ᠴᠡᠩᠬᠡᠷ ᠴᠠᠭᠠᠨ ᠡᠬᠦᠯᠡ
ᠨᠡᠶᠢᠲᠡᠯᠡᠭᠰᠡᠨ ᠴᠠᠭ᠄
2020-07-06
ᠮ᠊᠂ ᠰᠡᠴᠡᠨᠪᠠᠭᠠᠲᠤᠷ       ᠬᠦᠯ ᠳᠤ ᠤᠷᠤᠭᠰᠠᠨ ᠴᠠᠭ ᠠᠴᠠ ᠪᠠᠨ ᠪᠢ ᠳᠦᠷᠦᠭᠰᠡᠨ ᠨᠤᠳᠤᠭ ᠤᠨ ᠢᠶᠠᠨ ᠴᠠᠩᠬᠡᠷ ᠴᠠᠭᠠᠨ ᠡᠬᠦᠯᠡ ᠶᠢ ᠨᠢᠬᠡ ᠯᠠ ᠮᠡᠳᠡᠬᠦ ᠳᠤ ᠶᠠᠬᠡᠳᠡ ᠭᠠᠶᠢᠬᠠᠵᠤ᠂ ᠨᠢᠭᠤᠴᠠ ᠤᠪᠠᠳᠢᠰ ᠶᠢ ᠨᠢ ᠤᠯᠵᠤ ᠮᠡᠳᠡᠶ᠎ᠡ ᠬᠡᠵᠤ ᠲᠡᠬᠦᠰᠬᠡᠯ ᠨᠢ ᠦᠯᠦ ᠬᠠᠷᠠᠭᠳᠠᠭᠴᠢ ᠤᠨ ᠴᠠᠭ ᠤᠨ ᠤᠨᠢᠶᠠᠷᠳᠦ ᠬᠦᠨᠳᠠᠢ ᠳᠤ ᠯᠠᠮᠠ ᠭᠠᠯᠠᠭᠤ ᠰᠢᠭ᠋ ᠭᠠᠩᠭᠠᠨᠠᠨ ᠳᠡᠪᠳᠡᠷᠢᠭᠰᠡᠬᠡᠷ ᠡᠳᠦᠢ ᠬᠦᠷᠴᠠᠢ᠃  ᠦᠩᠬᠡ ᠳᠦᠷᠰᠦ ᠨᠢ ᠪᠤᠮᠠᠨ ᠶᠠᠩᠵᠤ ᠪᠠᠷ ᠤᠯᠠᠷᠢᠨ ᠬᠤᠪᠢᠷᠠᠪᠠᠴᠤ ᠬᠡᠬᠡᠨ ᠴᠢᠨᠠᠷ ᠨᠢ ᠡᠬᠦᠷᠢᠳᠡ ᠶᠢᠨ  ᠬᠢ᠂ ᠮᠦᠨ ᠴᠤ ᠦᠨᠡᠨ ᠤ ᠬᠢ ᠬᠡᠵᠤ ᠭᠬᠢᠷ ᠬᠦᠷᠬᠡᠯ ᠦᠬᠡᠢ ᠡᠩᠬᠦᠷᠠᠶᠢᠯᠠᠨ ᠦᠮᠦᠬᠡᠷᠡᠭᠰᠡᠬᠡᠷ ᠢᠳᠡᠷ ᠨᠠᠰᠤᠨ ᠳᠠᠭᠠᠨ ᠭᠠᠷᠤᠯ᠎ᠠ᠃ ᠠᠷᠢᠭᠤᠨ ᠠᠴᠠ ᠠᠷᠢᠭᠤᠨ ᠴᠠᠩᠬᠡᠷ ᠴᠠᠭᠠᠨ ᠡᠬᠦᠯᠡ ᠠᠶᠤᠤᠯᠢᠬᠠᠢ ᠵᠢᠷᠦᠬᠡᠨ ᠠᠴᠠ ᠮᠢᠨᠢ ᠤᠷᠭᠤᠭᠠᠳ ᠤᠭᠳᠠᠷᠭᠤᠢ ᠳᠤ ᠪᠢᠰᠢᠯᠭᠠᠵᠤ ᠪᠠᠶᠢᠨ᠎ᠠ ᠤᠤ᠂ ᠠᠯᠢ ᠡᠰᠡᠬᠦᠯ᠎ᠡ ᠠᠰᠤᠷᠢ ᠲᠡᠭᠷᠢ ᠶᠢᠨ ᠶᠠᠮᠠᠷ ᠨᠢᠬᠡᠨ ᠦᠯᠦ ᠦᠵᠡᠭᠳᠡᠬᠦ ᠤᠷᠤᠨ ᠳᠤ ᠠᠷᠭ᠎ᠠ ᠪᠢᠯᠢᠭ ᠤᠨ ᠡᠬᠡᠨᠢᠭᠰᠢᠯ ᠢᠶᠠᠷ ᠠᠯᠳᠠᠨ ᠮᠠᠬᠠᠪᠤᠳ ᠨᠢ   ᠡᠬᠦᠰᠦᠬᠡᠳ ᠬᠦᠮᠦᠨ ᠤ ᠤᠷᠴᠢᠯᠠᠩ  ᠳᠤ ᠰᠢᠬᠦᠷᠯᠡᠨ ᠪᠠᠶᠢᠨ᠎ᠠ ᠤᠤ ᠬᠡᠵᠤ ᠪᠤᠳᠤᠭᠠᠳ ᠪᠠᠶᠢᠬᠤ ᠪᠤᠯᠵᠠᠢ᠃    ᠴᠡᠩᠬᠡᠷ ᠴᠠᠭᠠᠨ ᠡᠬᠦᠯᠡ ᠭᠠᠷ ᠲᠤ ᠪᠠᠷᠢᠭᠳᠠᠮ᠎ᠠ ᠤᠶᠢᠷᠬᠠᠨ ᠢᠷᠡᠬᠡᠳ ᠳᠡᠨᠳᠡ ᠪᠠᠨ ᠬᠦᠳᠡᠯᠦᠰᠢ ᠦᠬᠡᠢ᠂ ᠬᠦᠯᠪᠠᠷᠢᠰᠢ ᠦᠬᠡᠢ ᠳᠤᠭᠳᠠᠭᠤᠨ ᠵᠤᠭᠰᠤᠬᠤ ᠨᠢ ᠭᠤᠶᠤ᠃ ᠪᠢᠳᠡᠨ ᠤ ᠳᠤᠮᠳᠠ ᠵᠠᠢ ᠵᠠᠪᠰᠠᠷ ᠤᠷᠤᠰᠢᠨ ᠪᠠᠶᠢᠯ᠎ᠠ ᠴᠤ ᠲᠡᠷᠡ ᠨᠢ ᠦᠨᠡᠨ ᠪᠤᠰᠤ᠂ ᠵᠦᠬᠡᠷ ᠯᠠ ᠠᠳᠡᠬᠦᠷᠡᠯ᠃ ᠲᠡᠷᠡ ᠪᠠᠷ ᠮᠢᠨᠤ ᠳᠤᠳᠤᠷ᠎ᠠ ᠠᠯᠢ ᠬᠡᠳᠤᠶᠢᠨ ᠪᠠᠭᠤᠴᠠ ᠪᠠᠨ ᠵᠠᠰᠠᠭᠠᠳ ᠰᠦ ᠲᠠᠢ ᠴᠠᠢ ᠶᠢ ᠮᠢᠨᠢ ᠠᠮᠰᠠᠵᠤ ᠪᠠᠶᠢᠨ᠎ᠠ ᠬᠡᠵᠤ ᠪᠡᠯᠬᠡ ᠲᠡᠮᠪᠡᠷᠢᠯ ᠤᠨ ᠮᠠᠨᠢ ᠤᠩᠰᠢᠬᠤᠶ᠎ᠠ ᠡᠮᠦᠨ᠎ᠡ ᠠᠭᠤᠯᠠᠨ ᠳᠤ ᠱᠠᠭᠠᠵᠠᠭᠠᠢ ᠱᠠᠭᠰᠢᠵᠤ᠂ ᠮᠤᠳᠤᠳ ᠨᠤᠭᠤᠭᠠᠷᠠᠬᠤ ᠨᠢ ᠶᠠᠭᠤᠳᠠᠢ ᠢᠷᠠᠭᠤ᠃ ᠲᠡᠬᠦᠨ ᠢ ᠨᠢᠳᠦ ᠰᠠᠯᠭᠠᠯ ᠦᠬᠡᠢ ᠬᠠᠶᠢᠷᠠᠯᠠᠨ ᠰᠢᠷᠳᠡᠵᠤ᠂ ᠬᠠᠨᠢᠰᠤᠨ ᠳᠠᠭᠠᠯᠠᠵᠤ ᠪᠠᠶᠢᠭ᠎ᠠ ᠶᠢ ᠮᠢᠨᠢ ᠭᠱᠠᠠ ᠵᠠᠭᠤᠷ᠎ᠠ ᠠᠮᠢᠨᠴᠢᠯᠠᠨ ᠰᠤᠪᠢᠭᠠᠳ ᠬᠠᠴᠠᠷ ᠳᠡᠬᠡᠷ᠎ᠡ ᠮᠢᠨᠢ ᠫᠤᠭᠬᠢᠨ ᠦᠨᠦᠰᠬᠦ ᠳᠤ ᠪᠢ ᠲᠡᠷᠡᠬᠦᠬᠡᠨ ᠳᠡᠭᠡᠨ ᠨᠢᠯᠬᠠᠷᠠᠵᠤ᠂ ᠪᠤᠶᠢᠳᠤᠭ ᠤᠨ ᠮᠢᠨᠢ ᠬᠤᠩᠬᠤᠨ ᠳᠠᠭᠤᠨ ᠢ ᠬᠤᠷᠸ᠎ᠠ ᠳᠤ ᠬᠠᠳᠠᠭᠠᠯᠠᠭᠰᠠᠨ ᠪᠢᠯᠡᠬᠦᠳᠠᠢ ᠶᠢᠨ ᠰᠢᠯᠢ ᠳᠡᠭᠡᠨ ᠪᠤᠴᠠᠪᠠ᠃ ᠳᠡᠨᠳᠡ ᠠᠴᠠ ᠠᠶᠢᠯ ᠤᠰᠤᠨ  ᠤ ᠮᠢᠨᠢ ᠳᠠᠰᠤᠯᠬᠠᠨ ᠪᠠᠷ᠎ᠠ᠂ ᠠᠯᠢ ᠴᠤ ᠦᠶ᠎ᠡ ᠳᠤ ᠬᠡᠳ ᠨᠢᠬᠡ ᠯᠠ ᠵᠠᠩ ᠢᠶᠠᠷ ᠢᠶᠠᠨ ᠦᠨᠡᠨᠴᠢ ᠦᠬᠡ ᠪᠠᠨ ᠵᠠᠬᠢᠵᠤ ᠂ ᠬᠡᠶᠢᠮᠦᠷᠢ ᠴᠤᠭ ᠢ ᠮᠢᠨᠢ ᠦᠬᠡᠳᠡ ᠳᠠᠳᠠᠳᠠᠭ ᠳᠤᠪᠤ ᠳᠤᠯᠤᠭᠠᠳ ᠮᠢᠨᠢ ᠵᠡᠬᠦᠳᠦᠨ ᠳᠤ ᠢᠷᠡᠳᠡᠭ᠃ ᠦᠬᠡᠯᠠᠢ ᠦᠨᠳᠦᠷ ᠪᠤᠯᠬᠤ ᠳᠤᠰᠤᠮ ᠴᠡᠩᠬᠡᠷ ᠴᠠᠭᠠᠨ ᠡᠬᠦᠯᠡ ᠶᠢ ᠬᠦᠴᠦᠳᠠᠢ ᠰᠠᠨᠠᠵᠤ᠂ ᠵᠠᠪ ᠯᠠ ᠭᠠᠷᠪᠠᠯ ᠤᠳᠠᠭᠠᠨ ᠁ ᠦᠬᠡᠷ ᠲᠡᠷᠬᠡ ᠳᠠᠪᠬᠤᠷ ᠬᠦᠳᠦᠯ ᠤᠨ ᠰᠢᠯᠢ ᠶᠢ ᠦᠭᠰᠦᠬᠦ‍ ᠰᠢᠭ ᠤᠳᠠᠭᠠᠨ ᠬᠠᠷᠠᠳᠠᠭ᠃ ᠴᠡᠩᠬᠡᠷ ᠴᠠᠭᠠᠨ ᠡᠬᠦᠯᠡᠨ  ᠳᠤ ᠳᠠᠭᠤᠰᠤᠰᠢ ᠦᠬᠡᠢ ᠠᠶᠢᠵᠠᠮ ᠬᠡᠮᠨᠡᠯ ᠪᠠ ᠳᠤᠮᠳᠠᠷᠠᠰᠢ ᠦᠬᠡᠢ ᠪᠢᠴᠢᠭ ᠰᠤᠳᠤᠷ ᠤᠨ ᠤᠶᠠᠩᠭ᠎ᠠ ᠨᠢᠭᠤᠭᠳᠠᠨ ᠪᠤᠢ ᠬᠡᠵᠤ ᠢᠳᠡᠬᠡᠬᠦ ᠪᠤᠯᠤᠭᠰᠠᠨ ᠢ ᠮᠢᠨᠢ ᠬᠡᠨ ᠴᠤ ᠡᠪᠳᠡᠵᠤ ᠦᠯᠦ ᠴᠢᠳᠠᠨ᠎ᠠ᠃ ︽ᠬᠦᠮᠦᠨ ᠤ ᠰᠠᠶᠢᠨ ᠮᠠᠭᠤ ᠰᠠᠨᠠᠭ᠎ᠠ  ᠶᠢ ᠴᠠᠩᠬᠡᠷ ᠴᠠᠭᠠᠨ ᠡᠬᠦᠯᠡ ᠰᠢᠷᠪᠢ ᠬᠡᠬᠦ ᠶᠢᠨ ᠬᠤᠭᠤᠷᠤᠨᠳᠤ ᠨᠠᠪᠳᠠ ᠮᠡᠳᠡᠳᠡᠭ᠃ ᠰᠢᠳᠤᠷᠭᠤ ᠰᠢᠯᠤᠭᠤᠨ ᠦᠬᠡᠢ ᠠᠭᠠᠰᠢᠯᠠᠵᠤ᠂ ᠤᠪ ᠵᠢᠪ ᠭᠠᠷᠭᠠᠪᠠᠯ ᠴᠡᠩᠬᠡᠷ ᠴᠠᠭᠠᠨ ᠡᠬᠦᠯᠡ ᠤᠷᠤ ᠳᠤᠤᠷ᠎ᠠ ᠪᠠᠨ ᠭᠤᠮᠤᠳᠠᠳᠠᠭ ᠰᠢᠦ︾ ᠬᠡᠬᠦ ᠡᠩᠨᠡᠰᠢ ᠦᠬᠡᠢ ᠮᠦᠩᠬᠡ ᠶᠢᠨ ᠰᠤᠷᠭᠠᠯ ᠴᠤᠤᠷᠠᠢ ᠳᠠᠳᠠᠨ᠎ᠠ᠃ ᠦᠳᠡ ᠳᠤᠮᠳᠠ ᠶᠢᠨ ᠨᠠᠷᠠᠨ ᠭᠤᠤᠯᠯᠠᠵᠤ᠂ ᠪᠤᠯᠵᠤᠮᠤᠷ ᠤᠨ ᠵᠢᠷᠬᠢᠬᠡ ᠴᠠᠩᠬᠡᠷ ᠴᠠᠭᠠᠨ ᠡᠬᠦᠯᠡᠨ ᠳᠤ ᠳᠤᠯᠵᠤ ᠡᠬᠡᠰᠢᠭᠯᠡᠨ᠎ᠡ᠃ ᠴᠡᠩᠬᠡᠷ ᠴᠠᠭᠠᠨ ᠡᠬᠦᠯᠡ ᠠᠭᠤᠰᠤᠨ ᠠᠯᠠᠭ᠎ᠠ ᠪᠤᠯᠬᠤ ᠰᠢᠭ᠋ ᠳᠦᠷ ᠴᠠᠭ ᠨᠢᠳᠤᠨ ᠠᠴᠠ ᠮᠢᠨᠢ ᠠᠯᠳᠠᠭᠤᠷᠠᠳᠠᠭ ᠴᠤ ᠲᠡᠷᠡ ᠪᠠᠷ ᠬᠤᠯᠠ ᠶᠠᠪᠤᠭ᠎ᠠ ᠦᠬᠡᠢ᠂ ᠨᠤᠳᠤᠭ ᠳᠦᠮᠡᠨ ᠤ ᠮᠢᠨᠢ ᠵᠤᠯᠠᠢ ᠳᠡᠬᠡᠷ᠎ᠡ ᠢᠯᠠᠭᠤᠭᠰᠠᠨ ᠪᠤᠷᠬᠠᠳ ᠤᠨ ᠢᠷᠦᠬᠡᠯ ᠪᠤᠯᠤᠨ ᠴᠤᠭᠴᠠᠯᠠᠬᠤ  ᠪᠠᠷ ᠳᠠᠬᠢᠭᠠᠳ ᠢᠷᠡᠨ᠎ᠡ᠃    ᠠᠶ᠎ᠠ᠂ ᠴᠠᠩᠬᠡᠷ ᠴᠠᠭᠠᠨ ᠡᠬᠦᠯᠡ᠃ ᠦᠨᠢ ᠡᠷᠳᠡᠨ ᠤ ᠬᠠᠰ ᠳᠦᠷᠰᠦᠨ ᠳᠡᠭᠡᠨ ᠡᠷᠬᠢᠨ ᠬᠤᠷᠭᠤᠳᠠᠭᠠᠳ ᠤᠭᠳᠠᠷᠭᠤᠢ ᠪᠠᠷ ᠵᠤᠭᠠᠴᠠᠨ᠎ᠠ᠃ ᠲᠡᠬᠦᠨ ᠢ ᠵᠠᠩᠳᠤᠷᠤᠨ ᠰᠤᠴᠢᠭᠠᠬᠤ ᠬᠦᠮᠦᠨ ᠪᠠᠶᠢᠪᠠᠰᠤ ᠲᠠᠮᠤ ᠳᠤ ᠤᠨᠠᠨ᠎ᠠ᠃ ᠭᠠᠳᠠᠨ᠎ᠠ ᠠᠴᠠ ᠨᠢ ᠬᠠᠷᠠᠬᠤ ᠳᠤ ᠰᠠᠷᠨᠢᠨ ᠵᠠᠳᠠᠷᠠᠭᠠᠳ ᠡᠮᠬᠢ ᠲᠢᠭ ᠦᠬᠡᠢ ᠪᠠᠶᠢᠪᠠᠴᠤ ᠳᠤᠳᠤᠷ᠎ᠠ ᠪᠠᠨ ᠬᠠᠷᠢᠨ ᠦᠪᠡᠷ ᠤᠨ ᠵᠠᠶᠠᠭ᠎ᠠ ᠪᠠᠨ ᠠᠯᠳᠠᠬᠤ ᠦᠬᠡᠢ ᠬᠡᠮᠡᠨ ᠬᠠᠮᠢᠭ᠎ᠠ ᠨᠢᠬᠡᠨ ᠭᠠᠵᠠᠷ ᠳᠠᠬᠢᠨ ᠪᠦᠷᠢᠯᠳᠦᠬᠦ ᠪᠠᠷ ᠠᠯᠤᠰ ᠤᠨ ᠵᠢᠯᠤᠭᠤ ᠡᠪᠬᠡᠨ ᠤᠳᠤᠨ᠎ᠠ᠃  ︽ᠡᠪᠬᠡᠷᠡᠨ ᠬᠤᠷᠠᠵᠤ᠂ ᠡᠪᠯᠡᠨ ᠳᠤᠭᠳᠠᠬᠤ ᠨᠢ ᠰᠢᠳᠢᠳᠦ ᠬᠦᠴᠦᠨ ᠤ ᠨᠠᠪᠴᠢ ᠨᠠᠮᠠᠭ᠎ᠠ ᠪᠦᠯᠦᠬᠡ᠂ ᠪᠢᠳᠡᠬᠡᠢ ᠳᠠᠰᠤᠯ᠃ ᠲᠡᠷᠡ ᠪᠠᠷ ᠢᠯᠡᠳᠳᠡ ᠳᠠᠭᠤ ᠦᠬᠡᠢ ᠪᠠᠶᠢᠬᠤ ᠳᠤᠷᠠᠳᠠᠢ᠃ ᠡᠷᠳᠡᠨᠢᠳᠦ ᠳᠡᠯᠡᠬᠡᠢ ᠪᠠᠨ ᠡᠮᠵᠢᠶᠡᠷᠢᠯᠡᠨ ᠴᠢᠮᠠᠵᠤ᠂ ᠪᠦᠬᠦᠨ ᠤ ᠰᠢᠳᠦᠭᠴᠢ ᠪᠤᠷᠬᠠᠨ ᠪᠠᠭᠰᠢ ᠶᠢᠨ ᠡᠮᠦᠨᠡᠬᠢ ᠠᠳᠢᠰ ᠤᠨ ᠵᠤᠯᠠ ᠮᠠᠳᠦ ᠴᠠᠭᠠᠨ᠎ᠠ ᠪᠠᠨ ᠠᠰᠠᠨ ᠪᠤᠢ᠃ ᠰᠦᠰᠦᠭᠯᠡᠨ ᠬᠦᠨᠳᠦᠯᠡ︾ ᠬᠡᠵᠤ ᠵᠠᠯᠰᠠᠨ ᠰᠦᠮᠪᠤᠷ ᠠᠭᠤᠯᠠ ᠶᠢᠨ ᠳᠡᠨᠳᠡ  ᠠᠴᠠ ᠨᠢᠬᠡᠨ ᠶᠡᠭᠡ ᠬᠡᠷᠡᠯ ᠰᠠᠴᠤᠷᠠᠨ ᠬᠢᠯᠠᠰᠤᠭᠰᠠᠭᠠᠷ ᠰᠤᠳᠠᠰᠤᠨ ᠳᠤᠳᠤᠷ᠎ᠠ ᠮᠢᠨᠢ ᠯᠤᠭᠰᠢᠨ ᠤᠷᠤᠵᠤ᠂ ᠡᠯᠢᠬᠡ ᠵᠢᠷᠦᠬᠡ ᠶᠢ ᠮᠢᠨᠢ ᠲᠠᠮᠢᠷᠵᠢᠭᠤᠯᠤᠨ᠎ᠠ᠃ ᠳᠤᠷᠤᠨ᠎ᠠ ᠶᠢᠨ ᠰᠠᠷᠠ ᠠᠰ ᠳᠡᠬᠡᠷ᠎ᠡ ᠮᠡᠯᠳᠡᠶᠢᠨ᠎ᠡ᠃ ᠳᠤᠨᠤᠷᠠᠳᠠᠯ᠎ᠠ ᠨᠠᠯᠠᠶᠢᠭᠰᠠᠨ ᠴᠡᠩᠬᠡᠷ ᠴᠠᠭᠠᠨ ᠡᠬᠦᠯᠡ ᠮᠦᠩᠬᠦᠨ ᠳᠤᠶᠠᠭᠠᠨ ᠳᠤ ᠨᠢ ᠮᠦᠩᠬᠦᠨ ᠵᠢᠭᠠᠰᠤ ᠮᠡᠳᠦ ᠰᠡᠯᠢᠨ᠎ᠡ᠃ ᠳᠡᠬᠡᠭᠰᠡᠨ ᠢᠶᠠᠨ ᠰᠦᠨᠢ ᠶᠢᠨ ᠠᠮᠠᠷᠠᠯᠳᠠ ᠠᠪᠬᠤ ᠪᠠᠷ ᠲᠡᠭᠷᠢ ᠶᠢᠨ ᠬᠠᠶᠠᠭᠠᠨ ᠤ ᠴᠠᠭᠠᠭᠤᠷ ᠮᠡᠯᠡᠰᠬᠢᠳᠡᠯ᠎ᠡ ᠤᠷᠤᠭᠠᠳ ᠶᠠᠪᠤᠴᠢᠬᠠᠯ᠎ᠠ᠃ ᠠᠮᠢ ᠬᠤᠯᠪᠤᠭ᠎ᠠ ᠲᠠᠢ ᠡᠨᠡ ᠯᠡ ᠲᠠᠭᠰᠢᠨ ᠤᠷᠤᠨ ᠤ ᠢᠶᠠᠨ ᠬᠠᠶᠢᠷ᠎ᠠ ᠳᠡᠬᠡᠷ᠎ᠡ ᠳᠤᠭᠳᠠᠳᠠᠭ ᠠᠮᠤᠭᠤᠯᠠᠩ ᠢ ᠳᠠᠭᠠᠳᠬᠠᠬᠤ ᠪᠠᠷ ᠤᠷᠴᠢᠯᠠᠩ ᠤᠨ ᠦᠳᠡᠰᠢ ᠵᠡᠬᠦᠳᠤᠨ ᠳᠡᠭᠡᠨ ᠬᠠᠷᠢᠯ᠎ᠠ᠂  ᠪᠦᠪᠠᠢ᠂ ᠪᠦᠪᠠᠢ᠃   ᠴᠠᠩᠬᠡᠷ ᠴᠠᠭᠠᠨ ᠡᠬᠦᠯᠡ ᠬᠡᠵᠢᠶ᠎ᠠ ᠴᠤ ᠨᠠᠳᠠ ᠠᠴᠠ ᠬᠤᠯᠠᠳᠠᠬᠤ ᠦᠬᠡᠢ ᠮᠦᠷᠳᠡᠬᠡᠨ ᠪᠠᠰᠠ ᠤᠷᠪᠠᠭ᠋ᠤ ᠦᠬᠡᠢ᠃ ᠡᠬᠡᠯᠢᠳᠦ ᠵᠦᠬᠡᠯᠡᠨ ᠳᠤᠶᠠᠭ᠎ᠠ ᠪᠠᠷ ᠢᠶᠠᠨ ᠬᠦᠮᠦᠨ ᠬᠠᠷ᠎ᠠ ᠲᠡᠷᠢᠬᠦᠳᠡᠨ ᠬᠢᠬᠡᠳ ᠠᠮᠢᠳᠠᠨ ᠭᠤᠤᠯᠳᠠᠨ ᠳᠤ ᠦᠯᠵᠡᠢ ᠬᠤᠳᠤᠭ ᠢ ᠱᠠᠩᠨᠠᠨ ᠠᠯᠠᠭᠴᠢᠯᠠᠯ ᠦᠬᠡᠢ ᠡᠨᠡᠷᠢᠬᠡᠳ ᠤᠬᠠᠭᠠᠨ ᠰᠠᠨᠠᠭᠠᠨ ᠳᠤ ᠮᠢᠨᠢ ᠤᠳᠬ᠎ᠠ ᠲᠠᠢ ᠦᠬᠡᠰ ᠢ ᠰᠢᠪᠠᠨᠠᠨ᠎ᠠ᠃ ᠭᠠᠵᠠᠷ ᠳᠡᠯᠡᠬᠡᠢ ᠳᠡᠭᠡᠨ ᠠᠮᠢ ᠶᠢ ᠤᠯᠤᠭᠰᠠᠨ ᠰᠢᠷᠬᠡᠭ ᠡᠪᠡᠰᠦ ᠶᠢ ᠴᠤ ᠬᠦᠨᠳᠡᠬᠦ ᠦᠬᠡᠢ ᠠᠮᠢᠳᠤᠷᠠᠨ᠎ᠠ ᠬᠡᠵᠤ ᠦᠬᠡᠨ ᠳᠡᠭᠡᠨ ᠰᠠᠭᠤᠭᠰᠠᠭᠠᠷ ᠳᠤᠭᠠᠯᠠᠰᠢ ᠦᠬᠡᠢ ᠤᠷᠳᠤ ᠴᠠᠭ ᠬᠤᠭᠤᠴᠠᠭ᠎ᠠ ᠶᠢ ᠭᠤᠮᠤᠳᠠᠯ ᠦᠬᠡᠢ ᠨᠤᠮᠤᠬᠠᠨ ᠳᠠᠷᠤᠤ  ᠳᠤᠭᠤᠯᠵᠠᠢ᠃ ᠦᠯᠦᠰᠬᠦ ᠶᠢᠨ ᠬᠦᠨᠳᠦᠷᠡᠯ᠂ ᠦᠨᠦᠴᠢᠷᠡᠬᠦ ᠶᠢᠨ ᠵᠤᠪᠠᠯᠠᠩ ᠶᠢ ᠡᠬᠡᠬᠡ ᠠᠳᠠᠯᠢᠬᠠᠨ ᠠᠮᠰᠠᠭᠠᠳ ᠡᠨᠡ ᠶᠢᠷᠳᠢᠨᠴᠤ ᠶᠢᠨ ᠡᠷᠬᠢᠭᠴᠢ ᠬᠦᠷᠳᠦᠨ ᠳᠡᠬᠡᠷ᠎ᠡ ᠦᠪᠡᠷ ᠤᠨ ᠳᠠᠩᠭᠠᠷᠢᠭ ᠢᠶᠠᠨ ᠪᠦᠳᠦᠬᠡᠵᠠᠢ᠃ ᠲᠡᠷᠡ ᠪᠠᠷ ᠠᠷᠠᠳ ᠤᠨ ᠳᠠᠭᠤᠨ ᠤ ᠬᠦᠭ ᠠᠶᠠᠯᠭᠤᠨ ᠳᠤ ᠳᠡᠰᠬᠡᠯ ᠦᠬᠡᠢ ᠦᠮᠦᠷᠡᠬᠦ ᠳᠡᠭᠡᠨ ᠡᠷᠳᠡᠨᠢ ᠶᠢᠨ ᠨᠢᠯᠪᠤᠰᠤ ᠤᠨᠠᠭᠠᠵᠤ᠂ ᠰᠡᠳᠬᠢᠯ ᠤᠨ ᠡᠷᠬᠡ ᠪᠠᠷ ᠰᠢᠪᠠᠷᠠᠵᠤ᠂ ᠵᠦᠰᠡᠷᠡᠵᠤ᠂ ᠱᠠᠬᠢᠵᠤ᠂ ᠰᠡᠩᠰᠡᠷᠡᠳᠡᠭ᠃ ᠬᠤᠳᠠᠯᠠ ᠪᠤᠶᠠᠨ ᠴᠤᠭᠯᠠᠭᠰᠠᠨ ᠤᠨᠤᠨ ᠮᠦᠷᠡᠨ ᠤ ᠤᠷᠤᠰᠬᠠᠯ ᠳᠤ ᠵᠢᠰᠦ ᠪᠠᠨ ᠳᠤᠯᠢᠳᠠᠭᠰᠠᠨ ᠲᠡᠬᠦᠨ ᠤ ᠪᠠᠶ᠎ᠠ ᠠᠴᠠ ᠠᠷᠴᠠ ᠽᠠᠨᠳᠠᠨ  ᠤ ᠦᠨᠦᠷ ᠰᠡᠩᠬᠢᠨᠡᠵᠤ᠂ ᠠᠪᠤᠷᠠᠯ ᠢ ᠠᠶᠢᠯᠠᠳᠤᠭᠴᠢ ᠲᠡᠷᠡ ᠮᠢᠨᠢ ᠤᠯᠠᠮ ᠴᠤ ᠦᠩᠬᠡᠯᠢᠭ ᠪᠤᠯᠪᠠᠷᠠᠢ᠂ ᠡᠩᠬᠦᠷᠠᠢ ᠳᠦᠪᠰᠢᠨ᠂ ᠡᠶᠠᠯᠰᠡᠭ ᠨᠠᠮᠤᠭᠤᠬᠠᠨ ᠪᠤᠯᠤᠭᠠᠳ ᠮᠢᠩᠭ᠎ᠠ ᠮᠢᠩᠭᠠᠨ ᠵᠢᠯ ᠤᠨ ᠳᠡᠷᠳᠡᠭᠡ ᠬᠤᠯᠠ ᠶᠢ ᠳᠤᠷᠠᠨᠳᠠᠨ᠎ᠠ᠃ ᠬᠡᠷ ᠢᠶᠠᠨ ᠰᠠᠨᠠᠵᠤ ᠳ᠋ᠠ᠂  ᠬᠦᠬᠡᠷᠦᠬᠦᠢ᠃    ᠡᠷᠳᠡ ᠤᠷᠢᠳᠦ ᠶᠢᠨ ᠴᠠᠭ ᠲᠤ ᠬᠡᠨ᠎ᠡ ᠡ ᠁ ᠬᠡᠵᠤ ᠲᠡᠷᠡ ᠪᠢᠳᠡ ᠬᠤᠶᠠᠷ ᠬᠦᠯ ᠦᠢᠮᠡᠬᠡᠨ ᠠᠴᠠ ᠵᠠᠶᠢᠳᠠᠨ ᠴᠠᠭᠠᠨ ᠤᠪᠤᠭᠠᠨ ᠤ ᠨᠦᠮᠦᠷᠢ ᠳᠤ ᠪᠠᠶᠠᠷ ᠭᠤᠨᠢᠭ ᠢᠶᠠᠨ᠂ ᠪᠠᠭᠳᠠᠷᠠᠵᠤ ᠴᠦᠬᠦᠭᠰᠡᠨ ᠬᠠᠷᠠᠰᠠᠯ ᠭᠤᠮᠤᠳᠠᠯ  ᠢᠶᠠᠨ᠂ ᠠᠰᠬᠠᠳᠤ ᠶᠢᠨ ᠪᠤᠷᠵᠢᠨ ᠴᠢᠯᠠᠭᠤ ᠬᠢᠬᠡᠳ ᠠᠩᠬᠢᠷ ᠵᠢᠭᠠᠬᠠᠨ ᠰᠢᠪᠠᠭᠤᠳ ᠢᠶᠠᠨ ᠁ ᠪᠦᠬᠦᠳᠡ ᠶᠢ ᠬᠦᠨᠡᠶᠢᠷᠬᠡᠯ ᠦᠬᠡᠢ ᠪᠠᠷ ᠭᠤᠤᠯ ᠵᠢᠷᠦᠬᠡᠨ ᠠᠴᠠ ᠪᠠᠨ ᠵᠤᠭᠤᠭ ᠪᠠᠷᠢᠭᠠᠳ ᠪᠠᠶ᠎ᠠ ᠪᠠᠶ᠎ᠠ ᠪᠠᠨ ᠨᠠᠯᠠᠯ᠎ᠠ᠃ ᠳᠡᠬᠡᠯ᠎ᠡ ᠴᠤ ᠳᠤᠳᠤᠷ ᠦᠯᠦ ᠬᠦᠩᠬᠡᠷᠡᠨᠡᠮ᠃ ᠲᠡᠶᠢᠮᠦ ᠡ᠂ ᠳᠡᠬᠡᠳᠦ ᠴᠠᠭ ᠲᠤ ᠴᠡᠩᠬᠡᠷ ᠴᠠᠭᠠᠨ ᠡᠬᠦᠯᠡ ᠤᠳᠤ ᠠᠴᠠ ᠬᠤᠯᠠ ᠢᠯᠡᠬᠦᠦ ᠳᠤᠩᠭᠠᠯᠠᠭ ᠲᠠᠶᠢᠪᠤᠩ ᠪᠦᠬᠡᠳ ᠳᠤᠨᠤᠮᠠᠯ ᠳᠤᠯᠢ ᠰᠢᠭ᠋ ᠪᠤᠯᠤᠷᠬᠠᠨ ᠪᠠᠶᠢᠭᠰᠠᠨ ᠶᠤᠮ᠃ ᠬᠠᠷᠠᠭ᠎ᠠ ᠮᠤᠬᠤᠭᠠᠭᠰᠠᠨ ᠴᠡᠴᠡᠬᠡᠰ ᠤᠨ ᠳᠠᠯᠠᠢ ᠪᠠᠨ ᠪᠠᠭ᠋ᠠᠳᠤᠵᠤ᠂ ᠠᠭᠤᠵᠢᠭᠤ ᠠᠮᠢᠰᠬᠤᠭ᠎ᠠ ᠠᠪᠳᠠᠭ ᠰᠠᠨ ᠬᠡᠵᠤ ᠲᠡᠷᠡ ᠪᠠᠷ ᠤᠷᠳᠤᠬᠠᠨ ᠰᠠᠨᠠᠭ᠎ᠠ ᠠᠯᠳᠠᠭᠠᠳ ᠳᠦᠷᠪᠡᠨ ᠴᠠᠭ ᠤᠨ ᠨᠡᠬᠦᠳᠡᠯ ᠢᠶᠠᠨ ᠦᠬᠡᠶᠢᠯᠡᠵᠤ ︽ᠳᠦᠵᠢᠷᠡᠭᠰᠡᠨ ᠱᠤᠤᠬᠢᠶᠠᠨ ᠶᠢᠷᠳᠢᠨᠴᠤ ᠶᠢ ᠳᠦᠬᠦᠷᠬᠡᠵᠤ᠂ ᠠᠰᠢᠭᠳᠤ ᠪᠤᠯᠠᠭᠳᠠᠮᠠᠯ ᠬᠠᠶᠢᠨ᠎ᠡ ᠬᠡᠵᠤ ᠨᠠᠮᠤᠷ ᠰᠡᠬᠦᠯᠴᠢ ᠶᠢᠨ ᠡᠷᠬᠢᠬᠦᠳᠡᠭᠰᠡᠨ ᠴᠠᠷᠴᠠᠬᠠᠢ ᠮᠡᠳᠦ ᠴᠠᠷᠬᠢᠬᠤ ᠨᠢ ᠡ ᠁︾ ᠬᠡᠵᠤ ᠳᠤᠷ᠎ᠠ ᠪᠤᠯᠬᠢᠨ ᠦᠬᠦᠯᠡᠬᠡᠳ ᠶᠠᠳᠠᠷᠠᠪᠠ ᠪᠤᠯᠤᠯᠳᠠᠢ᠂ ᠴᠠᠰᠢ ᠳᠤᠤᠭᠠᠷᠤᠭᠰᠠᠨ ᠦᠬᠡᠢ᠃ ᠤᠳᠠᠵᠤ ᠤᠳᠠᠭᠠᠳ ᠬᠡᠨᠡᠳᠳᠡ ᠨᠢᠳᠦ ᠪᠠᠷ ᠢᠶᠠᠨ ᠳᠦᠬᠦᠷᠡᠩ ᠨᠢᠯᠪᠤᠰᠤ  ᠮᠡᠯᠳᠡᠬᠡᠨᠡᠬᠦᠯᠦᠭᠰᠡᠬᠡᠷ ︽ᠮᠤᠩᠭᠤᠯᠴᠤᠳ ᠵᠢᠯ ᠵᠢᠯ ᠵᠤᠰᠠᠯᠠᠩ ᠳᠠᠭᠠᠨ ᠭᠠᠷᠴᠤ᠂ ᠠᠶᠢᠯ ᠡᠷᠦᠬᠡ ᠪᠦᠷᠢ ᠴᠡᠭᠡ ᠨᠠᠷᠠᠵᠤ ᠪᠠᠶᠢᠪᠠᠯ ᠶᠠᠮᠠᠷ ᠰᠠᠶᠢᠬᠠᠨ ᠪᠤᠢ︖  ᠮᠤᠷᠢᠨ ᠬᠤᠭᠤᠷ ᠲᠠᠢ ᠪᠠᠨ ᠴᠤᠭ ᠤᠴᠢᠭᠠᠳ ᠬᠦᠬᠡᠮᠡᠢ ᠰᠤᠨᠤᠰᠴᠤ ᠰᠠᠭᠤᠬᠤ ᠰᠠᠨ ᠁︾ ᠬᠡᠵᠤ ᠶᠠᠷᠢᠬᠤ ᠳᠤ ᠨᠢ ᠵᠢᠷᠦᠬᠡᠨ ᠤ ᠮᠢᠨᠢ ᠤᠭ ᠲᠤ ᠶᠤᠭᠬᠢᠨ ᠬᠠᠳᠬᠤᠯᠠᠪᠠ ᠡ᠃                                      ᠬᠠᠶ᠋ᠢᠭ᠄ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ              ᠪᠠᠶᠠᠩᠭᠤᠤᠯ    ᠪᠥᠷᠢᠨ    ᠪᠠᠭ᠎ᠠ ᠰᠤᠷᠭᠠᠭᠤᠯᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号