠎ᠠ ᠪᠤᠤᠪᠤ  ᠭᠡᠳ ᠡᠵᠢ ᠪᠠᠷ ᠢᠶᠠᠨ ᠢᠯᠭᠠᠭᠤᠯᠵᠤ᠂ ᠲᠤᠭᠠᠯᠠᠭᠤᠯᠵᠤ᠂ ᠬᠡᠨ ᠨᠢ ᠶᠠᠭᠤ ᠦᠭᠭᠦᠭᠰᠡᠨ  ᠂ ᠬᠡᠨ ᠨᠢ ᠶᠠᠭᠤ ᠤᠯᠤᠭᠰᠠᠨ ᠭᠡᠳ ᠶᠠᠷᠢᠭᠠᠳ ᠪᠠᠷᠠᠳᠠᠭ ᠦᠭᠡᠢ ᠵᠤᠭᠤᠭ ᠢᠶᠠᠨ ᠡᠵᠢ   ᠳᠡᠭᠡᠨ ᠶᠠᠷᠢᠵᠤ᠂ ᠡᠵᠢ ᠮᠢᠨᠢ ᠴᠦ ᠬᠠᠯᠠᠰᠢᠷᠠᠯ ᠦᠭᠡᠢ ᠰᠤᠨᠤᠰᠳᠠᠭ ᠪᠠᠶᠢᠯ᠎ᠠ᠃       ᠲᠡᠷᠡ ᠵᠢᠯ ᠤᠨ ᠴᠠᠭᠠᠨ ᠰᠠᠷ᠎ᠠ ᠶᠢᠨ ᠬᠤᠷᠢᠨ ᠲᠤᠯᠤᠭᠠᠨ  ᠰᠦᠨᠢ ᠭᠡᠵᠦ ᠶᠤᠰᠤᠳᠠᠢ ᠲᠡᠭᠷᠢ ᠭᠠᠵᠠᠷ ᠨᠡᠶᠢᠯᠮᠡᠷ ᠲᠡᠰᠬᠢᠮ᠎ᠡ ᠬᠦᠢᠳᠡᠨ ᠰᠦᠨᠢ  ᠪᠠᠶᠢᠭᠰᠠᠨ ᠶᠤᠮ᠃ ᠪᠢ ᠬᠦᠢᠳᠡᠨ ᠠᠴᠠ ᠠᠶᠤᠵᠤ ᠠᠶᠢᠯ ᠬᠡᠰᠦᠵᠦ ᠴᠢᠳᠠᠭ᠎ᠠ ᠦᠭᠡᠢ  ᠤᠷᠤ ᠲᠡᠭᠡᠷ᠎ᠡ ᠪᠠᠨ ᠭᠠᠷᠤᠮᠠᠭᠴᠠ ᠨᠤᠶᠢᠷᠮᠤᠭᠯᠠᠪᠠ᠃ ᠭᠡᠨᠡᠳᠳᠡ᠄     ︽ᠬᠦᠭᠰᠢᠨ ᠡ  ᠬᠦᠭᠰᠢᠨ ᠡ︾ ᠬᠡᠬᠦ ᠰᠤᠴᠢᠮᠠᠭ ᠲᠠᠭᠤᠨ ᠠᠴᠠ ᠰᠤᠴᠢᠨ ᠰᠡᠷᠢᠵᠦ ᠭᠦᠶᠦᠨ ᠪᠤᠰᠬᠤ ᠳᠤ ᠡᠵᠢ ᠮᠢᠨᠢ ᠤᠷᠤ ᠲᠦᠰᠢᠨ ᠰᠤᠯᠳᠠᠶᠢᠨ ᠤᠶᠢᠴᠢᠵᠦ᠂ ᠠᠪᠤ ᠭᠠᠷ ᠠᠴᠠ ᠨᠢ ᠳᠠᠳᠠᠨ ᠰᠡᠭᠰᠦᠷᠴᠦ ᠳᠠᠭᠤᠳᠠᠨ ᠬᠠᠰᠬᠢᠷᠴᠦ ᠪᠠᠶᠢᠯ᠎ᠠ᠃ ᠨᠤᠶᠢᠷᠮᠤᠭ ᠰᠤᠴᠢᠭᠰᠠᠨ ᠪᠢ  ᠂ ᠤᠷᠤᠨ ᠠᠴᠠ ᠪᠠᠨ ᠬᠦᠳᠡᠯᠦᠯ ᠦᠭᠡᠢ ᠮᠡᠯᠡᠷᠡᠨ ᠵᠤᠭᠰᠤᠬᠤ  ᠳᠤ ︽ᠮᠢᠨᠤ ᠬᠦᠤ᠂ ᠬᠤᠷᠳᠤᠨ ᠶᠠᠪᠤ᠂ ᠠᠶᠢᠯ ᠤᠨ ᠨᠠᠭᠠᠴᠤ ᠪᠠᠨ ᠲᠠᠭᠤᠳᠠᠭᠠᠳ ᠢᠷ᠎ᠡ︾ ᠭᠡᠵᠤ ᠪᠢᠴᠢᠮᠳᠠᠩᠭᠤᠢ ᠬᠠᠰᠬᠢᠴᠠᠪᠠ᠃ ᠪᠢ ᠱᠠᠬᠠᠢ ᠴᠦ ᠡᠮᠦᠰᠦᠯ ᠦᠭᠡᠢ ᠲᠡᠪᠬᠢᠷᠡᠨ ᠭᠦᠶᠦᠵᠦ ᠨᠠᠭᠠᠴᠤ  ᠠᠪᠤ ᠶᠢᠨ ᠡᠭᠦᠳᠡᠨ ᠳᠤ ᠬᠦᠷᠴᠦ ︽ᠨᠠᠭᠠᠴᠤ ᠠᠪᠤ ᠡ  ᠂ ᠨᠠᠭᠠᠴᠤ ᠠᠪᠤ ᠡ᠂  ᠡᠵᠢ᠂᠂᠂ ᠡᠵᠢ᠂᠂᠂︾ ᠭᠡᠵᠦ ᠬᠤᠶᠠᠷ ᠲᠠᠪᠳᠠᠨ  ᠬᠠᠰᠬᠢᠷᠤᠭᠠᠳ  ᠂ ᠤᠯᠵᠤ ᠰᠤᠨᠤᠰᠤᠭᠰᠠᠨ ᠡᠰᠡᠬᠦ ᠦᠯᠦ ᠬᠠᠶᠢᠬᠤᠷᠤᠨ ᠭᠡᠷ ᠵᠦᠭ ᠢᠶᠠᠨ ᠪᠤᠴᠠᠨ ᠭᠦᠶᠦᠯ᠎ᠡ᠃ ᠭᠡᠷ ᠲᠤ ᠤᠷᠤᠬᠤ ᠳᠤ ᠡᠭᠡᠴᠢ ᠨᠠᠷ ᠤᠬᠢᠯᠠᠨ ᠪᠠᠬᠢᠷᠠᠯᠴᠠᠵᠤ᠂ ᠠᠪᠤ  ᠶᠠᠮᠠᠷᠬᠠᠨ ᠪᠠᠶᠢᠳᠠᠯ ᠲᠠᠢ ᠪᠤᠯᠤᠭᠰᠠᠨ ᠢ ᠲᠦᠰᠦᠪᠯᠡᠭᠰᠡᠨ ᠮᠠᠶ᠋ᠢᠭᠳᠠᠢ ᠡᠵᠢ  ᠶᠢ ᠠᠶᠠᠷᠬᠠᠨ ᠤᠷᠤ ᠲᠦᠰᠢᠭᠦᠯᠦᠨ  ᠬᠡᠪᠳᠡᠭᠦᠯᠪᠡ᠃ ᠡᠵᠢ ᠶᠢᠨ ᠴᠠᠷᠠᠢ ᠴᠢᠰᠤ ᠦᠭᠡᠢ  ᠬᠤᠵᠠᠶᠢᠨ   ᠴᠠᠶᠢᠷᠠᠵᠠᠢ᠃    ᠲᠡᠮᠡᠢ ᠤᠳᠠᠯ ᠦᠭᠡᠢ᠂ ᠠᠶᠢᠯ ᠤᠨ ᠨᠠᠭᠠᠴᠤ᠂ ᠠᠶᠢᠯ ᠤᠨ ᠠᠪᠠᠭ᠎ᠠ ᠨᠠᠷ ᠴᠤᠪᠤᠷᠠᠯᠳᠤᠨ ᠬᠦᠷᠴᠦ ᠢᠷᠡᠯ᠎ᠡ᠃ ᠠᠶᠢᠯ ᠤᠨ ᠠᠪᠠᠭ᠎ᠠ ︽ᠬᠡᠤᠬᠡᠳ ᠤᠳ ᠢ ᠨᠦᠭᠦᠭᠡ ᠭᠡᠷ ᠠᠪᠤᠭᠠᠳ ᠤᠷᠤᠵᠤ ᠪᠠᠢ᠂᠂᠂ ᠵᠠ ᠵᠠ ᠶᠠᠪᠤᠵᠤ ᠪᠠᠢ︾ ᠭᠡᠳ ᠨᠠᠮ᠎ᠠ   ᠶᠢ ᠨᠦᠭᠦᠭᠡ ᠭᠡᠷ ᠵᠦᠭ ᠲᠦᠯᠬᠢᠪᠡ᠃ ᠡᠨᠡ ᠭᠡᠷ ᠲᠤ ᠶᠠᠭᠤ ᠪᠤᠯᠵᠤ ᠦᠩᠭᠡᠷᠡᠭᠰᠡᠨ᠂ ᠤᠳᠤ ᠶᠠᠭᠤ ᠪᠤᠯᠵᠤ ᠪᠠᠶᠢᠭ᠎ᠠ  ᠂ ᠶᠠᠭᠤ ᠪᠤᠯᠬᠤ ᠭᠡᠵᠤ ᠪᠠᠶᠢᠭ᠎ᠠ   ᠶᠢ ᠶᠡᠷᠦ ᠤᠶᠢᠯᠭᠠᠭᠰᠠᠨ ᠦᠭᠡᠢ ᠪᠢ ᠶᠠᠭᠤ ᠬᠠᠢ ᠦᠭᠡᠢ ᠨᠦᠭᠦᠭᠡ ᠭᠡᠷ ᠲᠤ ᠲᠦᠯᠬᠢᠭᠳᠡᠨ ᠤᠷᠤᠵᠠᠢ᠃ ᠰᠦᠨᠢ ᠲᠤᠮᠳᠠ ᠶᠢᠨ ᠠᠯᠳᠠ ᠪᠠᠷ ᠨᠠᠭᠠᠴᠤ ᠡᠮᠡᠭᠡ  ᠪᠠᠭ᠎ᠠ ᠡᠭᠡᠴᠢ ᠪᠢᠳᠡ ᠬᠤᠶᠠᠷ ᠢ ᠬᠦᠳᠦᠯᠵᠤ ᠭᠡᠷ ᠲᠡᠭᠡᠨ ᠠᠪᠠᠭᠠᠴᠢᠪᠠ᠃ ᠲᠡᠷᠡ ᠰᠦᠨᠢ ᠪᠢ ᠨᠢᠳᠦ ᠬᠠᠮᠬᠢᠯ ᠦᠭᠡᠢ ᠬᠤᠨᠤᠵᠡᠢ᠃ ᠰᠠᠶ᠋ᠢᠬᠠᠨ ᠲᠤᠬᠢᠶᠠᠯᠳᠤᠭᠰᠠᠨ ᠠᠶᠤᠮᠰᠢᠭᠳᠤ ᠦᠵᠡᠭᠳᠡᠯ᠂ ᠡᠵᠢ ᠮᠢᠨᠢ ᠶᠠᠭᠠᠬᠢᠭ᠎ᠠ ᠪᠤᠯ ᠡ ᠭᠡᠳᠡᠭ ᠬᠦᠭᠡᠷᠦᠭᠦᠢ ᠪᠤᠳᠤᠯ ᠡᠭᠡᠳᠡᠷᠡᠨ  ᠡᠷᠭᠢᠯᠳᠦᠵᠦ᠂ ᠪᠠᠶᠢᠨ ᠲᠠᠬᠢᠨ ᠡᠵᠢ ᠶᠢᠨ ᠲᠤᠬᠠᠢ ᠡᠷᠭᠢᠭᠦᠯᠦᠨ ᠤᠷᠪᠠᠭᠤᠯᠤᠨ ᠠᠰᠠᠭᠤᠪᠠᠴᠤ ᠨᠠᠭᠠᠴᠤ ᠡᠮᠡᠭᠡ ︽ᠡᠵᠢ ᠴᠢᠨᠢ ᠪᠤᠷᠬᠠᠨ ᠤ ᠤᠷᠤᠨ ᠡᠪᠡᠳᠴᠢᠨ ᠪᠠᠨ ᠵᠠᠰᠠᠭᠤᠯᠬᠤ ᠪᠠᠷ ᠶᠠᠪᠤᠬᠤ ᠭᠡᠵᠦ ᠪᠠᠶᠢᠨ᠎ᠠ᠂ ᠬᠡᠳᠦᠨ ᠡᠳᠦᠷ ᠪᠤᠯ ᠬᠠᠷᠢᠭᠠᠳ ᠢᠷᠡᠴᠢᠬᠡᠨ᠎ᠡ︾ ᠭᠡᠳ ᠯᠡ ᠠᠷᠭᠠᠳᠠᠨ ᠰᠠᠭᠠᠳᠠᠭᠠᠵᠤ ᠪᠠᠶᠢᠯ᠎ᠠ᠃ ᠨᠠᠭᠠᠴᠤ ᠡᠮᠡᠭᠡ ᠲᠡᠷᠡ ᠰᠦᠨᠢ ᠨᠢᠳᠦ   ᠪᠠᠨ ᠬᠠᠪᠳᠤᠳᠠᠯ᠎ᠠ  ᠤᠬᠢᠯᠠᠭᠰᠠᠨ  ᠪᠠᠶᠢᠵᠠᠢ  ᠃      ᠦᠷᠯᠦᠭᠡ ᠦᠷ ᠮᠠᠩᠬᠠᠶᠢᠬᠤ ᠶᠢᠨ ᠦᠶ᠎ᠡ ᠪᠠᠷ ᠨᠠᠭᠠᠴᠤ ᠡᠮᠡᠭᠡ ᠪᠢᠳᠡ ᠬᠤᠶᠠᠷ ᠢ ᠲᠠᠭᠠᠭᠤᠯᠤᠨ ᠭᠡᠷ ᠲᠤ ᠮᠢᠨᠢ ᠪᠤᠴᠠᠵᠤ ᠢᠷᠡᠬᠦ ᠳᠤ ᠬᠤᠯᠡ ᠤᠶᠢᠷ᠎ᠠ ᠶᠢᠨ ᠠᠬ᠎ᠠ ᠲᠡᠭᠦᠤ  ᠰᠠᠳᠤᠨ ᠪᠦᠷ ᠬᠦᠷᠦᠯᠴᠡᠨ ᠢᠷᠡᠵᠡᠭᠡᠵᠦ᠂ ᠭᠡᠷ ᠲᠦᠭᠦᠷᠡᠩ ᠬᠦᠮᠦᠰ ᠨᠢᠳᠦᠨ ᠳᠡᠭᠡᠨ ᠨᠢᠯᠪᠤᠰᠤ ᠲᠠᠢ ᠰᠠᠭᠤᠵᠠᠭᠠᠵᠦ ᠪᠠᠶᠢᠯ᠎ᠠ᠃ ᠭᠠᠶᠢᠬᠠᠯᠳᠠᠢ ᠨᠢ ᠭᠠᠳᠠᠨ᠎ᠠ ᠭᠡᠷ ᠲᠤ ᠬᠦᠨᠳᠡᠯᠡᠨ ᠪᠦᠰ ᠲᠠᠳᠠᠵᠤ᠂ ᠭᠠᠵᠠᠷ ᠲᠤᠮᠳᠠ ᠲᠦᠷᠪᠡᠯᠵᠢᠨ ᠰᠢᠷᠡᠭᠡ ᠲᠠᠯᠪᠢᠵᠤ᠂ ᠵᠤᠯᠠ ᠬᠦᠵᠡ ᠠᠰᠠᠭᠠᠵᠤ᠂ ᠰᠢᠷᠡᠭᠡ ᠲᠦᠭᠦᠷᠡᠩ ᠪᠤᠤᠪᠤ ᠪᠤᠭᠤᠷᠰᠤᠭ᠂ ᠠᠯᠢᠮ᠎ᠠ ᠵᠢᠮᠢᠰ ᠦᠷᠦᠵᠦ ᠲᠠᠯᠪᠢᠭᠰᠠᠨ ᠪᠠᠶᠢᠯ᠎ᠠ  ᠃ ᠨᠠᠭᠠᠴᠤ ᠡᠮᠡᠭᠡ ᠮᠢᠨᠤ ᠭᠠᠷ ᠠᠴᠠ ᠰᠡᠮᠡᠬᠡᠨ ᠳᠠᠳᠠᠵᠤ ︽ᠡᠵᠢ ᠳᠡᠭᠡᠨ ᠮᠦᠷᠬᠦ︾  ᠭᠡᠰᠡᠨ ᠢᠶᠠᠨ ᠡᠭᠡᠷ ᠲᠠᠳᠠᠨ ᠤᠬᠢᠯᠠᠪᠠ᠃ ᠭᠡᠷ ᠲᠠᠬᠢ ᠬᠦᠮᠦᠰ ᠨᠢᠯᠪᠤᠰᠤ ᠬᠠᠭᠤᠷᠠᠢ ᠬᠦᠮᠦᠨ ᠨᠢᠭᠡᠴᠦ ᠪᠠᠶᠢᠭ᠎ᠠ ᠦᠭᠡᠢ  ᠂ ᠪᠢ ᠤᠬᠢᠯᠠᠭ᠎ᠠ ᠦᠭᠡᠢ᠃ ᠤᠴᠢᠷ ᠨᠢ ᠨᠠᠭᠠᠴᠤ ᠡᠮᠡᠭᠡ ᠶᠢᠨ ᠬᠡᠯᠡᠭᠰᠡᠨ ᠦᠭᠡ ᠶᠢ ᠪᠠᠳᠤ ᠢᠳᠡᠬᠡᠭᠰᠡᠭᠡᠷ ᠪᠠᠶᠢᠯ᠎ᠠ᠃      ᠮᠠᠷᠭᠠᠰᠢ ᠶᠢᠨ ᠬᠢᠨ ᠶᠢᠰᠦᠨ ᠴᠠᠭ ᠤᠨ  ᠦᠶ᠎ᠡ ᠪᠠᠷ ︽ᠮᠤᠷᠳᠠᠬᠤ ᠴᠠᠭ ᠪᠤᠯᠵᠠᠢ︾ ᠭᠡᠬᠦ ᠠᠶᠢᠯ ᠤᠨ ᠠᠪᠠᠭ᠎ᠠ  ᠫᠠᠷᠬᠢᠯ ᠲᠠᠭᠤᠨ ᠢᠶᠠᠷ ᠡᠵᠢ ᠶᠢ ᠮᠢᠨᠢ ᠪᠠᠭᠳᠠᠭᠠᠭᠰᠠᠨ ᠬᠡᠪᠳᠡᠭᠡ ᠲᠦᠷᠪᠡᠯᠵᠢᠨ ᠠᠪᠰᠠ ᠲᠠᠮᠨᠠᠭᠳᠠᠨ ᠭᠠᠷᠴᠤ  ᠢᠷᠡᠭᠡᠳ ᠬᠤᠤᠰ ᠬᠦᠯᠦᠭᠰᠡᠨ ᠮᠤᠷᠢᠨ ᠲᠡᠷᠭᠡᠨ ᠳᠤ ᠲᠡᠭᠡᠭᠡᠭᠳᠡᠪᠡ᠃ ᠠᠶᠢᠯ ᠤᠨ ᠠᠪᠠᠭ᠎ᠠ ᠨᠠᠮ᠎ᠠ ᠶᠢ ᠲᠠᠭᠤᠳᠠᠵᠤ ︽ᠡᠵᠢ ᠳᠡᠭᠡᠨ ᠲᠠᠯᠠᠯᠤᠯᠭ᠎ᠠ ᠠᠪᠤᠭᠠᠷᠠᠢ︾ ᠭᠡᠳ ᠫᠢᠯᠠ ᠳᠤ ᠬᠢᠭᠰᠡᠨ ᠴᠠᠭᠠᠨ ᠢᠳᠡᠭᠡ ᠪᠠᠷᠢᠭᠤᠯᠵᠤ ᠮᠤᠷᠢᠨ ᠲᠡᠷᠭᠡ ᠶᠢ ᠬᠡᠳᠦ ᠲᠤᠭᠤᠷᠢᠭᠤᠯᠵᠤ ᠲᠠᠯᠠᠯᠤᠯᠭ᠎ᠠ ᠠᠪᠤᠭᠤᠯᠵᠤ ︽ᠵᠠ ᠮᠤᠷᠳᠠᠭᠠᠷᠠᠢ︾ ᠭᠡᠳ ᠨᠠᠳᠠᠳᠦ ᠤᠭᠤᠳᠠ ᠳᠤ ᠬᠢᠭᠰᠡᠨ ᠴᠠᠭᠠᠨ ᠪᠤᠳᠠᠭ᠎ᠠ ᠪᠠᠷᠢᠭᠤᠯᠵᠤ  ᠭᠠᠷ ᠠᠴᠠ ᠬᠦᠳᠦᠯᠵᠦ ︽ᠡᠵᠢ ᠳᠡᠭᠡᠨ ᠴᠠᠭᠠᠨ ᠵᠠᠮ ᠲᠡᠪᠢᠰᠴᠦ ᠦᠭᠭᠦᠭᠡᠷᠠᠢ  ᠂ ᠭᠤᠤ ᠬᠤᠩᠬᠤᠯ ᠲᠠᠢ ᠭᠠᠵᠠᠷ ᠲᠤᠨᠢ ᠰᠦᠷᠴᠢᠵᠦ ᠪᠠᠶᠢᠭᠠᠷᠠᠢ︾ ᠭᠡᠳ ᠮᠤᠷᠢᠨ ᠲᠡᠷᠭᠡᠨ ᠤ ᠡᠮᠦᠨ᠎ᠡ ᠨᠢ ᠤᠷᠤᠵᠤ ᠠᠯᠬᠤᠯ᠎ᠠ᠃ ᠬᠤᠶᠢᠨ᠎ᠠ ᠠᠴᠠ ᠠᠶᠢᠯ ᠠᠶᠢᠮᠠᠭ ᠤᠨ ᠠᠬ᠎ᠠ ᠲᠠᠭᠦᠤ ᠰᠠᠳᠤᠨ᠂ ᠡᠭᠡᠴᠢ ᠲᠡᠷᠢᠭᠦᠳᠠᠢ ᠮᠦᠷᠭᠦᠯ ᠠᠪᠴᠤ  ᠪᠠᠬᠢᠷᠠᠯᠴᠠᠨ ᠤᠬᠢᠯᠠᠯᠳᠤᠵᠤ   ᠬᠤᠴᠤᠷᠠᠯ᠎ᠠ᠃     ᠱᠠᠷᠢᠯ ᠤᠨ ᠭᠠᠵᠠᠷ ᠬᠦᠷᠴᠦ ᠢᠷᠡᠯ᠎ᠡ᠃ ᠠᠯᠢ ᠡᠷᠳᠡ ᠪᠤᠯᠠᠰᠢᠨ ᠨᠦᠭᠡᠨ ᠳᠤ ᠮᠤᠷᠳᠠᠭᠰᠠᠨ ᠬᠦᠮᠦᠰ ᠨᠡᠯᠢᠶᠡᠳ ᠬᠦᠯᠢᠶᠡᠭᠰᠡᠨ ᠮᠠᠶ᠋ᠢᠭᠳᠠᠢ ᠴᠡᠴᠡᠷᠬᠢᠯᠡᠨ ᠵᠤᠭᠰᠤᠵᠤ ᠪᠠᠶᠢᠯ᠎ᠠ᠃ ᠮᠤᠷᠢᠨ ᠲᠡᠷᠭᠡ  ᠤᠬᠤᠭᠰᠠᠨ ᠨᠦᠬᠡᠨ ᠤ ᠡᠮᠦᠨᠡᠭᠦᠷ ᠵᠡᠭᠦᠨᠰᠢ ᠬᠠᠨᠳᠤᠨ ᠵᠤᠭᠰᠤᠵᠤ ᠠᠷᠠᠯ ᠢ ᠨᠢ ᠬᠦᠳᠡᠯᠭᠡᠭᠰᠡᠭᠡᠷ ᠠᠪᠰᠠ ᠶᠢ ᠲᠠᠮᠨᠠᠨ ᠨᠦᠬᠡᠨ ᠤᠷᠤᠭᠤ ᠠᠭᠠᠵᠢᠮᠬᠠᠨ ᠲᠠᠯᠪᠢᠯ᠎ᠠ᠃ ᠨᠤᠳᠤᠭ ᠤᠨ ᠲᠤᠮᠤᠴᠤᠤᠯ ᠬᠠᠷᠠᠴᠠ ᠢᠰᠬᠦᠴᠡ ᠬᠡᠳ ᠤᠶᠢᠮᠡᠯᠳᠦᠨ ᠵᠠᠰᠠᠵᠤ  ᠪᠤᠵᠢᠭᠢᠨᠠᠯᠳᠤᠨ᠎ᠠ᠃ ᠪᠢ ᠤᠯᠠᠨ ᠬᠦᠮᠦᠨ ᠤ ᠠᠷᠤ ᠳᠤ ᠮᠡᠨᠡᠭᠷᠡᠨ ᠵᠤᠭᠰᠤᠵᠤ ᠲᠤᠳᠤᠷ᠎ᠠ ᠪᠠᠨ ︿ᠡᠵᠢ ᠶᠢ ᠮᠢᠨᠢ ᠡᠨᠡ ᠨᠦᠬᠡᠨ ᠳᠤ ᠪᠤᠯᠠᠴᠢᠬᠠᠪᠠᠯ ᠶᠠᠭᠠᠬᠢᠵᠤ ᠭᠡᠷ ᠲᠡᠭᠡᠨ ᠪᠤᠴᠠᠬᠤ ᠪᠤᠢ﹀ ᠬᠡᠬᠦ ᠬᠡᠤᠬᠡᠳ ᠪᠤᠳᠤᠯ ᠳᠤ ᠡᠵᠡᠮᠳᠡᠵᠦ ᠪᠠᠶᠢᠳᠠᠯ᠎ᠠ ᠠᠶᠢᠯ ᠤᠨ ᠠᠪᠠᠭ᠎ᠠ ᠨᠠᠮ᠎ᠠ ᠶᠢ ᠲᠠᠭᠤᠳᠠᠵᠤ ︽ᠵᠠ ᠮᠢᠨᠤ ᠬᠦᠤ᠂ ᠨᠠᠰᠢ ᠢᠷ᠎ᠡ᠂ ᠡᠵᠢ ᠶᠢᠨ ᠬᠢᠨ ᠲᠡᠭᠡᠷ᠎ᠡ ᠰᠢᠷᠦᠢ ᠨᠡᠮᠡᠬᠦ ᠶᠤᠮ ᠰᠢᠤ︾ ᠭᠡᠵᠦ ᠬᠦᠷᠵᠡ ᠦᠭᠭᠦᠯ᠎ᠡ᠃     ᠪᠢ ᠬᠦᠷᠵᠡ ᠶᠢ ᠨᠢ ᠴᠠᠭᠠᠰᠢ ᠪᠠᠨ ᠰᠢᠳᠡᠵᠦ ᠤᠯᠠᠨ ᠤ ᠳᠤᠮᠳᠠᠭᠤᠷ ᠱᠤᠩᠭᠤᠯᠠᠨ ᠤᠷᠤᠵᠤ  ᠄    ︽ ᠪᠢ ᠲᠠ ᠨᠠᠷ ᠭᠤᠶᠤᠶ᠎ᠠ᠂ ᠮᠢᠨᠤ ᠡᠵᠢ ᠶᠢ ᠪᠢᠳᠡᠬᠡᠢ ᠪᠤᠯᠠ᠂ ᠡᠵᠢ ᠮᠢᠨᠢ ᠬᠠᠷᠢᠵᠤ ᠴᠢᠳᠠᠬᠤ ᠪᠠᠨ  ᠪᠤᠯᠢᠴᠢᠬᠠᠨ᠎ᠠ᠂ ᠪᠢ ᠭᠤᠶᠤᠶ᠎ᠠ︾ ᠭᠡᠵᠦ ᠬᠦᠴᠦ ᠮᠡᠳᠡᠨ ᠴᠠᠬᠢᠷᠠᠨ ᠤᠬᠢᠯᠠᠯ᠎ᠠ᠃ ᠤᠯᠠᠨ ᠬᠦᠮᠦᠰ ᠴᠦ ᠲᠠᠰᠬᠡᠯ ᠦᠭᠡᠢ ᠨᠢᠯᠪᠤᠰᠤ ᠰᠤᠪᠤᠷᠠᠭᠤᠯᠵᠤ ᠪᠠᠶᠢᠯ᠎ᠠ᠃ ᠠᠪᠤ ᠮᠢᠨᠢ ᠢᠷᠡᠵᠦ᠂ ᠨᠠᠮ᠎ᠠ ᠶᠢ  ᠲᠡᠪᠡᠷᠢᠨ ᠠᠪᠤᠭᠠᠳ᠄ ︽ᠬᠦᠤ ᠮᠢᠨᠢ ᠂᠂᠂ ᠲᠡᠭᠡᠵᠦ᠂᠂᠂︾ ᠭᠡᠳ ᠴᠠᠰᠢ ᠬᠡᠯᠡᠵᠦ ᠭᠠᠷᠤᠯ ᠦᠭᠡᠢ ᠡᠭᠡᠷ ᠲᠠᠳᠠᠨ ᠤᠬᠢᠯᠠᠯ᠎ᠠ᠃     ᠮᠢᠨᠤ  ᠲᠡᠯᠴᠢᠯᠡᠯᠳᠡ᠂ ᠮᠢᠨᠤ ᠤᠬᠢᠯᠡᠯ᠂ ᠶᠠᠮᠠᠷ ᠴᠦ ᠦᠷ᠎ᠡ  ᠳ᠋ᠦᠩ ᠭᠠᠷᠴᠤ ᠴᠢᠳᠠᠭ᠎ᠠ ᠦᠭᠡᠢ᠂ ᠲᠡᠮᠡᠢ ᠤᠳᠠᠯ ᠦᠭᠡᠢ ᠡᠵᠢ ᠶᠢᠨ ᠮᠢᠨᠢ ᠰᠢᠨ᠎ᠡ ᠤᠩᠭᠤᠨ ᠪᠤᠰᠬᠠᠭᠳᠠᠯ᠎ᠠ᠃      ᠠᠢ᠂᠂᠂ ᠢᠩᠭᠢᠭᠡᠳ ᠯᠡ ᠦᠷ᠎ᠡ ᠶᠢᠨ ᠲᠦᠯᠦᠭᠡ ᠭᠡᠵᠦ ᠢᠳᠡᠬᠦ ᠪᠠᠨ ᠠᠷᠪᠢᠯᠠᠵᠤ ᠡᠮᠦᠰᠬᠦ ᠪᠠᠨ ᠨᠢᠮᠭᠡᠯᠡᠭᠰᠡᠨ ᠬᠦᠭᠡᠷᠦᠬᠦᠢ ᠡᠵᠢ ᠮᠢᠨᠢ ᠮᠦᠩᠬᠡ ᠨᠤᠶᠢᠰᠤᠴᠢᠬᠠᠯ᠎ᠠ᠃      ᠪᠢ ᠡᠵᠢ ᠮᠢᠨᠢ ᠢᠷᠡᠳᠡᠭ ᠴᠦ ᠪᠤᠯᠪᠠᠤ ᠭᠡᠵᠦ ᠬᠤᠸᠠ ᠶᠢᠨ ᠵᠠᠮ ᠢ ᠤᠳᠠᠭᠠᠨ ᠰᠢᠷᠳᠡᠳᠡᠭ ᠪᠠᠶᠢᠭᠰᠠᠨ ᠡ᠂ ᠡᠵᠢ ᠮᠢᠨᠢ ᠢᠷᠡᠭᠡ ᠦᠭᠡᠢ᠃      ᠢᠩᠭᠡᠬᠦ ᠳᠡᠭᠡᠨ ᠯᠡ ᠴᠠᠭᠠᠨ ᠰᠠᠷ᠎ᠠ ᠪᠤᠯᠬᠤ ᠪᠦᠷᠢ ᠡᠵᠢ ᠲᠠᠢ ᠪᠠᠶᠢᠭᠰᠠᠨ ᠴᠠᠭᠠᠨ ᠰᠠᠷ᠎ᠠ ᠪᠤᠳᠤᠭᠳᠠᠵᠤ᠂ ᠡᠵᠢ  ᠶᠢ ᠮᠢᠨᠢ ᠠᠪᠠᠭᠠᠴᠢᠭᠰᠠᠨ ᠴᠠᠭᠠᠨ ᠰᠠᠷ᠎ᠠ   ᠳᠤ ᠪᠠᠰᠠ ᠭᠤᠮᠤᠳᠠᠳᠠᠭ ᠶᠤᠮ ᠳ᠋ᠠ᠃ ︿ᠲᠡᠭᠦᠰᠪᠡ  ﹀                ᠭᠠᠵᠠᠷ᠄   ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠪᠠᠯᠭᠠᠰᠤᠨ ᠤ ᠪᠤᠯᠤᠩ  ᠭᠠᠴᠠᠭᠠᠨ ᠤ         ᠢᠮᠠᠭᠠᠳᠤ ᠲᠤᠭᠤᠶᠢᠯᠠᠩ     ᠪᠦᠬᠡᠳᠤᠭᠳᠠᠬᠤ        ᠤᠳᠠᠰᠤ 15047615102                  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号